| | ᠮᠡᠳᠡᠬᠦ ᠴᠢᠬᠤᠯᠠᠲᠠᠢ ᠵᠦᠢᠯ᠄ | 1᠂ ᠪᠷᠦ᠋ᠰ ᠪᠠᠺᠲ᠋ᠧᠷᠢ ᠨᠢ ᠡᠪᠡᠳᠴᠢᠲᠠᠢ ᠪᠤᠶᠤ ᠬᠠᠯᠳᠠᠪᠤᠷᠢᠯᠠᠭᠳᠠᠭᠰᠠᠨ ᠮᠠᠯ ᠤᠨ ᠪᠤᠬᠢᠷᠲᠤᠭᠰᠠᠨ ᠮᠢᠬ᠎ᠠ᠂ ᠰᠦ | ᠵᠡᠷᠭᠡ ᠪᠠᠷ ᠬᠦᠮᠥᠰ ᠤᠨ ᠢᠳᠡᠰᠢᠨ ᠵᠠᠮ᠂ ᠠᠮᠢᠰᠬᠤᠯ ᠤᠨ ᠵᠠᠮ ᠪᠠ ᠰᠠᠯᠢᠰᠤᠲᠤ ᠪᠦᠷᠬᠦᠭᠦᠯ᠂ ᠨᠡᠩ ᠴᠢᠨᠠᠭᠰᠢᠯᠠᠪᠠᠯ | ᠡᠷᠡᠭᠦᠯ ᠠᠷᠠᠰᠤ ᠪᠠᠷ ᠬᠠᠯᠳᠠᠪᠤᠷᠢᠯᠠᠳᠠᠭ᠃ | 2᠂ ᠬᠠᠯᠳᠠᠪᠤᠷᠢᠯᠠᠭᠳᠠᠭᠰᠠᠨ ᠡᠬᠡ ᠮᠠᠯ ᠬᠡᠬᠡᠯ ᠬᠠᠶᠠᠳᠠᠭ᠃ ᠬᠡᠷᠪᠡ ᠡᠪᠡᠳᠴᠢᠨ ᠨᠢ ᠶᠡᠭᠡ ᠬᠦᠨᠳᠦᠷᠡᠭᠰᠡᠨ ᠦᠭᠡᠢ | ᠪᠤᠯ ᠪᠤᠰᠤᠳ ᠡᠪᠡᠳᠴᠢᠨ ᠤ ᠰᠢᠨᠵᠢ ᠢᠯᠡᠷᠡᠳᠡᠭ ᠦᠭᠡᠢ᠃ ᠬᠡᠬᠡᠯ ᠬᠠᠶᠠᠬᠤ ᠨᠢ ᠪᠤᠰᠤᠳ ᠤᠯᠠᠨ ᠵᠦᠢᠯ ᠤᠨ | ᠰᠢᠯᠳᠠᠭᠠᠨ ᠠᠴᠠ ᠪᠠᠰᠠ ᠪᠠᠶᠢᠵᠤ ᠪᠤᠯᠬᠤ ᠪᠤᠯᠳᠠᠭ ᠠᠴᠠ ᠮᠠᠯᠴᠢᠳ ᠲᠤ ᠰᠢᠭᠤᠳ ᠲᠠᠨᠢᠭᠳᠠᠵᠤ ᠮᠡᠳᠡᠷᠡᠭᠳᠡᠳᠡᠭ | ᠦᠭᠡᠢ ᠠᠴᠠ ᠨᠡᠩ ᠶᠡᠭᠡ ᠰᠡᠷᠡᠮᠵᠢ ᠶᠢᠨ ᠲᠤᠬᠢᠶ᠎ᠡ ᠭᠠᠷᠭᠠᠳᠠᠭ ᠨᠢ ᠴᠦᠬᠡᠨ᠃ | 3᠂ ᠪᠷᠦ᠋ᠰ ᠡᠪᠡᠳᠴᠢᠨ ᠳᠤ ᠬᠠᠯᠳᠠᠪᠤᠷᠢᠯᠠᠭᠳᠠᠭᠰᠠ ᠡᠬᠡ ᠮᠠᠯ ᠳᠤ ᠠᠪᠴᠤ ᠦᠵᠡᠪᠡᠯ ᠶᠡᠷᠦᠳᠡᠭᠡᠨ ᠡᠬᠢᠨ ᠤ ᠲᠦᠯ | ᠢᠶᠠᠨ ᠬᠠᠶᠠᠭᠰᠠᠨ ᠤ ᠲᠠᠷᠠᠭ᠎ᠠ ᠪᠤᠶᠤ ᠵᠠᠯᠭᠠᠨ ᠬᠤᠶᠠᠷ ᠤᠳᠠᠭ᠎ᠠ ᠲᠦᠯ ᠬᠠᠶᠠᠪᠠᠯ᠂ ᠵᠠᠯᠭᠠᠨ ᠬᠡᠬᠡᠯᠲᠤᠵᠤ ᠶᠡᠷᠦᠳᠡᠭᠡᠨ | ᠨᠢᠭᠤᠭᠳᠠᠮᠠᠯ ᠬᠠᠯᠳᠠᠪᠤᠷᠢᠯᠠᠯ ᠲᠠᠢ ︽ᠬᠡᠪ ᠤᠨ ᠲᠦᠯ︾ ᠭᠠᠷᠭᠠᠵᠤ᠂ ᠮᠠᠯᠴᠢᠳ ᠤᠨ ᠨᠢᠳᠦᠨ ᠳᠤ ᠡᠬᠡ ᠪᠠ ᠲᠦᠯ | ᠨᠢ ᠴᠦᠮ ᠡᠷᠡᠭᠦᠯ ᠮᠠᠯ ᠪᠤᠯᠵᠤ ᠠᠷᠠᠴᠢᠯᠠᠭᠳᠠᠳᠠᠭ ᠪᠠᠶᠢᠨ᠎ᠠ᠃ ᠭᠡᠪᠡᠴᠦ ᠡᠶᠢᠮᠦᠷᠬᠦ ᠮᠠᠯ ᠤᠨ ᠪᠡᠶ᠎ᠡ ᠠᠴᠠ ᠪᠷᠦ᠋ᠰ | ᠪᠠᠺᠲ᠋ᠧᠷᠢ ᠦᠷᠡᠵᠢᠨ ᠭᠠᠳᠠᠭᠰᠢᠯᠠᠳᠠᠭ ᠠᠴᠠ ᠬᠠᠮᠤᠭ ᠠᠶᠤᠯ ᠲᠠᠢ ᠡᠪᠡᠳᠴᠢᠨ ᠲᠠᠷᠬᠠᠭᠠᠭᠴᠢ ᠪᠤᠯᠵᠤ᠂ ᠮᠠᠯᠴᠢᠳ | ᠤᠨ ᠲᠤᠰ ᠡᠪᠡᠳᠴᠢᠨ ᠳᠤ ᠨᠡᠷᠪᠡᠭᠳᠡᠬᠦ ᠬᠠᠮᠤᠭ ᠠᠶᠤᠯᠲᠠᠢ ᠬᠠᠯᠳᠠᠪᠤᠷᠢ ᠶᠢᠨ ᠡᠬᠢ ᠪᠤᠯᠳᠠᠭ᠃ ᠢᠯᠠᠩᠭᠤᠶ᠎ᠠ ᠡᠶᠢᠮᠦᠷᠬᠦ | ᠨᠤᠶᠢᠲᠠᠨ ᠲᠦᠯ ᠲᠠᠢ ᠰᠢᠭᠤᠳ ᠬᠦᠷᠥᠯᠴᠡᠭᠰᠡᠳ ᠬᠠᠯᠳᠠᠪᠤᠷᠢᠯᠠᠬᠤ ᠠᠶᠤᠯ ᠮᠠᠰᠢ ᠶᠡᠭᠡ ᠪᠠᠶᠢᠳᠠᠭ᠃ | 4᠂ ᠬᠠᠶᠠᠭᠳᠠᠭᠰᠠᠨ ᠬᠡᠬᠡᠯ ᠢ ᠬᠡᠭᠡᠷ᠎ᠡ ᠤᠷᠬᠢᠳᠠᠭ ᠨᠢ ᠤᠷᠴᠢᠨ ᠲᠤᠭᠤᠷᠢᠨ ᠪᠤᠬᠢᠷᠲᠤᠯ ᠢ ᠶᠡᠬᠡᠰᠭᠡᠵᠤ᠂ ᠡᠷᠡᠭᠦᠯ ᠮᠠᠯ | ᠳᠤ ᠵᠠᠯᠭᠠᠨ ᠬᠠᠯᠳᠠᠪᠤᠷᠢᠯᠠᠯ ᠡᠭᠦᠰᠭᠡᠬᠦ ᠵᠠᠪᠰᠢᠶᠠᠨ ᠬᠠᠩᠭᠠᠳᠠᠭ᠃ | 5᠂ ᠤᠳᠤᠬᠠᠨ ᠮᠠᠯᠵᠢᠬᠤ ᠤᠷᠤᠨ ᠳᠤ ᠡᠭᠦᠯᠳᠡᠷ ᠰᠠᠶᠢᠵᠢᠷᠠᠭᠤᠯᠬᠤ᠂ ᠠᠷᠠᠯᠵᠢᠶ᠎ᠠ ᠡᠷᠬᠢᠯᠡᠬᠦ ᠵᠡᠷᠭᠡ ᠤᠯᠠᠨ ᠵᠦᠢᠯ | ᠤᠨ ᠰᠢᠯᠳᠠᠭᠠᠨ ᠠᠴᠠ ᠭᠠᠵᠠᠷ ᠤᠷᠤᠨ ᠠᠯᠤᠰᠯᠠᠭᠰᠠᠨ ᠮᠠᠯ ᠤᠨᠤᠭ᠎ᠠ ᠤᠷᠤᠭᠤᠯᠵᠤ ᠭᠠᠷᠭᠠᠬᠤ ᠠᠷᠠᠯᠵᠢᠶᠠᠨ ᠤ | ᠶᠠᠪᠤᠳᠠᠯ ᠮᠠᠰᠢ ᠦᠷᠭᠡᠨ ᠪᠤᠯᠵᠤ ᠪᠤᠢ᠃ ᠭᠡᠪᠡᠴᠤ ᠠᠩᠬᠠᠷᠠᠬᠤ ᠨᠢ ᠦᠨᠳᠦᠰᠦᠨ ᠱᠠᠲᠤᠨ ᠳᠤ ᠨᠠᠷᠢᠨ ᠬᠢᠨᠠᠮᠠᠭᠠᠢ | ᠬᠢᠵᠢᠭ ᠤᠨ ᠪᠠᠶᠢᠴᠠᠭᠠᠯᠲᠠ ᠲᠤᠲᠠᠭᠳᠠᠳᠠᠭ ᠲᠤᠰ ᠡᠪᠡᠳᠴᠢᠨ ᠢ ᠡᠷᠡᠭᠦᠯ ᠰᠦᠷᠦᠭ ᠲᠡᠭᠡᠨ ︽ᠵᠠᠯᠠᠨ︾ ᠠᠪᠴᠢᠷᠠᠳᠠᠭ | ᠪᠤᠯᠤᠮᠵᠢ ᠪᠤᠢ᠃ | 6᠂ ᠮᠠᠯᠴᠢᠳ ᠮᠠᠯ ᠳᠠᠭᠠᠨ ᠬᠠᠶᠢᠷᠠᠲᠠᠢ᠂ ᠨᠢᠯᠬ᠎ᠠ ᠲᠦᠯ ᠤᠨ ᠠᠷᠠᠴᠢᠯᠠᠭ᠎ᠠ ᠶᠢ ᠮᠠᠰᠢ ᠠᠩᠬᠠᠷᠤᠨ ᠬᠢᠳᠡᠭ᠂ ᠡᠶᠢᠮᠦ | ᠠᠴᠠ ᠵᠠᠷᠢᠮ ᠦᠶ᠎ᠡ ᠳᠤ ᠪᠡᠷᠬᠡ ᠲᠦᠯᠯᠡᠯᠲᠡ᠂ ᠬᠡᠪᠲᠡᠷᠢ ᠰᠢᠯᠵᠢᠬᠦᠯᠬᠦ ᠪᠤᠶᠤ ᠲᠤᠯᠠᠭᠠᠯᠠᠬᠤ ᠵᠡᠷᠭᠡ ᠱᠠᠭᠠᠷᠳᠠᠯᠭ᠎ᠠ | ᠠᠴᠠ ᠪᠤᠯᠵᠤ᠂ ᠬᠠᠳᠠᠭ᠎ᠠ ᠦᠭᠡᠢ ᠨᠤᠶᠢᠲᠠᠨ ᠲᠦᠯ ᠲᠠᠢ ᠬᠦᠷᠦᠯᠴᠡᠬᠦ ᠲᠤᠬᠢᠶᠠᠯ ᠤᠯᠠᠨ ᠪᠠᠶᠢᠳᠠᠭ᠃ ᠬᠡᠷᠪᠡ | ᠡᠶᠢᠮᠦᠷᠬᠦ ᠬᠦᠷᠦᠯᠴᠡᠬᠦ ᠴᠢᠬᠤᠯᠠ ᠲᠠᠢ ᠪᠤᠯᠤᠭᠰᠠᠨ ᠨᠤᠶᠢᠲᠠᠨ ᠲᠦᠯ ᠳᠤ ᠲᠡᠭᠡᠷᠡᠬᠢ ᠶᠠᠷᠢᠭᠰᠠᠨ ᠰᠢᠭ᠋ ᠲᠠᠯᠲᠠ | ᠬᠠᠯᠳᠠᠪᠤᠷᠢᠯᠠᠯ ᠪᠠᠶᠢᠪᠠᠯ᠂ ᠡᠵᠡᠨ ᠨᠢ ᠲᠡᠭᠦᠨ ᠠᠴᠠ ᠪᠤᠯᠵᠤ ᠬᠠᠯᠳᠠᠪᠤᠷᠢᠯᠠᠯ ᠬᠦᠷᠬᠦ ᠪᠤᠯᠤᠮᠵᠢ ᠲᠠᠢ ᠪᠤᠯᠳᠠᠭ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |