ᠭᠠᠭ᠋ᠠᠢ ᠶᠢᠨ ᠶᠣᠯᠮ᠎ᠠ
ᠨᠡᠶᠢᠲᠡᠯᠡᠭᠰᠡᠨ ᠴᠠᠭ᠄
2021/11/25
ᠭᠠᠭ᠋ᠠᠢ ᠶᠢᠨ ᠬᠠᠯᠳᠠᠪᠤᠷᠢᠲᠤ ᠡᠪᠡᠳᠴᠢᠨ ᠃ ᠤᠭ ᠡᠪᠡᠳᠴᠢᠨ ᠤ ᠦᠶ᠎ᠡ ᠳᠤ ᠴᠢᠰᠤ ᠦᠵᠢᠬᠦ ᠶᠢᠨ ᠵᠡᠷᠭᠡᠴᠡᠭᠡ ᠠᠷᠠᠰᠤ ᠂ ᠵᠢᠷᠦᠬᠡ ᠂ ᠦᠶ᠎ᠡ ᠨᠦᠭᠦᠳ ᠳᠡᠭᠡᠷ᠎ᠡ ᠭᠤᠯᠣᠮᠲᠠ ᠡᠭᠦᠰᠳᠡᠭ ᠃ ᠬᠥᠮᠦᠨ ᠤᠭ ᠡᠪᠡᠳᠴᠢᠨ ᠢᠶᠠᠷ ᠬᠠᠯᠳᠠᠪᠤᠷᠢᠯᠠᠵᠤ ᠪᠣᠯᠣᠨ᠎ᠠ ᠃ ᠬᠠᠯᠳᠠᠪᠤᠷᠢᠯᠠᠯᠲᠠ ᠂ ᠡᠮᠭᠡᠭ ᠶᠠᠪᠤᠴᠠ ᠄ ᠡᠪᠡᠳᠴᠢᠨ ᠢᠶᠠᠷ ᠲᠠᠶᠢᠪᠤᠩ ᠪᠤᠰᠤ ᠨᠤᠲᠤᠭ ᠤᠨ ᠥᠰᠪᠦᠷᠢ ᠨᠠᠰᠤᠨ ᠤ ᠭᠠᠭ᠋ᠠᠢ ᠡᠪᠡᠳᠴᠢᠯᠡᠨ᠎ᠡ ᠃ ᠡᠬᠡ ᠶᠢᠨ ᠰᠦ ᠪᠠᠷ ᠳᠠᠮᠵᠢᠭᠤᠯᠤᠨ ᠠᠪᠤᠭᠰᠠᠨ ᠳᠠᠷᠬᠠᠯᠠᠭ᠎ᠠ ᠲᠡᠳᠡᠭᠡᠷ ᠢ ᠢᠯᠡᠳᠲᠡ ᠢᠯᠡᠷᠡᠬᠦ ᠡᠪᠡᠳᠴᠢᠨ ᠠᠴᠠ ᠰᠡᠷᠭᠡᠶᠢᠯᠡᠨ᠎ᠡ ᠃ ᠡᠭᠦᠰᠬᠡᠭᠴᠢ ᠠᠮᠠ ᠂ ᠪᠣᠯᠣᠨ ᠠᠷᠠᠰᠤ ᠪᠠᠷ ᠨᠡᠪᠲᠡᠷᠡᠵᠦ 24 ᠴᠠᠭ ᠠᠴᠠ ᠪᠠᠭ᠎ᠠ ᠬᠤᠭᠤᠴᠠᠭᠠᠨ ᠤ ᠳᠣᠲᠣᠷ᠎ᠠ ᠪᠡᠶ᠎ᠡ ᠳᠤ ᠦᠷᠡᠵᠢᠵᠦ ᠂ ᠴᠢᠰᠤ ᠶᠢ ᠨᠢᠶᠠᠨ ᠲᠠᠢ ᠪᠣᠯᠭᠠᠨ᠎ᠠ ᠃ ᠡᠭᠦᠰᠭᠡᠭᠴᠢ ᠶᠢᠨ ᠡᠮᠭᠡᠭ ᠲᠥᠷᠥᠭᠦᠯᠬᠦ ᠴᠢᠨᠠᠷ ᠂ ᠴᠢᠰᠤᠨ ᠳᠤ ᠬᠠᠳᠠᠭᠠᠯᠠᠭᠳᠠᠬᠤ ᠡᠵᠡᠨ ᠠᠮᠢᠲᠠᠳ ᠤᠨ ᠮᠡᠳᠡᠷᠡᠮᠡᠲᠡᠭᠡᠢ ᠪᠠᠶᠢᠳᠠᠯ ᠵᠡᠷᠭᠡ ᠠᠴᠠ ᠡᠪᠡᠳᠴᠢᠨ ᠤ ᠪᠠᠶᠢᠳᠠᠯ ᠶᠡᠬᠡᠬᠡᠨ ᠬᠠᠮᠢᠶᠠᠷᠤᠨ᠎ᠠ ᠃ ᠬᠠᠯᠳᠠᠪᠤᠷᠢᠯᠠᠭᠰᠠᠨ ᠭᠠᠭ᠋ᠠᠢ ᠶᠢᠨ ᠪᠡᠶ᠎ᠡ ᠠᠴᠠ ᠭᠠᠳᠠᠭᠰᠢᠯᠠᠭᠰᠠᠨ ᠨᠢᠶᠠᠨ ᠬᠥᠷᠥᠰᠥᠨ ᠳᠤ ᠪᠣᠭᠤᠨᠢ ᠬᠤᠭᠤᠴᠠᠭᠠᠨ ᠳᠤ ᠠᠮᠢᠳᠤᠷᠠᠨ᠎ᠠ ᠃ ᠡᠪᠡᠳᠴᠢᠯᠡᠭᠡᠳ ᠡᠳᠡᠭᠡᠷᠡᠭᠰᠡᠨ ᠪᠣᠯᠣᠨ ᠤᠵᠢᠭ ᠶᠣᠯᠮ᠎ᠠ ᠲᠠᠢ ᠭᠠᠭ᠋ᠠᠢ ᠡᠭᠦᠰᠬᠡᠭᠴᠢ ᠶᠢ ᠪᠦᠬᠦ ᠨᠠᠰᠤ ᠪᠠᠷ ᠢᠶᠠᠨ ᠲᠡᠭᠡᠭᠡᠭᠴᠢ ᠪᠣᠯᠳᠠᠭ ᠃ ᠰᠢᠨᠵᠢ ᠲᠡᠮᠳᠡᠭ ᠄ ᠴᠣᠴᠢᠮᠠᠭ ᠬᠡᠯᠪᠡᠷᠢ ᠃ 40-42 ᠬᠡᠮ ᠬᠦᠷᠲᠡᠯ᠎ᠡ ᠬᠠᠯᠠᠭᠤᠷᠠᠨ᠎ᠠ ᠂ ᠲᠡᠵᠢᠭᠡᠯ ᠳᠤ ᠪᠠᠨ ᠳᠤᠷ᠎ᠠ ᠦᠭᠡᠢ ᠪᠣᠯᠵᠤ ᠦᠬᠦᠭᠡᠨᠴᠡ ᠲᠣᠷᠣᠢ ᠂ ᠬᠥᠳᠡᠯᠬᠦ ᠳᠤ ᠪᠠᠨ ᠳᠤᠷ᠎ᠠ ᠦᠭᠡᠢ ᠪᠣᠯᠣᠨ᠎ᠠ ᠂ ᠡᠬᠡ ᠠᠴᠠ ᠢᠯᠭᠠᠭᠰᠠᠨ ᠲᠣᠣᠷᠠᠢ ᠴᠢᠴᠠᠭ᠎ᠠ ᠠᠯᠳᠠᠨ᠎ᠠ ᠂ ᠨᠠᠰᠤ ᠭᠦᠢᠴᠡᠭᠰᠡᠨ ᠭᠠᠭ᠋ᠠᠢ ᠶᠢᠨ ᠪᠠᠭᠠᠰᠤ ᠬᠠᠲᠠᠨ᠎ᠠ ᠂ ᠬᠠᠮᠠᠷ ᠂ ᠴᠢᠬᠢ ᠬᠥᠬᠡ ᠶᠠᠭᠠᠨ ᠪᠣᠯᠣᠨ᠎ᠠ ᠂ ᠠᠷᠠᠰᠤᠨ ᠳᠡᠭᠡᠷ᠎ᠡ ᠵᠢᠵᠢᠭ ᠶᠠᠭᠠᠨ ᠲᠤᠭᠤᠷᠠᠯᠲᠠ ᠂ ᠪᠡᠶ᠎ᠡ ᠶᠢ ᠪᠦᠬᠦᠯᠢ ᠳᠤ ᠨᠢ ᠬᠠᠮᠤᠷᠤᠨ᠎ᠠ ᠂ ᠤᠯᠠᠭᠠᠨ ᠂ ᠶᠠᠭᠠᠨ ᠂ ᠬᠥᠬᠡ ᠂ ᠶᠠᠭᠠᠨ ᠥᠩᠭᠡ ᠲᠠᠢ ᠂ ᠷᠣᠮᠪ ᠳᠥᠷᠪᠡᠯᠵᠢᠨ ᠬᠡᠯᠪᠡᠷᠢ ᠶᠢᠨ ᠭᠡᠮᠲᠦᠯ ᠤᠳ ᠢᠯᠡᠷᠡᠨ᠎ᠡ ᠃ ᠴᠣᠴᠢᠮᠠᠭᠳᠠᠭᠤ ᠬᠡᠯᠪᠡᠷᠢ ᠄ ᠬᠠᠯᠠᠭᠤᠷᠠᠨ᠎ᠠ ᠂ ᠭᠡᠬᠦ ᠳᠤ ᠪᠠᠨ ᠲᠣᠭᠲᠠᠮᠠᠯ ᠪᠢᠰᠢ ᠲᠡᠵᠢᠭᠡᠯ ᠳᠤ ᠪᠠᠨ ᠳᠤᠷ᠎ᠠ ᠦᠭᠡᠢ ᠪᠣᠯᠣᠨ᠎ᠠ ᠂ ᠵᠥᠪᠬᠡᠨ ᠲᠠᠭᠤᠬᠤ ᠳᠤ ᠯᠡ ᠬᠥᠳᠡᠯᠦᠨ᠎ᠡ ᠂ ᠪᠠᠭᠠᠰᠤ ᠬᠡᠪ ᠤᠨ ᠃ ᠤᠵᠢᠭ ᠬᠡᠯᠪᠡᠷᠢ ᠨᠢ ᠴᠣᠴᠢᠮᠠᠭ ᠪᠣᠯᠣᠨ ᠴᠣᠴᠢᠮᠠᠭᠳᠠᠭᠤ ᠶᠠᠪᠤᠴᠠ ᠶᠢᠨ ᠳᠠᠷᠠᠭ᠎ᠠ ᠢᠯᠡᠷᠡᠨ᠎ᠡ ᠂ ᠶᠠᠷᠠᠰᠢᠯᠲᠠ ᠪᠤᠢ ᠪᠣᠯᠵᠤ ᠬᠤᠪᠬᠤᠷᠠᠨ᠎ᠠ ᠂ ᠴᠢᠬᠢ ᠂ ᠰᠡᠭᠦᠯ ᠤᠨ ᠦᠵᠦᠭᠦᠷ ᠂ ᠲᠤᠷᠤᠭᠤ ᠲᠠᠰᠤᠷᠠᠵᠤ ᠤᠨᠠᠨ᠎ᠠ ᠂ ᠨᠡᠯᠢᠶᠡᠳ ᠬᠡᠳᠦᠨ ᠦᠶ᠎ᠡ ᠦᠷᠪᠢᠰᠦᠨ᠎ᠡ ᠂ ᠠᠮᠢᠰᠬᠤᠯ ᠬᠦᠨᠳᠦᠷᠡᠬᠦ ᠂ ᠳᠤᠲᠠᠭᠳᠠᠬᠤ ᠂ ᠪᠡᠶ᠎ᠡ ᠶᠢᠨ ᠳᠣᠣᠷᠠᠳᠤ ᠬᠡᠰᠡᠭ ᠲᠤ ᠬᠠᠪᠤᠩᠨᠠᠬᠤ ᠂ ᠨᠣᠬᠠᠢ ᠰᠠᠭᠤᠳᠠᠯ ᠢᠶᠠᠷ ᠰᠠᠭᠤᠬᠤ ᠵᠡᠷᠭᠡ ᠠᠴᠠ ᠵᠢᠷᠦᠬᠡᠨ ᠤ ᠦᠢᠯᠡ ᠠᠵᠢᠯᠯᠠᠭ᠎ᠠ ᠬᠠᠩᠭᠠᠯᠲᠠ ᠦᠭᠡᠢ ᠪᠣᠯᠣᠨ᠎ᠠ ᠃ ᠡᠪᠡᠳᠴᠢᠯᠡᠯ ᠤᠨ ᠰᠢᠨᠵᠢ ᠲᠡᠮᠳᠡᠭ ᠠᠵᠢᠭᠯᠠᠭᠳᠠᠬᠤ ᠦᠭᠡᠢ ᠪᠠᠶᠢᠳᠠᠯ ᠨᠡᠯᠢᠶᠡᠳ ᠡᠯᠪᠡᠭ ᠲᠣᠬᠢᠶᠠᠯᠳᠤᠨ᠎ᠠ ᠃ ᠤᠷᠢᠳᠴᠢᠯᠠᠨ ᠰᠡᠷᠭᠡᠶᠢᠯᠡᠯᠲᠡ ᠄ ᠭᠠᠭ᠋ᠠᠢ ᠳᠤ ᠪᠠᠶᠢᠩᠭᠤ ᠦᠵᠡᠯᠭᠡ ᠬᠢᠵᠦ ᠡᠨᠡ ᠡᠪᠡᠳᠴᠢᠨ ᠤ ᠡᠰᠡᠷᠭᠦ ᠵᠣᠷᠢᠭᠤᠯᠤᠯᠲᠠ ᠶᠢᠨ ᠸᠠᠺᠼᠢᠨ ᠲᠠᠷᠢᠵᠤ ᠳᠠᠷᠬᠠᠯᠠᠭ᠎ᠠ ᠲᠠᠢ ᠪᠣᠯᠭᠠᠬᠤ ᠳᠤ ᠣᠷᠣᠰᠢᠨ᠎ᠠ ᠃ ᠃ ᠭᠠᠭ᠋ᠠᠢ ᠶᠢᠨ ᠪᠠᠶᠢᠷᠢᠨ ᠳᠤ ᠠᠷᠢᠭᠤᠳᠬᠠᠯ ᠬᠠᠯᠳᠠᠪᠤᠷᠢ ᠦᠭᠡᠶᠢᠵᠢᠭᠦᠯᠦᠯᠲᠡ ᠲᠣᠭᠲᠠᠮᠠᠯ ᠬᠢᠨ᠎ᠡ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号