ᠴᠢᠰᠤᠨ ᠬᠠᠯᠳᠠᠪᠤᠷᠢ
ᠨᠡᠶᠢᠲᠡᠯᠡᠭᠰᠡᠨ ᠴᠠᠭ᠄
2021/11/25
ᠪᠦᠬᠦ ᠲᠥᠷᠥᠯ ᠤᠨ ᠮᠠᠯ ᠂ ᠰᠢᠪᠠᠭᠤ ᠡᠪᠡᠳᠴᠢᠯᠡᠨ᠎ᠡ ᠃ ᠬᠥᠮᠦᠨ ᠴᠤ ᠡᠪᠡᠳᠴᠢᠯᠡᠨ᠎ᠡ ᠃ ᠦᠬᠡᠷ ᠂ ᠰᠠᠷᠯᠤᠭ ᠂ ᠲᠠᠬᠢᠶ᠎ᠠ ᠂ ᠲᠠᠤᠯᠠᠢ ᠦᠰᠦᠯᠢᠭ ᠠᠮᠢᠲᠠᠳ ᠢᠯᠡᠭᠦᠦ ᠥᠷᠲᠦᠮᠡᠲᠡᠭᠡᠶ ᠃ ᠬᠤᠨᠢ ᠂ ᠢᠮᠠᠭ᠎ᠠ ᠂ ᠭᠠᠭ᠋ᠠᠢ ᠡᠪᠡᠳᠴᠢᠯᠡᠨ᠎ᠡ ᠃ ᠲᠡᠮᠡᠭᠡ ᠂ ᠠᠳᠤᠭᠤ ᠡᠪᠡᠳᠴᠢᠯᠡᠬᠦ ᠨᠢ ᠬᠤᠪᠣᠷ ᠃ ᠡᠭᠦᠰᠬᠡᠭᠴᠢ ᠨᠢ ᠄ ᠫᠠᠰᠲ᠋ᠧᠷᠧᠯᠯᠠ ︵帕斯特雷拉︶ ᠲᠥᠷᠥᠯ ᠤᠨ 2 ᠵᠦᠢᠯ ᠤᠨ ᠨᠢᠶᠠᠨ ᠃ ᠡᠳᠡᠭᠡᠷ ᠨᠢᠶᠠᠨ ᠡᠷᠡᠭᠦᠯ ᠠᠮᠢᠲᠠᠨ ᠤ ᠭᠦᠢᠯᠡᠰᠦᠨ ᠪᠤᠯᠴᠢᠷᠬᠠᠢ ᠂ ᠵᠠᠯᠭᠢᠭᠤᠷ ᠤᠨ ᠬᠡᠪ ᠤᠨ ᠣᠷᠣᠰᠢᠨ ᠰᠠᠭᠤᠭᠴᠢ ᠃ ᠠᠮᠢᠲᠠᠨ ᠳᠠᠭᠠᠷᠠᠬᠤ ᠂ ᠥᠯᠥᠰᠬᠦ ᠂ ᠴᠠᠩᠭᠠᠬᠤ ᠂ ᠬᠤᠯᠠ ᠶᠢᠨ ᠲᠠᠭᠤᠪᠤᠷᠢ ᠂ ᠲᠡᠭᠡᠭᠡᠪᠦᠷᠢ ᠳᠤ ᠶᠠᠳᠠᠷᠠᠬᠤ ᠂ ᠲᠥᠯ ᠢ ᠡᠬᠡ ᠠᠴᠠ ᠨᠢ ᠰᠠᠯᠭᠠᠬᠤ ᠂ ᠬᠥᠩᠭᠡᠯᠡᠬᠦ ᠂ ᠴᠠᠭ ᠠᠭᠠᠷ ᠤᠨ ᠡᠷᠡᠰ ᠥᠭᠡᠷᠡᠴᠢᠯᠡᠯᠲᠡ ᠳᠤ ᠥᠷᠲᠥᠬᠦ ᠵᠡᠷᠭᠡ ᠭᠡᠨᠡᠳᠲᠡ ᠶᠢᠨ ᠲᠠᠭ᠎ᠠ ᠦᠭᠡᠢ ᠨᠥᠬᠦᠴᠡᠯ ᠳᠤ ᠵᠠᠯᠭᠢᠭᠤᠷ ᠬᠤᠭᠤᠯᠠᠢ ᠳᠤ ᠪᠠᠶᠢᠭ᠎ᠠ ᠬᠡᠪ ᠤᠨ ᠣᠷᠣᠰᠢᠨ ᠰᠠᠭᠤᠭᠴᠢ ᠨᠢᠶᠠᠨ ᠡᠮᠭᠡᠭ ᠲᠥᠷᠦᠭᠦᠯᠦᠭᠴᠢ ᠪᠣᠯᠵᠤ ᠬᠤᠪᠢᠷᠠᠨ᠎ᠠ ᠃ ᠰᠢᠨᠵᠢ ᠲᠡᠮᠳᠡᠭ ᠄ ᠮᠠᠯ ᠠᠮᠢᠲᠠᠨ ᠳᠠᠷᠤᠭᠠᠰᠤ ᠲᠤ ᠥᠷᠲᠥᠭᠰᠡᠨ ᠠᠴᠠ ᠬᠤᠶᠢᠰᠢ 10-14 ᠬᠤᠨᠤᠭ ᠤᠨ ᠳᠠᠷᠠᠭ᠎ᠠ ᠡᠪᠡᠳᠴᠢᠨ ᠤ ᠰᠢᠨᠵᠢ ᠢᠯᠡᠷᠡᠨ᠎ᠡ ᠃ ᠡᠪᠡᠳᠴᠢᠨ ᠤ ᠳᠠᠯᠳᠠ ᠦᠶ᠎ᠡ ᠨᠢ ᠬᠡᠳᠦᠨ ᠴᠠᠭ ᠠᠴᠠ 2-3 ᠡᠳᠦᠷ ᠃ ᠴᠣᠴᠢᠮᠠᠭ ᠂ ᠬᠤᠷᠴᠠ ᠂ ᠤᠵᠢᠭ ᠂ ᠠᠷᠬᠠᠭ ᠪᠠᠶᠢᠳᠠᠯ ᠢᠶᠠᠷ ᠢᠯᠡᠷᠡᠨ᠎ᠡ ᠃ ᠨᠢᠶᠠᠨ ᠤ ᠢᠯᠭᠠᠷᠠᠭᠤᠯᠳᠠᠭ ᠬᠤᠣᠷ ᠨᠢ ᠣᠯᠠᠨ ᠡᠳ᠋ ᠂ ᠡᠷᠬᠡᠲᠡᠨ ᠤ ᠬᠢᠯᠭᠠᠰᠤᠨ ᠰᠤᠳᠠᠰᠤ ᠶᠢ ᠭᠡᠮᠲᠦᠭᠡᠭᠰᠡᠨ ᠠᠴᠠ ᠠᠷᠠᠰᠤᠨ ᠳᠣᠣᠷ᠎ᠠ ᠪᠣᠯᠣᠨ ᠪᠤᠯᠴᠢᠩ ᠤᠨ ᠬᠤᠭᠤᠷᠣᠨᠳᠣ ᠬᠠᠪᠤᠩ ᠡᠭᠦᠰᠦᠨ᠎ᠡ ᠃ ᠠᠭᠤᠰᠬᠢᠨ ᠳᠤ ᠬᠠᠪᠤᠩ ᠡᠭᠦᠰᠴᠦ ᠴᠢᠰᠤ ᠶᠡᠬᠡᠳᠡᠨ᠎ᠡ ᠃ ᠦᠬᠡᠷ ᠲᠤ ᠴᠣᠴᠢᠮᠠᠭ ᠬᠡᠯᠪᠡᠷᠢ ᠪᠠᠷ ᠲᠤᠰᠪᠠᠯ ᠡᠪᠡᠳᠴᠢᠨ ᠤ ᠰᠢᠨᠵᠢ ᠲᠡᠮᠳᠡᠭ ᠢᠯᠡᠷᠡᠬᠦ ᠠᠴᠠ ᠡᠮᠦᠨ᠎ᠡ ᠦᠬᠦᠵᠦ ᠪᠣᠯᠣᠨ᠎ᠠ ᠃ ᠲᠦᠷᠭᠡᠨ ᠵᠠᠭᠤᠷ᠎ᠠ ᠬᠠᠯᠠᠭᠤᠷᠠᠨ᠎ᠠ ᠃ ᠴᠢᠰᠤ ᠲᠠᠢ ᠴᠢᠴᠠᠭ᠎ᠠ ᠠᠯᠳᠠᠵᠤ ᠪᠣᠯᠣᠨ᠎ᠠ ᠃ ᠬᠤᠷᠴᠠ ᠬᠡᠯᠪᠡᠷᠢ ᠪᠠᠷ ᠲᠤᠰᠪᠠᠯ ᠬᠠᠯᠠᠭᠤᠷᠠᠨ᠎ᠠ ᠃ ᠨᠣᠮᠣᠬᠠᠷᠠᠵᠤ ᠢᠳᠡᠬᠦ ᠦᠭᠡᠢ ᠂ ᠤᠤᠭᠤᠬᠤ ᠦᠭᠡᠢ ᠂ ᠬᠡᠪᠢᠬᠦ ᠦᠭᠡᠢ ᠦᠯᠪᠡᠶᠢᠵᠤ ᠵᠣᠭᠰᠣᠨ᠎ᠠ ᠃ ᠠᠮᠢᠰᠬᠤᠭᠠᠳᠠᠨ᠎ᠠ ᠂ ᠬᠠᠮᠠᠷ ᠠᠴᠠ ᠴᠢᠰᠤᠷᠬᠠᠭ ᠨᠢᠰᠤ ᠭᠤᠭᠤᠵᠢᠬᠤ ᠂ ᠠᠮᠠᠨ ᠠᠴᠠ ᠬᠥᠭᠡᠰᠦ ᠲᠠᠢ ᠰᠢᠯᠦᠰᠦ ᠭᠠᠷᠬᠤ ᠂ ᠴᠢᠰᠤᠷᠬᠠᠭ ᠰᠢᠭᠡᠰᠦ ᠭᠠᠷᠬᠤ ᠂ ᠨᠢᠳᠦ ᠤᠯᠠᠶᠢᠬᠤ ᠵᠡᠷᠭᠡ ᠰᠢᠨᠵᠢ ᠢᠯᠡᠷᠡᠵᠦ 1-2 ᠬᠤᠨᠤᠭ ᠲᠤ ᠦᠬᠦᠨ᠎ᠡ ᠃ ᠭᠠᠭ᠋ᠠᠢ ᠂ ᠲᠠᠬᠢᠶ᠎ᠠ ᠂ ᠲᠠᠤᠯᠠᠢ ᠪᠤᠰᠤᠳ ᠦᠰᠦᠯᠢᠭ ᠠᠮᠢᠲᠠᠳ ᠬᠠᠯᠠᠭᠤᠷᠠᠨ᠎ᠠ ᠂ ᠵᠠᠯᠭᠢᠭᠤᠷ ᠤᠨ ᠦᠷᠪᠢᠰᠦᠯ ᠡᠭᠦᠰᠴᠦ ᠠᠮᠢᠰᠬᠤᠯ ᠪᠣᠭᠤᠭᠳᠠᠨ᠎ᠠ ᠃ ᠡᠷᠡᠭᠦᠦ ᠪᠠᠭᠠᠯᠵᠠᠭᠤᠷ ᠬᠠᠪᠢ ᠳᠤ ᠬᠠᠪᠤᠩ ᠡᠭᠦᠰᠦᠨ᠎ᠡ ᠃ ᠠᠮᠢᠰᠬᠤᠭᠠᠳᠠᠬᠤ ᠂ ᠬᠠᠨᠢᠶᠠᠬᠤ ᠰᠢᠨᠵᠢ ᠢᠯᠡᠷᠡᠨ᠎ᠡ ᠃ ᠤᠷᠢᠳᠴᠢᠯᠠᠨ ᠰᠡᠷᠭᠡᠶᠢᠯᠡᠯᠲᠡ ᠄ ᠡᠪᠡᠳᠴᠢᠯᠡᠯ ᠢ ᠡᠷᠲᠡ ᠣᠨᠣᠰᠢᠯᠠᠵᠤ ᠂ ᠡᠮᠴᠢᠯᠡᠭᠡ ᠶᠢ ᠰᠢᠭᠤᠷᠬᠠᠢ ᠬᠢᠪᠡᠯ ᠦᠷ᠎ᠡ ᠳ᠋ᠦᠩ ᠲᠠᠢ ᠃ ᠪᠠᠶᠢᠷᠢ ᠳᠤᠯᠠᠭᠠᠨ ᠂ ᠬᠡᠪᠲᠡᠷᠢ ᠵᠤᠵᠠᠭᠠᠨ ᠬᠠᠭᠤᠷᠠᠢ ᠂ ᠴᠡᠪᠡᠷ ᠪᠠᠶᠢᠬᠤ ᠂ ᠲᠡᠵᠢᠭᠡᠯ ᠂ ᠤᠰᠤ ᠬᠠᠩᠭᠠᠯᠲᠠᠲᠠᠢ ᠪᠠᠶᠢᠬᠤ ᠵᠡᠷᠭᠡ ᠪᠠᠷ ᠳᠠᠷᠤᠭᠠᠰᠤ ᠠᠴᠠ ᠬᠠᠮᠠᠭᠠᠯᠠᠬᠤ ᠳᠤ ᠣᠨᠴᠠ ᠠᠩᠬᠠᠷᠤᠨ᠎ᠠ ᠃ ᠮᠠᠯ ᠳᠠᠭᠠᠷᠠᠬᠤ ᠂ ᠬᠡᠪᠲᠡᠷᠢ ᠠᠴᠠ ᠪᠠᠨ ᠬᠠᠭᠠᠷᠢᠭᠳᠠᠬᠤ ᠂ ᠥᠯᠥᠰᠬᠦ ᠂ ᠴᠠᠩᠭᠠᠬᠤ ᠵᠡᠷᠭᠡ ᠨᠢ ᠳᠠᠷᠤᠭᠠᠰᠤ ᠲᠤ ᠣᠷᠣᠭᠤᠯᠵᠤ ᠤᠯᠠᠮ ᠢᠶᠠᠷ ᠡᠪᠡᠳᠴᠢᠯᠡᠬᠦ ᠦᠨᠳᠦᠰᠦ ᠪᠣᠯᠣᠨ᠎ᠠ ᠃ ᠡᠨᠡ ᠡᠪᠡᠳᠴᠢᠨ ᠤ ᠭᠤᠯᠣᠮᠲᠠ ᠪᠦᠬᠦᠢ ᠨᠤᠲᠤᠭ ᠤᠨ ᠮᠠᠯ ᠳᠤ ᠸᠠᠺᠼᠢᠨ ᠲᠠᠷᠢᠵᠤ ᠬᠠᠮᠠᠭᠠᠯᠠᠨ᠎ᠠ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号