| | ᠪᠦᠬᠦ ᠲᠥᠷᠥᠯ ᠤᠨ ᠮᠠᠯ ᠂ ᠭᠠᠭ᠋ᠠᠢ ᠰᠢᠪᠠᠭᠤᠨ ᠤ ᠬᠠᠯᠳᠠᠪᠤᠷᠢᠲᠤ ᠡᠪᠡᠳᠴᠢᠨ ᠃ | ᠴᠢᠰᠤ ᠦᠵᠢᠬᠦ ᠂ ᠭᠡᠳᠡᠰᠦᠨ ᠤ ᠴᠣᠴᠢᠮᠠᠭ ᠪᠣᠯᠣᠨ ᠠᠷᠬᠠᠭ ᠦᠷᠪᠢᠰᠦᠯ ᠤᠨ ᠬᠡᠯᠪᠡᠷᠢ ᠪᠠᠷ ᠢᠯᠡᠷᠡᠨ᠎ᠡ ᠃ | ᠬᠡᠭᠡᠯ ᠲᠠᠢ ᠮᠠᠯ ᠢᠯᠠᠩᠭᠤᠶ᠎ᠠ ᠭᠡᠭᠦᠦ ᠬᠡᠭᠡᠯ ᠬᠠᠶᠠᠬᠤ ᠶᠠᠪᠤᠳᠠᠯ ᠨᠡᠯᠢᠶᠡᠳ ᠡᠯᠪᠡᠭ ᠪᠠᠶᠢᠳᠠᠭ ᠃ | ᠡᠭᠦᠰᠬᠡᠭᠴᠢ ᠨᠢ ᠄ ᠰᠠᠯᠮᠣᠨᠧᠯᠯᠧᠽ ᠲᠥᠷᠥᠯ ᠤᠨ ᠨᠢᠶᠠᠨ ᠃ | ᠬᠥᠮᠥᠨ ᠳᠤ ᠬᠠᠯᠳᠠᠪᠤᠷᠢᠯᠠᠳᠠᠭ ᠲᠤᠯᠠ ᠪᠣᠯᠭᠤᠮᠵᠢᠯᠠᠬᠤ ᠨᠢ ᠴᠢᠬᠤᠯᠠ ᠃ | ᠬᠠᠯᠳᠠᠪᠤᠷᠢᠯᠠᠯᠲᠠ ᠂ ᠡᠮᠭᠡᠭ ᠲᠥᠷᠥᠭᠦᠯᠬᠦ ᠴᠢᠨᠠᠷ ᠃ | ᠡᠭᠦᠰᠬᠡᠭᠴᠢ ᠠᠮᠠ ᠪᠠᠷ ᠨᠡᠪᠲᠡᠷᠡᠬᠦ ᠪᠥᠭᠡᠳ ᠴᠠᠭᠠᠰᠢᠳᠠ ᠭᠡᠳᠡᠰᠦᠨ ᠳᠤ ᠦᠷᠡᠵᠢᠵᠦ ᠬᠤᠲᠣᠭᠤᠳᠤ ᠶᠢᠨ ᠥᠷᠪᠢᠰᠤᠯ | ᠡᠭᠦᠰᠭᠡᠨ᠎ᠡ ᠃ | ᠭᠡᠳᠡᠰᠦᠨ ᠤ ᠰᠠᠯᠢᠰᠤᠲᠤ ᠪᠦᠷᠬᠦᠭᠦᠯ ᠤᠨ ᠬᠤᠯᠪᠣᠭᠴᠢ ᠡᠳ᠋ ᠲᠤ ᠨᠢᠶᠠᠨ ᠨᠡᠪᠲᠡᠷᠡᠵᠦ ᠂ ᠬᠤᠣᠷ ᠢᠯᠭᠠᠷᠠᠭᠤᠯᠤᠨ | ᠭᠡᠳᠡᠰᠦ ᠶᠢ ᠭᠡᠮᠲᠦᠭᠡᠵᠦ ᠴᠢᠴᠠᠭ᠎ᠠ ᠠᠯᠳᠠᠭᠤᠯᠬᠤ ᠳᠤ ᠬᠦᠷᠭᠡᠳᠡᠭ ᠃ | ᠡᠭᠦᠰᠭᠡᠭᠴᠢ ᠶᠢᠨ ᠡᠰᠡᠷᠭᠦ ᠦᠷᠪᠢᠰᠦᠯ ᠤᠨ ᠬᠠᠷᠢᠭᠤ ᠤᠷᠪᠠᠯ ᠦᠵᠡᠭᠦᠯᠦᠨ᠎ᠡ ᠃ | ᠡᠭᠦᠰᠬᠡᠭᠴᠢ ᠶᠢ ᠵᠠᠯᠭᠢᠭᠤᠷ ᠡᠰᠡ ᠵᠠᠯᠭᠢᠳᠠᠭ ᠪᠣᠯᠪᠠᠴᠤ ᠨᠢᠶᠠᠨ ᠡᠨᠡ ᠪᠦᠬᠦᠨ ᠢ ᠲᠡᠰᠪᠦᠷᠢᠯᠡᠨ ᠡᠰ ᠲᠤ ᠦᠷᠡᠵᠢᠭᠰᠡᠭᠡᠷ | ᠯᠡ ᠪᠠᠶᠢᠨ᠎ᠠ ᠃ | ᠲᠠᠷᠢᠬᠢ ᠂ ᠲᠠᠷᠢᠬᠢᠨ ᠤ ᠬᠠᠯᠢᠰᠤ ᠂ ᠬᠡᠭᠡᠯ ᠲᠠᠢ ᠰᠠᠪᠠ ᠂ ᠬᠥᠯ ᠤᠨ ᠳᠣᠣᠷᠠᠳᠤ ᠬᠡᠰᠡᠭ ᠂ ᠴᠢᠬᠢ ᠂ ᠰᠡᠭᠦᠯ ᠤᠨ | ᠦᠵᠦᠭᠦᠷ ᠦᠷᠡᠵᠢᠬᠦ ᠶᠢᠨ ᠵᠡᠷᠭᠡᠴᠡᠭᠡ ᠬᠡᠭᠡᠯ ᠬᠠᠶᠠᠨ᠎ᠠ ᠂ ᠬᠥᠯ ᠂ ᠰᠡᠭᠦᠯ ᠂ ᠴᠢᠬᠢᠨ ᠤ ᠬᠠᠭᠤᠷᠠᠢ ᠢᠯᠵᠢᠷᠡᠯ ᠢᠯᠡᠷᠡᠨ᠎ᠡ ᠃ | | ᠨᠢᠶᠠᠨ ᠰᠥᠰᠥᠨ ᠤ ᠬᠡᠦᠳᠡᠢ ᠂ ᠴᠢᠴᠠᠷᠬᠠᠢ ᠶᠢᠨ ᠲᠤᠩᠭᠠᠯᠠᠭ ᠤᠨ ᠵᠠᠩᠭᠢᠯᠠᠭ᠎ᠠ ᠳᠤ ᠵᠣᠩᠬᠢᠯᠠᠨ ᠪᠠᠶᠢᠷᠢᠯᠠᠳᠠᠭ ᠪᠥᠭᠡᠳ | ᠪᠠᠭᠠᠰᠤ ᠪᠠᠷ ᠦᠶ᠎ᠡ ᠦᠶ᠎ᠡ ᠭᠠᠳᠠᠭᠰᠢᠯᠠᠨ᠎ᠠ ᠃ | ᠡᠭᠦᠰᠬᠡᠭᠴᠢ ᠶᠢ ᠲᠡᠭᠡᠭᠡᠭᠴᠢ ᠮᠠᠯ ᠂ ᠠᠮᠢᠲᠠᠨ ᠭᠠᠳᠠᠭᠰᠢ ᠢᠯᠭᠠᠷᠠᠭᠤᠯᠵᠤ ᠪᠠᠶᠢᠬᠤ ᠪᠥᠭᠡᠳ ᠴᠣᠴᠢᠷᠠᠯ ᠳᠤ | ᠣᠷᠣᠭᠰᠠᠨ ᠦᠶ᠎ᠡ ᠳᠤ ᠡᠪᠡᠳᠴᠢᠨ ᠤ ᠰᠢᠨᠵᠢ ᠲᠡᠮᠳᠡᠭ ᠤᠳ ᠳᠠᠬᠢᠨ ᠢᠯᠡᠷᠡᠳᠡᠭ ᠃ | ᠰᠢᠨᠵᠢ ᠲᠡᠮᠳᠡᠭ ᠄ ᠴᠣᠴᠢᠮᠠᠭ ᠂ ᠴᠣᠴᠢᠮᠠᠭᠳᠠᠭᠤ ᠂ ᠤᠵᠢᠭ ᠬᠡᠯᠪᠡᠷᠢ ᠪᠠᠷ ᠢᠯᠡᠷᠡᠨ᠎ᠡ ᠃ | ᠲᠥᠯ ᠤᠨ ᠴᠢᠰᠤ ᠦᠵᠢᠬᠦ ᠨᠢ ᠶᠡᠷᠦᠳᠡ ᠶᠢᠨ ᠬᠠᠮ ᠰᠢᠨᠵᠢ ᠪᠥᠭᠡᠳ 6 ᠬᠦᠷᠲᠡᠯ᠎ᠡ ᠰᠠᠷ᠎ᠠ ᠶᠢᠨ ᠪᠣᠶᠢᠵᠢᠯᠲᠠ ᠲᠠᠢ | ᠭᠠᠭ᠋ᠠᠢ ᠡᠪᠡᠳᠴᠢᠯᠡᠨ᠎ᠡ ᠃ | ᠬᠠᠯᠠᠭᠤᠷᠠᠨ᠎ᠠ ᠂ 24-28 ᠴᠠᠭ ᠤᠨ ᠳᠣᠲᠣᠷ᠎ᠠ ᠦᠬᠦᠨ᠎ᠡ ᠃ | ᠠᠷᠠᠰᠤ ᠂ ᠢᠯᠠᠩᠭᠤᠶ᠎ᠠ ᠴᠢᠬᠢ ᠂ ᠬᠡᠪᠡᠯᠢ ᠶᠢᠨ ᠳᠣᠣᠷᠠᠳᠤ ᠬᠡᠰᠡᠭ ᠬᠥᠬᠡ ᠤᠨᠢᠶᠠᠷ ᠂ ᠬᠥᠬᠡ ᠶᠠᠭᠠᠨ ᠥᠩᠭᠡ ᠲᠠᠢ | ᠪᠣᠯᠣᠨ᠎ᠠ ᠂ ᠮᠡᠳᠡᠷᠡᠯ ᠤᠨ ᠭᠠᠵᠢ ᠰᠢᠨᠵᠢ ᠲᠡᠮᠳᠡᠭ ᠤᠳ ᠢᠯᠡᠷᠡᠵᠦ ᠪᠣᠯᠵᠣᠰᠢ ᠦᠭᠡᠢ 100 ᠬᠤᠪᠢ ᠦᠬᠦᠯ ᠳᠤ | ᠬᠦᠷᠭᠡᠨ᠎ᠡ ᠃ | ᠴᠣᠴᠢᠮᠠᠭ ᠬᠡᠯᠪᠡᠷᠢ ᠨᠢ ᠄ ᠨᠠᠰᠤ ᠭᠦᠢᠴᠡᠭᠰᠡᠨ ᠮᠠᠯ ᠳᠤ ᠵᠣᠩᠬᠢᠯᠠᠨ᠎ᠠ ᠂ ᠬᠠᠯᠠᠭᠤᠷᠠᠨ᠎ᠠ ᠂ ᠤᠰᠤ ᠲᠠᠢ ᠴᠢᠴᠠᠭ᠎ᠠ | ᠶᠡᠭᠡ ᠪᠠᠷ ᠠᠯᠳᠠᠨ᠎ᠠ ᠂ ᠪᠠᠭᠠᠬᠤ ᠳᠠᠭᠠᠨ ᠡᠮᠵᠡᠭᠯᠡᠨ᠎ᠡ ᠂ ᠪᠠᠭᠠᠰᠤ ᠢᠯᠵᠠᠷᠠᠭᠰᠠᠨ ᠦᠨᠦᠷ ᠲᠠᠢ ᠂ ᠰᠠᠯᠢᠰᠤ ᠂ ᠰᠢᠷᠬᠡᠭᠴᠡᠷ᠂ | ᠰᠠᠯᠢᠰᠤᠲᠤ ᠪᠦᠷᠬᠦᠭᠦᠯ ᠤᠨ ᠲᠠᠰᠤᠷᠬᠠᠢ ᠂ ᠴᠢᠰᠤᠨ ᠤ ᠪᠦᠯᠢᠨ ᠠᠭᠤᠯᠤᠨ᠎ᠠ ᠃ | ᠬᠡᠪᠡᠯᠢ ᠶᠢᠨ ᠲᠤᠰ ᠭᠠᠵᠠᠷ ᠡᠪᠡᠳᠦᠨ᠎ᠡ ᠂ ᠡᠨᠡ ᠨᠢ ᠠᠳᠤᠭᠤᠨ ᠳᠤ ᠡᠯᠪᠡᠭ ᠲᠣᠬᠢᠶᠠᠯᠳᠤᠨ᠎ᠠ ᠃ | ᠴᠣᠴᠢᠮᠠᠭᠳᠠᠭᠤ ᠬᠡᠯᠪᠡᠷᠢ ᠨᠢ ᠄ ᠨᠤᠲᠤᠭ ᠤᠨ ᠠᠳᠤᠭᠤ ᠂ ᠬᠤᠨᠢᠨ ᠳᠤ ᠲᠣᠬᠢᠶᠠᠯᠳᠤᠨ᠎ᠠ ᠂ ᠪᠠᠭ᠎ᠠ ᠬᠠᠯᠠᠭᠤᠷᠠᠨ᠎ᠠ ᠂ | ᠪᠠᠭᠠᠰᠤ ᠵᠥᠭᠡᠯᠡᠨ ᠪᠠᠶᠢᠨ᠎ᠠ ᠂ ᠲᠡᠵᠢᠭᠡᠯ ᠳᠤ ᠳᠤᠷ᠎ᠠ ᠦᠭᠡᠢ ᠬᠡᠪ ᠢᠶᠠᠷ ᠪᠠᠶᠢᠬᠤ ᠂ ᠤᠰᠤ ᠦᠭᠡᠶᠢᠵᠢᠨᠡ ᠂ ᠦᠨᠢᠶ᠎ᠡ ᠂ | ᠬᠤᠨᠢ ᠬᠡᠭᠡᠯ ᠬᠠᠶᠠᠨ᠎ᠠ ᠂ ᠴᠢᠴᠠᠭ᠎ᠠ ᠠᠯᠳᠠᠨ᠎ᠠ ᠃ | ᠤᠵᠢᠭ ᠬᠡᠯᠪᠡᠷᠢ ᠨᠢ ᠄ ᠭᠠᠭ᠋ᠠᠢ ᠂ ᠦᠬᠡᠷ ᠲᠤ ᠨᠡᠯᠢᠶᠡᠳ ᠡᠯᠪᠡᠭ ᠂ ᠶᠡᠭᠡ ᠪᠠᠷ ᠲᠤᠷᠠᠨ᠎ᠠ ᠂ ᠲᠡᠵᠢᠭᠡᠯ ᠳᠤ ᠳᠤᠷ᠎ᠠ ᠦᠭᠡᠢ | ᠪᠣᠯᠣᠨ᠎ᠠ ᠂ ᠳᠠᠬᠢᠯᠲᠠ ᠲᠠᠢ ᠬᠠᠯᠠᠭᠤᠷᠠᠨ᠎ᠠ ᠂ ᠰᠠᠯᠢᠰᠤ ᠴᠢᠰᠤ ᠲᠠᠢ ᠪᠠᠭᠠᠨ᠎ᠠ ᠂ ᠠᠮᠢᠳᠤ ᠶᠢᠨ ᠵᠢᠩ ᠪᠠᠭᠤᠷᠠᠨ᠎ᠠ ᠂ ᠬᠡᠪᠡᠯᠢ | ᠬᠥᠭᠡᠭᠡᠨ᠎ᠡ ᠃ | ᠤᠷᠢᠳᠴᠢᠯᠠᠨ ᠰᠡᠷᠭᠡᠶᠢᠯᠡᠯᠲᠡ ᠄ ᠴᠢᠰᠤᠨ ᠬᠠᠯᠳᠠᠪᠤᠷᠢᠲᠤ ᠶᠢᠨ ᠨᠢᠭᠡ ᠠᠳᠠᠯᠢ ᠠᠷᠭ᠎ᠠ ᠬᠡᠮᠵᠢᠶ᠎ᠡ ᠶᠢ ᠬᠡᠷᠡᠭᠵᠢᠭᠦᠯᠦᠨ᠎ᠡ ᠃ | | | | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |