ᠣᠨᠴᠠ ᠠᠶᠤᠯᠲᠠᠢ ᠡᠪᠡᠳᠴᠢᠨ ᠪᠣᠭᠤᠮ᠎ᠠ 
ᠨᠡᠶᠢᠲᠡᠯᠡᠭᠰᠡᠨ ᠴᠠᠭ᠄
2021/11/25
ᠣᠨᠴᠠ ᠠᠶᠤᠯᠲᠠᠢ ᠬᠠᠯᠳᠠᠪᠤᠷᠢᠲᠤ ᠡᠪᠡᠳᠴᠢᠨ ᠶᠤᠮ ᠃ ᠪᠦᠬᠦ ᠲᠥᠷᠥᠯ ᠤᠨ ᠮᠠᠯ ᠂ ᠭᠠᠭ᠋ᠠᠢ ᠪᠠᠰᠠ ᠬᠥᠮᠦᠨ ᠡᠪᠡᠳᠴᠢᠯᠡᠨ᠎ᠡ ᠃ ᠶᠡᠷᠦᠩᠬᠡᠢ ᠳᠤ ᠪᠠᠨ ᠡᠪᠡᠰᠦᠨ ᠲᠡᠵᠢᠭᠡᠯᠲᠡᠨ ᠤ ᠡᠪᠡᠳᠴᠢᠨ ᠪᠥᠭᠡᠳ ᠭᠤᠣᠯᠳᠠᠭᠤ ᠴᠢᠰᠤ ᠦᠵᠢᠬᠦ ᠬᠡᠯᠪᠡᠷᠢ ᠪᠠᠷ ᠢᠯᠡᠷᠡᠳᠡᠭ ᠃ ᠡᠭᠦᠰᠬᠡᠭᠴᠢ ᠨᠢ ᠄ ᠪᠠᠼᠢᠯᠯᠦ᠋ᠰ ᠠᠨᠲᠷᠠᠼᠢᠰ ᠭᠡᠳᠡᠭ ᠨᠢᠶᠠᠨ ᠃ ᠭᠠᠳᠠᠭᠠᠳᠤ ᠣᠷᠴᠢᠨ ᠬᠠᠯᠠᠭᠤᠨ ᠬᠦᠢᠲᠡᠨ ᠳᠤ ᠮᠠᠰᠢ ᠶᠡᠭᠡ ᠲᠡᠰᠪᠦᠷᠢᠲᠡᠢ ᠲᠤᠯᠠ ᠭᠠᠵᠠᠷ ᠤᠨ ᠬᠥᠷᠥᠰᠥᠨ ᠳᠤ 70 ᠬᠦᠷᠲᠡᠯ᠎ᠡ ᠵᠢᠯ ᠠᠮᠢᠳᠤ ᠪᠠᠶᠢᠵᠤ ᠴᠢᠳᠠᠨ᠎ᠠ ᠃ ᠪᠤᠴᠠᠯᠭᠠᠬᠤ ᠳᠤ 2-3 ᠴᠠᠭ ᠤᠨ ᠳᠠᠷᠠᠭ᠎ᠠ ᠢᠳᠡᠪᠬᠢ ᠪᠠᠨ ᠠᠯᠳᠠᠨ᠎ᠠ ᠃ ᠬᠠᠯᠳᠠᠪᠤᠷᠢᠯᠠᠬᠤ ᠵᠠᠮ ᠄ ᠪᠣᠭᠤᠮ᠎ᠠ ᠡᠪᠡᠳᠴᠢᠲᠡᠶ ᠮᠠᠯ ᠤᠨ ᠢᠯᠭᠠᠳᠠᠰᠤ ᠂ ᠲᠦᠭᠦᠬᠡᠢ ᠡᠳ᠋ ᠂ ᠲᠡᠳᠡᠭᠡᠷ ᠤᠨ ᠪᠣᠬᠢᠷᠯᠠᠭᠳᠠᠭᠰᠠᠨ ᠬᠥᠷᠥᠰᠥ ᠂ ᠡᠪᠡᠰᠦ ᠂ ᠤᠷᠭᠤᠮᠠᠯ ᠂ ᠤᠰᠤ ᠪᠠᠷ ᠳᠠᠮᠵᠢᠨ᠎ᠠ ᠃ ᠰᠢᠨᠵᠢ ᠲᠡᠮᠳᠡᠭ ᠄ ᠨᠢᠭᠤᠴᠠ ᠦᠶ᠎ᠡ ᠨᠢ 1-3 ᠬᠤᠨᠤᠭ ᠃ ᠡᠪᠡᠳᠴᠢᠨ ᠤ ᠶᠠᠪᠤᠴᠠ ᠨᠢ ᠬᠡᠲᠦ ᠴᠣᠴᠢᠮᠠᠭ ᠂ ᠴᠣᠴᠢᠮᠠᠭ ᠂ ᠬᠠᠶᠠ ᠤᠵᠢᠭ ᠪᠠᠶᠢᠨ᠎ᠠ ᠃ ᠬᠡᠲᠦ ᠴᠣᠴᠢᠮᠠᠭ ᠬᠡᠯᠪᠡᠷᠢ ᠶᠢᠨ ᠦᠶ᠎ᠡ ᠳᠤ ᠡᠪᠡᠳᠴᠢᠨ ᠭᠡᠨᠡᠳᠲᠡ ᠡᠬᠢᠯᠡᠬᠦ ᠂ ᠮᠠᠰᠢ ᠲᠦᠷᠭᠡᠨ ᠦᠬᠦᠬᠦ ᠂ ᠭᠤᠶᠢᠪᠢᠬᠤ ᠂ ᠠᠮᠢᠰᠬᠤᠯᠯᠠᠬᠤ ᠳᠤ ᠬᠦᠨᠳᠦᠷᠡᠯ ᠲᠠᠢ ᠪᠠᠶᠢᠬᠤ ᠂ ᠴᠡᠴᠡᠷᠡᠬᠦ ᠂ ᠮᠠᠭᠤᠵᠢᠷᠠᠬᠤ ᠂ ᠲᠠᠲᠠᠪᠠᠯᠵᠠᠬᠤ ᠵᠡᠷᠭᠡ ᠰᠢᠨᠵᠢ ᠲᠡᠮᠳᠡᠭ ᠢᠯᠡᠷᠡᠬᠦ ᠦᠭᠡᠢ ᠪᠠᠷ ᠰᠢᠭᠤᠳ ᠦᠬᠦᠨ᠎ᠡ ᠃ ᠦᠬᠡᠷ ᠂ ᠠᠳᠤᠭᠤ ᠬᠤᠨᠢᠨ ᠤ ᠴᠣᠴᠢᠮᠠᠭ ᠬᠡᠯᠪᠡᠷᠢ ᠶᠢᠨ ᠪᠣᠭᠤᠮ᠎ᠠ ᠶᠢᠨ ᠦᠶ᠎ᠡ ᠳᠤ ᠡᠬᠢᠯᠡᠭᠡᠳ ᠪᠡᠶ᠎ᠡ ᠶᠢᠨ ᠬᠠᠯᠠᠭᠤᠨ ᠨᠡᠮᠡᠭᠳᠡᠵᠦ ᠂ ᠬᠥᠭᠡᠷᠦᠯ ᠲᠠᠢ ᠪᠣᠯᠣᠨ᠎ᠠ ᠃ ᠳᠠᠷᠠᠭ᠎ᠠ ᠨᠢ ᠦᠬᠦᠭᠡᠨᠴᠡ ᠲᠣᠷᠣᠢ ᠪᠣᠯᠵᠤ ᠤᠬᠠᠭᠠᠨ ᠠᠯᠳᠠᠨ᠎ᠠ ᠃ ᠠᠮᠢᠰᠬᠤᠯ ᠪᠣᠯᠣᠨ ᠵᠢᠷᠦᠬᠡ ᠬᠢᠮᠤᠷᠠᠵᠤ ᠭᠤᠶᠢᠪᠢᠵᠤ ᠲᠠᠲᠠᠪᠠᠯᠵᠠᠵᠤ ᠦᠬᠦᠨ᠎ᠡ ᠃ ᠪᠡᠶ᠎ᠡ ᠶᠢᠨ ᠬᠠᠯᠠᠭᠤᠨ 41 ᠭᠷᠡᠳᠦ᠋ᠰ ᠬᠦᠷᠲᠡᠯ᠎ᠡ ᠨᠡᠮᠡᠭᠳᠡᠵᠦ ᠂ ᠬᠡᠪᠢᠯᠲᠡ ᠪᠠᠭᠤᠷᠠᠵᠤ ᠬᠡᠭᠡᠯ ᠲᠠᠢ ᠮᠠᠯ ᠬᠡᠭᠡᠯ ᠬᠠᠶᠠᠨ᠎ᠠ ᠃ ᠪᠡᠶ᠎ᠡ ᠶᠢᠨ ᠰᠦᠪᠡ ᠨᠦᠭᠦᠳ ᠠᠴᠠ ᠠᠴᠠ ᠴᠢᠰᠤ ᠭᠠᠷᠤᠨ᠎ᠠ ᠃ ᠠᠳᠤᠭᠤ ᠬᠠᠯᠠᠭᠤᠷᠠᠨ᠎ᠠ ᠂ ᠳᠠᠭᠠᠷᠠᠨ᠎ᠠ ᠂ ᠬᠠᠳᠬᠤᠯᠭ᠎ᠠ ᠠᠵᠢᠭᠯᠠᠭᠳᠠᠬᠤ ᠪᠠ ᠬᠦᠵᠦᠭᠦᠦ ᠂ ᠡᠪᠴᠢᠭᠦᠦ ᠂ ᠬᠡᠪᠡᠯᠢ ᠶᠢᠨ ᠳᠣᠣᠭᠤᠷ ᠂ ᠪᠡᠯᠡᠭ ᠤᠨ ᠭᠠᠳᠠᠭᠠᠳᠤ ᠡᠷᠬᠡᠲᠡᠨ ᠬᠠᠪᠢ ᠪᠠᠷ ᠬᠠᠪᠤᠩᠨᠠᠨ᠎ᠠ ᠃ ᠤᠵᠢᠭ ᠬᠡᠯᠪᠡᠷᠢ ᠶᠢᠨ ᠦᠶ᠎ᠡ ᠳᠤ ᠬᠡᠰᠡᠭ ᠭᠠᠵᠠᠷ ᠤᠨ ᠭᠡᠮᠲᠦᠯ ᠤᠳ ᠬᠡᠯᠡ ᠂ ᠬᠤᠭᠤᠯᠠᠢ ᠶᠢ ᠬᠠᠮᠤᠷᠬᠤ ᠪᠠ ᠡᠨᠡ ᠨᠢ ᠶᠡᠬᠡᠩᠬᠢ ᠳᠤ ᠪᠠᠨ ᠭᠠᠭ᠋ᠠᠢ ᠳᠤ ᠢᠯᠡᠷᠡᠬᠦ ᠪᠣᠯᠪᠠᠴᠤ ᠦᠬᠡᠷ ᠂ ᠠᠳᠤᠭᠤᠨ ᠳᠤ ᠲᠣᠬᠢᠶᠠᠯᠳᠤᠳᠠᠭ ᠃ ᠪᠣᠭᠤᠮ᠎ᠠ ᠶᠢᠨ ᠨᠢᠭᠤᠴᠠ ᠦᠶ᠎ᠡ ᠬᠥᠮᠥᠨ ᠳᠤ 2-3 ᠬᠤᠨᠤᠭ ᠪᠠᠶᠢᠳᠠᠭ ᠃ ᠬᠥᠮᠦᠨ ᠶᠡᠬᠡᠪᠴᠢᠯᠡᠨ ᠠᠷᠠᠰᠤᠨ ᠤ ᠬᠡᠯᠪᠡᠷᠢ ᠪᠠᠷ ᠡᠪᠡᠳᠴᠢᠯᠡᠬᠦ ᠪᠥᠭᠡᠳ ᠡᠪᠡᠳᠴᠢᠨ ᠤ ᠡᠭᠦᠰᠬᠡᠭᠴᠢ ᠨᠡᠪᠲᠡᠷᠡᠨ ᠣᠷᠣᠭᠰᠠᠨ ᠭᠠᠵᠠᠷ ᠲᠤ ᠭᠤᠣᠯ ᠳᠤ ᠪᠠᠨ ᠬᠠᠷ᠎ᠠ ᠥᠩᠭᠡ ᠲᠠᠢ ᠬᠠᠲᠠᠭᠢ ᠭᠠᠷᠴᠤ ᠬᠠᠯᠠᠭᠤᠷᠠᠵᠤ ᠤᠯᠠᠮ ᠢᠶᠠᠷ ᠦᠵᠢᠯ ᠪᠣᠯᠪᠠᠯ ᠠᠮᠢ ᠨᠠᠰᠤᠨ ᠳᠤ ᠠᠶᠤᠯᠲᠠᠢ ᠃ ᠪᠣᠭᠤᠮ᠎ᠠ ᠭᠠᠷᠤᠭᠰᠠᠨ ᠪᠠ ᠰᠡᠵᠢᠭ ᠢᠯᠡᠷᠡᠭᠰᠡᠨ ᠦᠶ᠎ᠡ ᠳᠤ ᠠᠪᠬᠤ ᠠᠷᠭ᠎ᠠ ᠬᠡᠮᠵᠢᠶ᠎ᠡ ᠃ ᠪᠣᠭᠤᠮ᠎ᠠ ᠪᠠᠷ ᠦᠬᠦᠭᠰᠡᠨ ᠮᠠᠯ ᠮᠠᠰᠢ ᠠᠮᠠᠷᠬᠠᠨ ᠬᠥᠭᠡᠭᠡᠨ᠎ᠡ ᠃ ᠬᠤᠷᠳᠤᠨ ᠦᠮᠡᠬᠡᠶᠢᠷᠡᠨ᠎ᠡ ᠃ ᠠᠮᠠ ᠂ ᠬᠠᠮᠠᠷ ᠂ ᠬᠤᠰᠬᠢᠨᠠᠭ ᠠᠴᠠ ᠨᠢ ᠬᠥᠭᠡᠰᠦᠷᠬᠡᠭ ᠴᠢᠰᠤ ᠲᠠᠢ ᠰᠢᠩᠭᠡᠨ ᠭᠠᠷᠤᠨ᠎ᠠ ᠃ ᠪᠣᠭᠤᠮ᠎ᠠ ᠪᠠᠷ ᠮᠠᠯ ᠡᠪᠡᠳᠴᠢᠯᠡᠵᠦ ᠦᠬᠦᠭᠰᠡᠨ ᠪᠤᠶᠤ ᠰᠡᠵᠢᠭ ᠢᠯᠡᠷᠡᠪᠡᠯ ᠮᠠᠯ ᠤᠨ ᠡᠮᠴᠢ ᠳᠤ ᠨᠡᠩ ᠳᠠᠷᠤᠢ ᠮᠡᠳᠡᠭᠳᠡᠵᠦ ᠣᠨᠣᠰᠢ ᠲᠣᠭᠲᠠᠭᠠᠯᠭᠠᠨ᠎ᠠ ᠃ ᠮᠠᠯ ᠤᠨ ᠡᠮᠴᠢ ᠢᠷᠡᠲᠡᠯ᠎ᠡ ᠦᠬᠦᠭᠰᠡᠨ ᠮᠠᠯ ᠤᠨ ᠬᠡᠭᠦᠷ ᠢ ᠵᠠᠳᠠᠯᠵᠤ ᠪᠣᠯᠬᠤ ᠦᠭᠡᠢ ᠂ ᠨᠣᠬᠠᠢ ᠂ ᠰᠢᠪᠠᠭᠤ ᠵᠡᠷᠭᠡ ᠠᠮᠢᠲᠠᠳ ᠢᠳᠡᠵᠦ ᠰᠡᠭᠯᠡᠬᠦ ᠠᠴᠠ ᠬᠠᠮᠠᠭᠠᠯᠠᠨ᠎ᠠ ᠃ ᠡᠪᠡᠳᠴᠢᠲᠡᠶ ᠪᠣᠯᠣᠨ ᠦᠬᠦᠭᠰᠡᠨ ᠮᠠᠯ ᠲᠠᠢ ᠬᠠᠷᠢᠴᠠᠬᠤ ᠱᠠᠭᠠᠷᠳᠠᠯᠭ᠎ᠠ ᠭᠠᠷᠪᠠᠯ ᠳᠠᠷᠠᠭ᠎ᠠ ᠨᠢ ᠭᠠᠷ ᠢᠶᠠᠨ ᠰᠠᠪᠤᠩ ᠎ ᠲᠠᠢ ᠪᠦᠯᠢᠶᠡᠨ ᠤᠰᠤ ᠪᠠᠷ ᠤᠬᠢᠶᠠᠵᠤ ᠂ ᠠᠷᠢᠭᠤᠳᠬᠠᠯ ᠤᠨ ᠠᠭᠤᠰᠤᠮᠠᠯ ᠢᠶᠠᠷ ᠠᠷᠴᠢᠬᠤ ᠬᠡᠷᠡᠭᠲᠡᠢ ᠃ ᠤᠷᠢᠳᠴᠢᠯᠠᠨ ᠰᠡᠷᠭᠡᠶᠢᠯᠡᠯᠲᠡ ᠃ ᠪᠣᠭᠤᠮ᠎ᠠ ᠡᠪᠡᠳᠴᠢᠨ ᠪᠣᠯᠬᠤ ᠨᠢ ᠲᠣᠭᠲᠠᠭᠠᠭᠳᠠᠪᠠᠯ ᠪᠦᠬᠦ ᠮᠠᠯ ᠢᠶᠠᠨ ᠪᠣᠭᠤᠮ᠎ᠠ ᠶᠢᠨ ᠸᠠᠺᠼᠢᠨ ᠢᠶᠠᠷ ᠲᠠᠷᠢᠭᠤᠯᠤᠨ᠎ᠠ ᠃ ᠸᠠᠺᠼᠢᠨ ᠨᠢᠭᠡ ᠵᠢᠯ ᠬᠠᠮᠠᠭᠠᠯᠠᠨ᠎ᠠ ᠃ ᠪᠣᠭᠤᠮ᠎ᠠ ᠪᠠᠷ ᠦᠬᠦᠭᠰᠡᠨ ᠮᠠᠯ ᠤᠨ ᠬᠡᠭᠦᠷ ᠢ ᠥᠨᠳᠥᠷ ᠳᠡᠨᠵᠢ ᠂ ᠤᠰᠤ ᠲᠣᠭᠲᠠᠬᠤ ᠪᠠᠷ ᠦᠭᠡᠢ ᠭᠠᠵᠠᠷ 2 ᠮᠧᠲᠷ ᠎ ᠠᠴᠠ ᠳᠣᠭᠤᠭᠰᠢ ᠦᠭᠡᠢ ᠭᠦᠨ ᠳᠤ ᠪᠤᠯᠠᠬᠤ ᠪᠤᠶᠤ ᠰᠢᠲᠠᠭᠠᠵᠤ ᠤᠰᠠᠳᠬᠠᠨ᠎ᠠ ᠃ ᠡᠪᠡᠳᠴᠢᠲᠡᠶ ᠮᠠᠯ ᠬᠡᠪᠲᠡᠵᠦ ᠪᠠᠶᠢᠭᠰᠠᠨ ᠭᠠᠵᠠᠷ ᠤᠨ ᠬᠥᠷᠥᠰᠥ ᠶᠢ 25 см ᠭᠦᠨ ᠬᠠᠭᠠᠯᠵᠤ ᠡᠾᠯᠤᠷ ᠤᠨ ᠴᠣᠬᠤᠢ ᠬᠢᠵᠦ ᠬᠠᠯᠳᠠᠪᠤᠷᠢ ᠦᠭᠡᠶᠢᠵᠢᠭᠦᠯᠦᠨ᠎ᠡ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号