| | — ᠮᠠᠯ ᠤᠨ ᠨᠠᠰᠤ ᠂ ᠨᠠᠰᠤᠵᠢᠯᠲᠠ | — ᠰᠢᠷᠦᠭᠦᠨ ᠪᠣᠷᠤᠭ᠎ᠠ ᠂ ᠴᠣᠴᠢᠷ ᠬᠦᠢᠲᠡᠨ ᠂ ᠬᠡᠲᠦ ᠬᠠᠯᠠᠭᠤᠨ ᠨᠠᠷᠠ ᠵᠡᠷᠭᠡ ᠳᠤ ᠨᠡᠷᠪᠡᠭᠳᠡᠭᠰᠡᠨ ᠮᠠᠯ ᠂ ᠠᠮᠢᠲᠠᠨ ᠤ | ᠡᠪᠡᠳᠴᠢᠨ ᠳᠤ ᠲᠡᠰᠪᠦᠷᠢᠯᠡᠬᠦ ᠲᠥᠷᠥᠯᠬᠢ ᠶᠢᠨ ᠲᠡᠰᠪᠦᠷᠢᠲᠦ ᠴᠢᠨᠠᠷ ᠢ ᠪᠠᠭᠤᠷᠠᠭᠤᠯᠬᠤ ᠴᠠᠭ ᠠᠭᠠᠷ ᠤᠨ ᠨᠥᠬᠦᠴᠡᠯ ᠂ | — ᠤᠰᠤ ᠂ ᠠᠭᠠᠷ ᠤᠨ ᠪᠣᠬᠢᠷᠲᠤᠯ ᠂ | — ᠬᠥᠭᠡᠴᠦᠷᠡᠭᠰᠡᠨ ᠡᠪᠡᠰᠦ ᠵᠡᠷᠭᠡ ᠴᠢᠨᠠᠷ ᠦᠭᠡᠢ ᠲᠡᠵᠢᠭᠡᠯ ᠪᠣᠯᠣᠨ ᠭᠡᠳᠡᠰᠦ ᠬᠡᠢ ᠪᠠᠷ ᠳᠦᠭᠦᠷᠭᠡᠳᠡᠭ ᠨᠣᠭᠤᠭᠠᠨ | ᠲᠡᠵᠢᠭᠡᠯ ᠢᠳᠡᠬᠦ ᠂ | — ᠠᠵᠢᠯ ᠤᠨ ᠬᠡᠲᠦ ᠠᠴᠢᠶᠠᠯᠠᠯ ᠂ | — ᠡᠴᠢᠭᠡ ᠡᠬᠡ ᠠᠴᠠ ᠤᠳᠤᠮᠰᠢᠭᠰᠠᠨ ᠡᠪᠡᠳᠴᠢᠨ ᠂ | — ᠶᠠᠮᠠᠷ ᠨᠢᠭᠡ ᠰᠠᠭᠤᠷᠢ ᠡᠪᠡᠳᠴᠢᠲᠡᠶ ᠪᠠᠶᠢᠬᠤ ᠃ | ᠡᠪᠡᠳᠴᠢᠨ ᠤ ᠰᠢᠨᠵᠢ ᠲᠡᠮᠳᠡᠭ ᠃ | ᠡᠪᠡᠳᠴᠢᠨ ᠡᠭᠦᠰᠬᠡᠭᠴᠢ ᠪᠡᠶ᠎ᠡ ᠳᠤ ᠣᠷᠣᠭᠰᠠᠨ ᠠᠴᠠ ᠬᠤᠶᠢᠰᠢ ᠲᠣᠳᠣᠷᠬᠠᠢ ᠦᠶ᠎ᠡ ᠥᠩᠭᠡᠷᠡᠳᠡᠭ ᠪᠥᠭᠡᠳ ᠡᠨᠡ | ᠦᠶ᠎ᠡ ᠳᠤ ᠮᠠᠯ ᠤᠨ ᠪᠡᠶ᠎ᠡ ᠳᠤ ᠡᠪᠡᠳᠴᠢᠨ ᠤ ᠶᠠᠮᠠᠷ ᠨᠢᠭᠡᠨ ᠰᠢᠨᠵᠢ ᠲᠡᠮᠳᠡᠭ ᠢᠯᠡᠷᠡᠳᠡᠭ ᠦᠭᠡᠢ ᠂ ᠬᠡᠪ ᠤᠨ ᠪᠠᠶᠢᠳᠠᠭ ᠃ | | ᠡᠨᠡ ᠦᠶ᠎ᠡ ᠶᠢ ᠨᠢᠭᠤᠴᠠ ᠭᠡᠬᠦ ᠪᠠ ᠲᠤᠬᠠᠢ ᠶᠢᠨ ᠡᠪᠡᠳᠴᠢᠨ ᠤ ᠣᠨᠴᠠᠯᠢᠭ ᠠᠴᠠ ᠬᠠᠮᠢᠶᠠᠷᠤᠨ ᠶᠠᠩᠵᠤ ᠪᠦᠷᠢ ᠶᠢᠨ | ᠬᠤᠭᠤᠴᠠᠭ᠎ᠠ ᠪᠠᠷ ᠦᠷᠭᠦᠯᠵᠢᠯᠡᠨ᠎ᠡ ᠃ | ᠨᠢᠭᠤᠴᠠ ᠦᠶ᠎ᠡ ᠳᠤ ᠮᠠᠯ ᠤᠨ ᠪᠡᠶ᠎ᠡ ᠳᠤ ᠡᠮᠭᠡᠭ ᠲᠥᠷᠦᠭᠦᠯᠦᠭᠴᠢ ᠪᠢᠴᠢᠯ ᠪᠡᠶᠡᠲᠡᠨ ᠥᠭᠡᠷᠡᠴᠢᠯᠡᠯᠲᠡ ᠣᠷᠣᠭᠤᠯᠵᠤ ᠂ | ᠮᠠᠯ ᠤᠨ ᠵᠠᠩ ᠠᠷᠠᠨᠰᠢᠨ ᠂ ᠪᠠᠶᠢᠳᠠᠯ ᠬᠡᠪ ᠤᠨ ᠪᠤᠰᠤ ᠪᠣᠯᠬᠤ ᠬᠦᠷᠲᠡᠯ᠎ᠡ ᠠᠵᠢᠭᠯᠠᠭᠳᠠᠬᠤ ᠦᠭᠡᠢ ᠃ | ᠥᠪᠡᠷ ᠤᠨ ᠮᠠᠯ ᠤᠨ ᠵᠠᠩ ᠠᠷᠠᠨᠰᠢᠨ ᠢ ᠰᠠᠶᠢᠲᠤᠷ ᠮᠡᠳᠡᠳᠡᠭ ᠲᠤᠷᠰᠢᠯᠭ᠎ᠠ ᠲᠠᠢ ᠮᠠᠯᠴᠢᠨ ᠬᠡᠷᠪᠡ ᠮᠠᠯ ᠳᠤ ᠪᠠᠨ | ᠬᠡᠪ ᠤᠨ ᠪᠤᠰᠤ ᠪᠠᠶᠢᠳᠠᠯ ᠢᠯᠡᠷᠡᠪᠡᠯ ᠶᠠᠮᠠᠷ ᠨᠢᠭᠡᠨ ᠶᠠᠭᠤᠮ᠎ᠠ ᠪᠣᠯᠬᠤ ᠦᠭᠡᠢ ᠪᠣᠯᠣᠯ᠎ᠠ ᠭᠡᠳᠡᠭ ᠢ ᠰᠡᠵᠢᠭᠯᠡᠵᠦ | ᠡᠬᠢᠯᠡᠳᠡᠭ ᠃ | ᠬᠡᠪ ᠤᠨ ᠪᠤᠰᠤ ᠪᠠᠶᠢᠳᠠᠯ ᠢ ᠡᠪᠡᠳᠴᠢᠨ ᠤ ᠡᠪᠡᠳᠴᠢᠯᠡᠯ ᠤᠨ ᠰᠢᠨᠵᠢ ᠲᠡᠮᠳᠡᠭ ᠪᠤᠶᠤ ᠨᠥᠬᠦᠴᠡᠯ ᠭᠡᠵᠦ ᠦᠵᠡᠬᠦ | ᠪᠥᠭᠡᠳ ᠡᠨᠡ ᠨᠢ ᠡᠪᠡᠳᠴᠢᠲᠡᠶ ᠮᠠᠯ ᠳᠤ ᠢᠯᠡᠷᠡᠵᠦ ᠪᠤᠢ ᠦᠢᠯᠡ ᠠᠵᠢᠯᠯᠠᠭ᠎ᠠ ᠂ ᠪᠦᠲᠦᠴᠡ ᠶᠢᠨ ᠥᠭᠡᠷᠡᠴᠢᠯᠡᠯᠲᠡ ᠂ | ᠡᠮᠭᠡᠭ ᠪᠠᠶᠢᠳᠠᠯ ᠶᠤᠮ ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |