ᠳᠣᠲᠣᠷ᠎ᠠ ᠶᠢᠨ ᠬᠠᠯᠳᠠᠪᠤᠷᠢᠲᠤ ᠬᠤᠣᠷᠳᠠᠯᠭ᠎ᠠ
ᠨᠡᠶᠢᠲᠡᠯᠡᠭᠰᠡᠨ ᠴᠠᠭ᠄
2021/11/25
ᠪᠣᠭ ᠮᠠᠯ ᠤᠨ ᠴᠣᠴᠢᠮᠠᠭ ᠬᠠᠯᠳᠠᠪᠤᠷᠢᠲᠤ ᠡᠪᠡᠳᠴᠢᠨ ᠃ ᠣᠷᠣᠨ ᠨᠤᠲᠤᠭ ᠲᠤ ︽ᠴᠣᠪᠬᠤᠷᠭ᠎ᠠ ︾᠎ ᠂ ︽ᠨᠣᠭᠤᠭᠠᠨ ᠤ ᠬᠤᠣᠷᠳᠠᠯᠭ᠎ᠠ ︾ ᠭᠡᠬᠦ ᠮᠡᠲᠦ ᠪᠠᠷ ᠨᠡᠷᠡᠯᠡᠵᠦ ᠢᠷᠡᠭᠰᠡᠨ ᠃ ᠡᠪᠡᠳᠴᠢᠨ ᠭᠠᠷᠪᠠᠯ ᠰᠦᠷᠦᠭ ᠤᠨ 25-30 ᠬᠦᠷᠲᠡᠯ᠎ᠡ ᠬᠤᠪᠢ ᠨᠢ ᠡᠪᠡᠳᠴᠢᠯᠡᠵᠦ ᠂ ᠦᠬᠦᠯ 80-100 ᠬᠤᠪᠢ ᠪᠠᠶᠢᠳᠠᠭ ᠃ ᠡᠭᠦᠰᠬᠡᠭᠴᠢ ᠨᠢ ᠄ ᠠᠭᠠᠷ ᠦᠭᠡᠶ ᠣᠷᠴᠢᠨ ᠳᠤ ᠠᠮᠠᠷᠬᠠᠨ ᠦᠷᠡᠵᠢᠵᠦ ᠡᠪᠡᠳᠴᠢᠨ ᠡᠭᠦᠰᠬᠡᠳᠡᠭ ᠨᠢᠶᠠᠨ ᠃ ᠡᠨᠡ ᠨᠢ ᠮᠠᠯ ᠤᠨ ᠨᠠᠷᠢᠨ ᠭᠡᠳᠡᠰᠦᠨ ᠤ ᠬᠠᠨ᠎ᠠ ᠪᠠᠷ ᠰᠢᠮᠡᠭᠳᠡᠨ ᠪᠦᠬᠦ ᠪᠡᠶ᠎ᠡ ᠳᠤ ᠲᠠᠷᠬᠠᠨ᠎ᠠ ᠃ ᠬᠠᠯᠳᠠᠪᠤᠷᠢᠯᠠᠯᠲᠠ ᠡᠮᠭᠡᠭ ᠄ ᠬᠠᠯᠳᠠᠪᠤᠷᠢ ᠶᠢᠨ ᠡᠬᠡ ᠨᠢ ᠡᠪᠡᠳᠴᠢᠲᠡᠶ ᠮᠠᠯ ᠂ ᠰᠡᠭ ᠬᠡᠭᠦᠷ ᠂ ᠲᠡᠳᠡᠭᠡᠷ ᠢᠶᠠᠷ ᠪᠣᠬᠢᠷᠯᠠᠭᠳᠠᠭᠰᠠᠨ ᠬᠥᠷᠥᠰᠥ ᠂ ᠤᠷᠭᠤᠮᠠᠯ ᠂ ᠤᠰᠤ ᠂ ᠬᠠᠰᠢᠶ᠎ᠠ ᠪᠠᠶᠢᠷᠢ ᠂ ᠬᠡᠪᠲᠡᠷᠢ ᠪᠠᠭᠤᠴᠠ ᠂ ᠲᠣᠨᠤᠭ ᠬᠡᠷᠡᠭᠰᠡᠯ ᠶᠤᠮ ᠃ ᠡᠭᠦᠰᠬᠡᠭᠴᠢ ᠨᠢ ᠮᠠᠯ ᠤᠨ ᠬᠤᠳᠣᠭᠤᠳᠣ ᠭᠡᠳᠡᠰᠦᠨ ᠳᠤ ᠲᠣᠭᠲᠠᠮᠠᠯ ᠪᠠᠶᠢᠳᠠᠭ ᠨᠢᠶᠠᠨ ᠪᠥᠭᠡᠳ ᠮᠠᠯ ᠤᠨ ᠪᠡᠶ᠎ᠡ ᠰᠤᠯᠠᠷᠠᠵᠤ ᠂ ᠲᠤᠷᠠᠵᠤ ᠡᠴᠡᠵᠦ ᠂ ᠥᠯᠥᠰᠴᠦ ᠴᠠᠩᠭᠠᠬᠤ ᠵᠡᠷᠭᠡ ᠠᠴᠠ ᠰᠢᠯᠲᠠᠭᠠᠯᠠᠨ ᠬᠤᠳᠣᠭᠤᠳᠣ ᠭᠡᠳᠡᠰᠦᠨ ᠤ ᠦᠢᠯᠡ ᠠᠵᠢᠯᠯᠠᠭ᠎ᠠ ᠬᠢᠮᠤᠷᠠᠬᠤ ᠦᠶ᠎ᠡ ᠳᠤ ᠮᠠᠯ ᠡᠪᠡᠳᠴᠢᠯᠡᠭᠦᠯᠳᠡᠭ ᠃ ᠬᠠᠪᠤᠷ ᠨᠣᠭᠤᠭ᠎ᠠ ᠭᠠᠷᠬᠤ ᠦᠶ᠎ᠡ ᠪᠠᠷ ᠮᠥᠨ ᠵᠤᠨ ᠂ ᠨᠠᠮᠤᠷ ᠲᠤ ᠨᠣᠭᠤᠭ᠎ᠠ ᠬᠡᠨᠵᠡᠯᠡᠬᠦ ᠴᠠᠭ ᠢᠶᠠᠷ ᠭᠤᠣᠯ ᠲᠥᠯᠥᠪ ᠢᠯᠡᠷᠡᠳᠡᠭ ᠤᠴᠢᠷ ᠠᠴᠠ ᠮᠠᠯᠴᠢᠳ ︽ᠨᠣᠭᠤᠭᠠᠨ ᠤ ᠬᠤᠣᠷᠳᠠᠯᠭ᠎ᠠ ︾ ᠭᠡᠵᠦ ᠣᠶᠢᠯᠠᠭᠠᠳᠠᠭ ᠃ ᠰᠢᠨ᠎ᠡ ᠰᠢᠭᠦᠰᠦᠯᠢᠭ ᠨᠣᠭᠤᠭ᠎ᠠ ᠶᠢ ᠭᠡᠨᠡᠳᠲᠡ ᠶᠡᠭᠡ ᠪᠠᠷ ᠢᠳᠡᠬᠦ ᠨᠢ ᠭᠡᠳᠡᠰᠦᠨ ᠤ ᠬᠥᠳᠡᠯᠭᠡᠭᠡᠨ ᠰᠢᠭᠦᠷᠡᠯ ᠢ ᠣᠭᠵᠣᠮ ᠥᠭᠡᠷᠡᠴᠢᠯᠡᠳᠡᠭ ᠨᠢ ᠡᠨᠡ ᠨᠢᠶᠠᠨ ᠤ ᠲᠦᠷᠭᠡᠨ ᠦᠷᠡᠵᠢᠬᠦ ᠨᠥᠬᠦᠴᠡᠯ ᠪᠣᠯᠳᠠᠭ ᠃ ᠨᠢᠶᠠᠨ ᠨᠢ ᠡᠨᠡ ᠦᠶ᠎ᠡ ᠳᠤ ᠶᠡᠭᠡ ᠬᠤᠣᠷ ᠢᠯᠭᠠᠷᠠᠭᠤᠯᠬᠤ ᠪᠥᠭᠡᠳ ᠬᠤᠣᠷ ᠭᠡᠳᠡᠰᠦᠨ ᠤ ᠬᠠᠨ᠎ᠠ ᠂ ᠡᠯᠢᠭᠡ ᠂ ᠪᠥᠭᠡᠷ᠎ᠡ ᠂ ᠲᠠᠷᠢᠬᠢ ᠶᠢ ᠭᠡᠮᠲᠦᠭᠡᠵᠦ ᠶᠡᠷᠦᠩᠬᠡᠢ ᠬᠤᠣᠷᠳᠠᠯᠭ᠎ᠠ ᠡᠭᠦᠰᠦᠨ᠎ᠡ ᠃ ᠰᠢᠨᠵᠢ ᠲᠡᠮᠳᠡᠭ ᠄ ᠡᠨᠡ ᠡᠪᠡᠳᠴᠢᠨ ᠭᠱᠠᠨ ᠵᠠᠭᠤᠷ᠎ᠠ ᠴᠣᠴᠢᠮᠠᠭ ᠂ ᠴᠣᠴᠢᠮᠠᠭᠳᠠᠭᠤ ᠂ ᠤᠵᠢᠭ ᠭᠡᠰᠡᠨ 4 ᠬᠡᠯᠪᠡᠷᠢ ᠪᠠᠷ ᠢᠯᠡᠷᠡᠨ᠎ᠡ ᠃ ᠡᠪᠡᠳᠴᠢᠯᠡᠭᠰᠡᠨ ᠮᠠᠯ ᠰᠢᠨᠵᠢ ᠲᠡᠮᠳᠡᠭ ᠦᠵᠡᠭᠦᠯᠬᠦ ᠦᠭᠡᠢ ᠭᠡᠨᠡᠳᠲᠡ ᠦᠬᠦᠬᠦ ᠲᠣᠬᠢᠶᠠᠯᠳᠤᠯ ᠢ ᠭᠱᠠᠨ ᠵᠠᠭᠤᠷ᠎ᠠ ᠶᠢᠨ ᠬᠡᠯᠪᠡᠷᠢ ᠭᠡᠨ᠎ᠡ ᠃ ᠴᠣᠴᠢᠮᠠᠭ ᠬᠡᠯᠪᠡᠷᠢ ᠶᠢᠨ ᠦᠶ᠎ᠡ ᠳᠤ ᠭᠡᠳᠡᠰᠦ ᠳᠦᠭᠦᠷᠬᠦ ᠂ ᠲᠠᠲᠠᠵᠤ ᠤᠨᠠᠬᠤ ᠂ ᠬᠥᠳᠡᠯᠭᠡᠭᠡᠨ ᠤ ᠵᠣᠬᠢᠴᠠᠯ ᠠᠯᠳᠠᠭᠳᠠᠵᠤ ᠭᠤᠶᠢᠪᠢᠵᠤ ᠳᠠᠶᠢᠪᠢᠬᠤ ᠂ ᠰᠢᠳᠦ ᠪᠠᠨ ᠵᠣᠭᠰᠣᠯᠲᠠ ᠦᠭᠡᠢ ᠬᠠᠪᠢᠷᠬᠤ ᠂ ᠠᠮᠠ ᠬᠠᠮᠠᠷ ᠠᠴᠠ ᠴᠢᠰᠤ ᠲᠠᠢ ᠰᠢᠯᠦᠰᠦ ᠬᠥᠭᠡᠰᠦ ᠭᠠᠷᠬᠤ ᠂ ᠣᠭᠵᠣᠮ ᠬᠠᠯᠠᠭᠤᠷᠠᠬᠤ ᠰᠢᠨᠵᠢ ᠲᠡᠮᠳᠡᠭ ᠢᠯᠡᠷᠡᠵᠦ 24-48 ᠴᠠᠭ ᠤᠨ ᠳᠣᠲᠣᠷ᠎ᠠ ᠦᠬᠦᠨ᠎ᠡ ᠃ ᠴᠣᠴᠢᠮᠠᠭᠳᠠᠭᠤ ᠬᠡᠯᠪᠡᠷᠢ ᠶᠢᠨ ᠦᠶ᠎ᠡ ᠳᠤ ᠮᠠᠯ ᠲᠡᠵᠢᠭᠡᠯ ᠳᠤ ᠪᠠᠨ ᠳᠤᠷ᠎ᠠ ᠦᠭᠡᠢ ᠪᠣᠯᠵᠤ ᠦᠯᠪᠡᠶᠢᠵᠤ ᠂ ᠭᠠᠵᠠᠷ ᠰᠢᠨᠵᠢᠯᠡᠵᠦ ᠵᠣᠭᠰᠣᠬᠤ ᠂ ᠭᠤᠶᠢᠪᠢᠵᠤ ᠳᠠᠶᠢᠪᠢᠬᠤ ᠂ ᠴᠢᠰᠤ ᠂ ᠴᠢᠴᠠᠭ᠎ᠠ ᠠᠯᠳᠠᠬᠤ ᠂ ᠰᠢᠭᠡᠰᠦ ᠨᠢ ᠤᠯᠠᠭᠠᠨ ᠬᠦᠷᠡᠩ ᠥᠩᠭᠡ ᠲᠠᠢ ᠭᠠᠷᠬᠤ ᠰᠢᠨᠵᠢ ᠲᠡᠮᠳᠡᠭ ᠦᠵᠡᠭᠦᠯᠵᠦ 2-3 ᠬᠤᠨᠣᠭᠠᠳ ᠦᠬᠦᠨ᠎ᠡ ᠃ ᠤᠷᠢᠳᠴᠢᠯᠠᠨ ᠰᠡᠷᠭᠡᠶᠢᠯᠡᠯᠲᠡ ᠄ ᠡᠨᠡ ᠡᠪᠡᠳᠴᠢᠨ ᠤ ᠡᠰᠡᠷᠭᠦ ᠵᠣᠷᠢᠭᠤᠯᠤᠯᠲᠠ ᠶᠢᠨ ᠸᠠᠺᠼᠢᠨ ᠲᠠᠷᠢᠵᠤ ᠳᠠᠷᠬᠠᠯᠠᠭ᠎ᠠ ᠲᠠᠢ ᠪᠣᠯᠭᠠᠬᠤ ᠳᠤ ᠣᠷᠣᠰᠢᠨ᠎ᠠ ᠃ ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号