| | ᠶᠡᠬᠡᠪᠴᠢᠯᠡᠨ ᠦᠬᠡᠷ ᠡᠪᠡᠳᠴᠢᠯᠡᠬᠦ ᠪᠣᠯᠪᠠᠴᠤ ᠬᠠᠶᠠ ᠬᠤᠨᠢ ᠂ ᠢᠮᠠᠭ᠎ᠠ ᠡᠪᠡᠳᠴᠢᠯᠡᠨ᠎ᠡ ᠃ | ᠬᠠᠯᠠᠭᠤᠷᠠᠯᠲᠠ ᠂ ᠪᠡᠶ᠎ᠡ ᠶᠢᠨ ᠪᠤᠯᠴᠢᠩᠯᠢᠭ ᠬᠡᠰᠡᠭ ᠲᠤ ᠱᠠᠵᠢᠭᠢᠨᠠᠭᠰᠠᠨ ᠳᠠᠭᠤ ᠲᠠᠢ ᠬᠠᠪᠤᠳᠠᠷ ᠡᠭᠦᠰᠬᠡᠳᠡᠭ ᠬᠤᠷᠴᠠ | ᠶᠠᠪᠤᠴᠠ ᠲᠠᠢ ᠬᠠᠯᠳᠠᠪᠤᠷᠢᠲᠤ ᠡᠪᠡᠳᠴᠢᠨ ᠃ | ᠬᠠᠯᠳᠠᠪᠤᠷᠢᠯᠠᠯᠲᠠ ᠄ ᠡᠨᠡ ᠡᠪᠡᠳᠴᠢᠨ ᠢ ᠡᠭᠦᠰᠬᠡᠭᠴᠢ ᠨᠢᠶᠠᠨ ᠨᠢ ᠰᠡᠭ ᠬᠡᠭᠦᠷ ᠢᠶᠠᠷ ᠪᠣᠬᠢᠷᠯᠠᠭᠳᠠᠭᠰᠠᠨ ᠬᠥᠷᠥᠰᠥ ᠂ | ᠪᠡᠯᠴᠢᠭᠡᠷ ᠂ ᠤᠰᠤ ᠂ ᠬᠠᠰᠢᠶ᠎ᠠ ᠬᠤᠷᠤᠭ᠎ᠠ ᠂ ᠲᠣᠨᠤᠭ ᠬᠡᠷᠡᠭᠰᠡᠯ ᠢᠶᠠᠷ ᠳᠡᠮᠵᠢᠨ ᠡᠷᠡᠭᠦᠯ ᠮᠠᠯ ᠤᠨ ᠬᠤᠭᠤᠯᠠ ᠪᠣᠯᠣᠨ | ᠠᠮᠢᠰᠬᠤᠯ ᠤᠨ ᠵᠠᠮ ᠂ ᠪᠡᠶ᠎ᠡ ᠶᠢᠨ ᠭᠠᠳᠠᠨᠠᠬᠢ ᠢᠯᠡ ᠰᠢᠷᠬ᠎ᠠ ᠪᠠᠷ ᠳᠡᠮᠵᠢᠨ ᠬᠠᠯᠳᠠᠨ᠎ᠠ ᠃ | ᠰᠢᠨᠵᠢ ᠲᠡᠮᠳᠡᠭ ᠄ ᠡᠪᠡᠳᠴᠢᠨ ᠭᠡᠨᠡᠳᠲᠡ ᠡᠬᠢᠯᠡᠵᠦ ᠬᠡᠳᠦ ᠬᠡᠳᠦᠨ ᠦᠬᠡᠷ ᠂ ᠢᠮᠠᠭ᠎ᠠ ᠶᠠᠮᠠᠷ ᠨᠢᠭᠡ ᠰᠢᠨᠵᠢ ᠲᠡᠮᠳᠡᠭ | ᠦᠭᠡᠢ ᠪᠠᠷ ᠦᠬᠦᠬᠦ ᠲᠣᠬᠢᠶᠠᠯᠳᠤᠯ ᠪᠤᠢ ᠃ | ᠡᠬᠢᠯᠡᠭᠡᠳ ᠬᠠᠯᠠᠭᠤᠷᠠᠬᠤ ᠪᠤᠶᠤ ᠳᠦᠢᠩᠬᠢ ᠂ ᠦᠯᠪᠡᠭᠡᠷ ᠪᠣᠯᠣᠨ᠎ᠠ ᠃ | ᠳᠣᠭᠤᠯᠠᠩ ᠪᠣᠯᠣᠨ᠎ᠠ ᠂ ᠭᠤᠶ᠎ᠠ ᠂ ᠳᠠᠯ᠎ᠠ ᠂ ᠬᠦᠵᠦᠭᠦᠨ ᠤ ᠵᠤᠵᠠᠭᠠᠨ ᠪᠤᠯᠴᠢᠩ ᠳᠤ ᠬᠠᠯᠠᠭᠤᠨ ᠂ ᠬᠠᠲᠠᠭᠤ ᠡᠮᠵᠡᠭ | ᠬᠠᠪᠤᠩ ᠡᠭᠦᠰᠦᠨ᠎ᠡ ᠃ | ᠤᠳᠠᠯ ᠦᠭᠡᠢ ᠬᠠᠪᠤᠩ ᠨᠢ ᠬᠦᠢᠲᠡᠨ ᠡᠪᠡᠳᠴᠢᠨ ᠦᠭᠡᠢ ᠪᠣᠯᠵᠤ ᠂ ᠢᠯᠢᠵᠦ ᠦᠵᠡᠬᠦ ᠳᠤ ᠱᠠᠵᠢᠭᠢᠨᠠᠨᠠ ᠃ | ᠡᠪᠡᠳᠴᠢᠯᠡᠭᠰᠡᠨ ᠦᠬᠡᠷ 12-48 ᠴᠠᠭ ᠲᠤ ᠦᠬᠦᠨ᠎ᠡ ᠃ | ᠤᠷᠢᠳᠴᠢᠯᠠᠨ ᠰᠡᠷᠭᠡᠶᠢᠯᠡᠯᠲᠡ ᠄ ᠳᠡᠭᠡᠷᠡᠬᠢ ᠰᠢᠨᠵᠢ ᠲᠡᠮᠳᠡᠭ ᠢᠯᠡᠷᠡᠭᠰᠡᠨ ᠦᠶ᠎ᠡ ᠳᠤ ᠡᠪᠡᠳᠴᠢᠲᠡᠶ ᠮᠠᠯ ᠢ | ᠲᠤᠰᠠᠭᠠᠷᠯᠠᠨ ᠃ | ᠦᠬᠡᠷ ᠢ ᠳᠥᠩᠭᠡᠵᠢ ᠡᠪᠡᠳᠴᠢᠯᠡᠵᠦ ᠡᠬᠢᠯᠡᠬᠦ ᠦᠶ᠎ᠡ ᠳᠤ ᠨᠢᠶᠠᠨ ᠳᠠᠷᠤᠭᠴᠢ ᠪᠠᠷ ᠡᠮᠴᠢᠯᠡᠵᠦ ᠪᠣᠯᠣᠨ᠎ᠠ ᠃ | ᠣᠷᠣᠶᠢᠲᠠᠭᠰᠠᠨ ᠦᠶ᠎ᠡ ᠳᠤ ᠠᠮᠵᠢᠯᠲᠠ ᠮᠠᠭᠤ ᠃ | ᠡᠪᠡᠳᠴᠢᠨ ᠢᠯᠡᠷᠡᠮᠡᠭᠴᠡ ᠡᠪᠡᠳᠴᠢᠯᠡᠵᠦ ᠪᠣᠯᠬᠤ ᠪᠦᠬᠦ ᠮᠠᠯ ᠢ ᠸᠠᠺᠼᠢᠨ ᠢᠶᠠᠷ ᠲᠠᠷᠢᠨ᠎ᠠ ᠃ | ᠸᠠᠺᠼᠢᠨ ᠤ ᠬᠠᠮᠠᠭᠠᠯᠠᠬᠤ ᠦᠢᠯᠡᠴᠢᠯᠡᠯ ᠡᠬᠢᠯᠡᠬᠦ ᠬᠦᠷᠲᠡᠯ᠎ᠡ 10 ᠬᠤᠨᠤᠭ ᠲᠤ ᠨᠢᠶᠠᠨ ᠳᠠᠷᠤᠭᠴᠢ ᠲᠠᠷᠢᠨ᠎ᠠ ᠃ | 2-6 ᠰᠠᠷ᠎ᠠ ᠲᠠᠢ ᠲᠤᠭᠤᠯ ᠢ 14 ᠬᠤᠨᠤᠭ ᠤᠨ ᠵᠠᠪᠰᠠᠷ ᠲᠠᠢ 2 ᠤᠳᠠᠭ᠎ᠠ ᠲᠠᠷᠢᠭᠠᠳ ᠂ ᠵᠢᠯ ᠤᠨ ᠳᠠᠷᠠᠭ᠎ᠠ | ᠲᠠᠷᠢᠳᠠᠭ ᠃ | ᠦᠬᠦᠭᠰᠡᠨ ᠮᠠᠯ ᠤᠨ ᠬᠡᠭᠦᠷ ᠢ 2 ᠮᠧᠲᠷ ᠭᠦᠨ ᠨᠦᠬᠡᠨ ᠳᠤ ᠪᠤᠯᠠᠬᠤ ᠡᠰᠡᠪᠡᠯ ᠰᠢᠲᠠᠭᠠᠵᠤ ᠤᠰᠠᠳᠬᠠᠨ᠎ᠠ ᠃ | | | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |