ᠭᠠᠯᠵᠠᠭᠤ 
ᠨᠡᠶᠢᠲᠡᠯᠡᠭᠰᠡᠨ ᠴᠠᠭ᠄
2021/11/25
ᠪᠦᠬᠦ ᠲᠥᠷᠥᠯ ᠤᠨ ᠮᠠᠯ ᠂ ᠲᠡᠵᠢᠭᠡᠪᠦᠷᠢ ᠪᠣᠯᠣᠨ ᠵᠡᠷᠯᠢᠭ ᠬᠠᠯᠠᠭᠤᠨ ᠴᠢᠰᠤᠲᠤ ᠠᠮᠢᠲᠠᠨ ᠡᠪᠡᠳᠴᠢᠯᠡᠳᠡᠭ ᠂ ᠮᠡᠳᠡᠷᠡᠯ ᠤᠨ ᠬᠡᠲᠦ ᠴᠣᠴᠢᠷᠯ ᠂ ᠰᠠ ᠲᠤᠰᠴᠤ ᠢᠯᠡᠷᠡᠳᠡᠭ ᠂ ᠬᠤᠷᠴᠠ ᠤᠷᠤᠰᠬᠠᠯ ᠶᠠᠪᠤᠴᠠ ᠲᠠᠢ ᠡᠪᠡᠳᠴᠢᠨ ᠶᠤᠮ ᠃ ᠬᠥᠮᠦᠨ ᠡᠪᠡᠳᠴᠢᠯᠡᠵᠦ ᠦᠬᠦᠨ᠎ᠡ ᠃ ᠡᠭᠦᠰᠬᠡᠭᠴᠢ ᠨᠢ ᠄ ᠭᠠᠯᠵᠠᠭᠤ ᠶᠢᠨ ᠸᠢᠷᠦ᠋ᠰ ᠂ ᠲᠡᠭᠦᠨ ᠢᠶᠠᠷ ᠡᠭᠦᠰᠳᠡᠭ ᠡᠪᠡᠳᠴᠢᠨ ᠨᠢ ᠶᠠᠫᠤᠨ ᠂ ᠠᠦ᠋ᠰᠲᠷᠠᠯᠢᠶ᠎ᠠ ᠵᠡᠷᠭᠡ ᠣᠷᠣᠨ ᠠᠴᠠ ᠪᠤᠰᠤᠳ ᠳᠡᠯᠡᠬᠡᠢ ᠶᠢᠨ ᠪᠠᠷᠤᠭ ᠪᠦᠬᠦ ᠣᠷᠣᠨ ᠳᠤ ᠢᠯᠡᠷᠡᠳᠡᠭ ᠃ ᠬᠠᠯᠳᠠᠪᠤᠷᠢᠯᠠᠯᠲᠠ ᠂ ᠡᠮᠭᠡᠭ ᠶᠠᠪᠤᠴᠠ ᠄ ᠸᠢᠷᠦ᠋ᠰ ᠨᠢ ᠰᠢᠯᠦᠰᠦᠨ ᠳᠤ ᠠᠭᠤᠯᠤᠭᠳᠠᠳᠠᠭ ᠪᠥᠭᠡᠳ ᠭᠠᠯᠵᠠᠭᠤᠷᠠᠭᠰᠠᠨ ᠠᠮᠢᠲᠠᠨ ᠳᠤ ᠬᠠᠵᠠᠭᠤᠯᠠᠭᠰᠠᠨ ᠠᠴᠠ ᠡᠭᠦᠰᠦᠭᠰᠡᠨ ᠰᠢᠷᠬ᠎ᠠ ᠪᠠᠷ ᠸᠢᠷᠦ᠋ᠰ ᠲᠠᠢ ᠰᠢᠯᠦᠰᠦ ᠪᠡᠶ᠎ᠡ ᠳᠤ ᠨᠡᠪᠲᠡᠷᠡᠨ᠎ᠡ ᠃ ᠭᠠᠯᠵᠠᠭᠤ ᠠᠮᠢᠲᠠᠨ ᠤ ᠰᠠᠷᠪᠠᠭᠤ ᠂ ᠬᠢᠮᠤᠰᠤᠨ ᠳᠤ ᠨᠠᠭᠠᠯᠳᠤᠭᠰᠠᠨ ᠰᠢᠯᠦᠰᠦᠨ ᠠᠴᠠ᠂ ᠰᠢᠷᠬ᠎ᠠ ᠪᠠᠷ ᠪᠠᠰᠠ ᠳᠠᠮᠵᠢᠵᠤ ᠬᠠᠯᠳᠠᠵᠤ ᠪᠣᠯᠣᠨ᠎ᠠ ᠃ ᠸᠢᠷᠦ᠋ᠰ ᠮᠡᠳᠡᠷᠡᠯ ᠤᠨ ᠰᠤᠳᠠᠯ ᠢᠶᠠᠷ ᠳᠡᠮᠵᠢᠨ ᠲᠠᠷᠢᠬᠢᠨ ᠳᠤ ᠬᠦᠷᠴᠦ ᠤᠯᠠᠮ ᠢᠶᠠᠷ ᠮᠠᠰᠢ ᠲᠦᠷᠭᠡᠨ ᠦᠷᠡᠵᠢᠳᠡᠭ ᠃ ᠠᠳᠡ ᠠᠴᠠ ᠸᠢᠷᠦ᠋ᠰ ᠪᠦᠬᠦ ᠪᠡᠶ᠎ᠡ ᠪᠠᠷ ᠲᠠᠷᠬᠠᠳᠠᠭ ᠪᠥᠭᠡᠳ ᠰᠢᠯᠦᠰᠦᠨ ᠤ ᠪᠤᠯᠴᠢᠷᠬᠠᠢ ᠳᠤ ᠬᠤᠷᠠᠮᠳᠤᠯᠠᠭᠳᠠᠨ᠎ᠠ ᠃ ᠡᠪᠡᠳᠴᠢᠨ ᠡᠬᠢᠨ ᠦᠶ᠎ᠡ ᠳᠤ ᠬᠠᠯᠳᠠᠪᠤᠷᠢ ᠠᠪᠤᠭᠰᠠᠨ ᠠᠮᠢᠲᠠᠳ ᠡᠷᠡᠭᠦᠯ ᠮᠡᠲᠦ ᠪᠠᠶᠢᠬᠤ ᠪᠣᠯᠪᠠᠴᠤ ᠡᠪᠡᠳᠴᠢᠨ ᠤ ᠰᠢᠨᠵᠢ ᠲᠡᠮᠳᠡᠭ ᠢᠯᠡᠷᠡᠬᠦ ᠠᠴᠠ 5 ᠬᠤᠨᠤᠭ ᠤᠨ ᠡᠮᠦᠨ᠎ᠡ ᠠᠴᠠ ᠸᠢᠷᠦ᠋ᠰ ᠰᠢᠯᠦᠰᠦᠨ ᠳᠤ ᠪᠠᠨ ᠢᠯᠭᠠᠷᠠᠭᠤᠯᠵᠤ ᠪᠠᠶᠢᠳᠠᠭ ᠃ ᠰᠢᠨᠵᠢ ᠲᠡᠮᠳᠡᠭ ᠄ ᠸᠢᠷᠦ᠋ᠰ ᠠᠮᠢᠲᠠᠨ ᠤ ᠪᠡᠶ᠎ᠡ ᠳᠤ ᠨᠡᠪᠲᠡᠷᠡᠭᠰᠡᠨ ᠠᠴᠠ ᠬᠤᠶᠢᠰᠢ ᠡᠪᠡᠳᠴᠢᠨ ᠤ ᠰᠢᠨᠵᠢ ᠲᠡᠮᠳᠡᠭ ᠢᠯᠡᠳᠲᠡ ᠮᠡᠳᠡᠭᠳᠡᠬᠦ ᠬᠦᠷᠲᠡᠯ᠎ᠡ ᠲᠣᠳᠣᠷᠬᠠᠢ ᠬᠤᠭᠤᠴᠠᠭ᠎ᠠ ᠥᠩᠭᠡᠷᠡᠭᠡᠳᠡᠭ ᠪᠥᠭᠡᠳ ᠡᠭᠦᠨ ᠢ ᠤᠭᠲᠤᠪᠤᠷᠢ ᠨᠢᠭᠤᠴᠠ ᠦᠶ᠎ᠡ ᠭᠡᠳᠡᠭ ᠃ ᠡᠨᠡ ᠦᠶ᠎ᠡ ᠶᠡᠬᠡᠩᠬᠢ ᠳᠤ ᠪᠠᠨ 14-60 ᠬᠤᠨᠤᠭ ᠂ ᠵᠠᠷᠢᠮ ᠲᠣᠬᠢᠶᠠᠯᠳᠤᠯ ᠳᠤ 200 ᠬᠤᠨᠤᠭ ᠴᠤ ᠪᠠᠶᠢᠵᠤ ᠪᠣᠯᠣᠨ᠎ᠠ ᠃ ᠡᠶᠢᠮᠦ ᠤᠴᠢᠷ ᠠᠴᠠ ᠰᠡᠵᠢᠭᠯᠡᠵᠦ ᠪᠤᠢ ᠠᠮᠢᠲᠠᠨ ᠲᠠᠢ ᠮᠠᠰᠢ ᠪᠣᠯᠭᠤᠮᠵᠢ ᠲᠠᠢ ᠬᠠᠷᠢᠴᠠᠬᠤ ᠬᠡᠷᠡᠭᠲᠡᠢ ᠃ ᠨᠣᠬᠠᠢ ᠶᠢᠨ ᠭᠠᠯᠵᠠᠭᠤ ᠨᠡᠯᠢᠶᠡᠳ ᠰᠤᠳᠤᠯᠤᠭᠳᠠᠭᠰᠠᠨ ᠶᠤᠮ ᠃ ᠤᠭᠲᠤᠪᠤᠷᠢ ᠦᠶ᠎ᠡ ᠂ ᠴᠣᠴᠢᠮᠠᠭ ᠦᠶ᠎ᠡ ᠂ ᠰᠠ ᠲᠤᠰᠬᠤ ᠦᠶ᠎ᠡ ᠭᠡᠵᠦ 3 ᠬᠤᠪᠢᠶᠠᠨ᠎ᠠ ᠃ ᠵᠠᠩ ᠠᠷᠠᠨᠰᠢᠨ ᠨᠢ ᠥᠭᠡᠷᠡᠴᠢᠯᠡᠭᠳᠡᠨ᠎ᠡ ᠃ ᠨᠣᠮᠣᠬᠠᠨ ᠳᠤᠭᠤᠯᠭᠠᠪᠤᠷᠢ ᠲᠠᠢ ᠨᠣᠬᠠᠢ ᠶᠠᠷᠳᠠᠭ ᠂ ᠵᠥᠷᠢᠭᠦᠳ ᠪᠣᠯᠣᠨ᠎ᠠ ᠃ ᠴᠢᠯᠠᠭᠤ ᠮᠣᠳᠣ ᠵᠡᠷᠭᠡ ᠲᠠᠭᠠᠷᠠᠯᠳᠤᠭᠰᠠᠨ ᠢᠶᠠᠨ ᠵᠠᠭᠤᠵᠤ ᠂ ᠵᠠᠵᠢᠯᠵᠤ ᠵᠠᠯᠭᠢᠬᠤ ᠶᠢ ᠣᠷᠣᠯᠳᠤᠨ᠎ᠠ ᠃ ᠳᠠᠷᠠᠭ᠎ᠠ ᠶᠢᠨ ᠱᠠᠲᠤᠨ ᠳᠤ ᠨᠣᠬᠠᠢ ᠭᠡᠷ ᠠᠴᠠ ᠪᠠᠨ ᠵᠢᠭᠤᠲᠠᠵᠤ ᠤᠶᠠᠬᠤ ᠦᠭᠡᠢ ᠪᠣᠯ ᠬᠤᠯᠵᠢᠵᠤ ᠠᠯᠠᠭ᠎ᠠ ᠪᠣᠯᠣᠨ᠎ᠠ ᠃ ᠶᠡᠬᠡᠬᠡᠨ ᠳᠣᠭᠰᠢᠷᠠᠵᠤ ᠂ ᠳᠠᠭᠠᠷᠢᠵᠤ ᠂ ᠬᠠᠵᠠᠬᠤ ᠶᠢ ᠣᠷᠣᠯᠳᠤᠨ᠎ᠠ ᠃ ᠰᠡᠭᠦᠯ ᠳᠤ ᠪᠠᠨ ᠵᠠᠯᠭᠢᠬᠤ ᠷᠧᠹᠯᠧᠺᠰ ᠦᠭᠡᠢ ᠪᠣᠯᠣᠨ᠎ᠠ ᠂ ᠳᠣᠣᠷᠠᠳᠤ ᠬᠤᠶᠢᠲᠤ ᠬᠥᠯ ᠨᠢ ᠰᠠᠵᠢᠵᠤ ᠮᠠᠰᠢ ᠲᠦᠷᠭᠡᠨ ᠲᠤᠷᠠᠵᠤ ᠡᠴᠡᠵᠦ ᠠᠩᠬᠠᠨ ᠤ ᠰᠢᠨᠵᠢ ᠢᠯᠡᠷᠡᠭᠰᠡᠨ ᠠᠴᠠ ᠬᠤᠶᠢᠰᠢ 6-8 ᠬᠤᠨᠤᠭ ᠲᠤ ᠦᠬᠦᠨ᠎ᠡ ᠃ ᠭᠠᠯᠵᠠᠭᠤᠷᠠᠭᠰᠠᠨ ᠮᠠᠯ ᠴᠣᠴᠢᠮᠠᠲᠠᠭᠠᠢ ᠂ ᠬᠥᠭᠡᠷᠦᠦ ᠂ ᠰᠣᠨᠢᠭᠤᠴᠢ ᠂ ᠳᠠᠭᠠᠷᠢᠮᠠᠲᠠᠭᠠᠢ ᠪᠣᠯᠣᠨ᠎ᠠ ᠃ ᠢᠳᠡᠬᠦ ᠂ ᠬᠡᠪᠢᠬᠦ ᠪᠠᠨ ᠪᠣᠯᠢᠵᠤ ᠰᠢᠯᠦᠰᠦ ᠨᠢ ᠭᠤᠭᠤᠵᠢᠵᠤ ᠂ ᠬᠥᠳᠡᠯᠵᠦ ᠶᠠᠪᠤᠵᠤ ᠴᠢᠳᠠᠬᠤ ᠦᠭᠡᠢ ᠂ ᠮᠠᠰᠢ ᠶᠡᠭᠡ ᠪᠠᠷ ᠳᠦᠯᠢᠳᠡᠭ ᠃ ᠠᠩᠬᠠᠨ ᠤ ᠰᠢᠨᠵᠢ ᠢᠯᠡᠷᠡᠭᠰᠡᠨ ᠠᠴᠠ 4-6 ᠬᠤᠨᠤᠭ ᠲᠤ ᠦᠬᠦᠳᠡᠭ ᠃ ᠬᠤᠨᠢ ᠂ ᠢᠮᠠᠭᠠᠨ ᠳᠤ ᠦᠬᠡᠷ ᠲᠤ ᠢᠯᠡᠷᠡᠳᠡᠭ ᠰᠢᠨᠵᠢ ᠨᠦᠭᠦᠳ ᠢᠯᠡᠷᠡᠳᠡᠭ ᠃ ᠢᠳᠡᠭᠡᠰᠢᠯᠡᠬᠦ ᠦᠭᠡᠢ ᠪᠤᠰᠤᠳ ᠠᠮᠢᠲᠠᠳ ᠬᠥᠮᠦᠨ ᠤᠷᠤᠭᠤ ᠳᠠᠭᠠᠷᠢᠨ᠎ᠠ ᠃ ᠰᠠᠵᠢᠯᠲᠠ ᠡᠭᠦᠰᠦᠭᠡᠳ 2-3 ᠬᠤᠨᠤᠭ ᠲᠤ ᠦᠬᠦᠨ᠎ᠡ ᠃ ᠤᠷᠢᠳᠴᠢᠯᠠᠨ ᠰᠡᠷᠭᠡᠶᠢᠯᠡᠯᠲᠡ ᠄ ᠭᠠᠯᠵᠠᠭᠤ ᠠᠮᠢᠲᠠᠨ ᠳᠤ ᠬᠠᠵᠠᠭᠤᠯᠠᠭᠰᠠᠨ ᠰᠢᠷᠬ᠎ᠠ ᠶᠢ ᠲᠡᠷᠡ ᠳᠠᠷᠤᠢ ᠰᠠᠪᠤᠩ ᠲᠠᠢ ᠤᠰᠤ ᠪᠠᠷ ᠰᠠᠶᠢᠨ ᠤᠬᠢᠶᠠᠬᠤ ᠬᠡᠷᠡᠭᠲᠡᠢ ᠃ ᠰᠫᠢᠷᠲ ᠵᠡᠷᠭᠡ ᠬᠠᠯᠳᠠᠪᠤᠷᠢ ᠦᠭᠡᠶᠢᠵᠭᠦᠯᠬᠦ ᠠᠭᠤᠰᠤᠮᠠᠯ ᠢᠶᠠᠷ ᠰᠢᠷᠬ᠎ᠠ ᠶᠢ ᠠᠷᠴᠢᠪᠠᠯ ᠪᠦᠷ ᠰᠠᠶᠢᠨ ᠃ ᠣᠶᠢᠷᠠᠬᠠᠨ ᠡᠮᠨᠡᠯᠭᠡ ᠳᠤ ᠶᠠᠭᠠᠷᠠᠯᠲᠠᠢ ᠣᠴᠢᠵᠤ ᠭᠠᠯᠵᠠᠭᠤ ᠠᠴᠠ ᠰᠡᠷᠭᠡᠶᠢᠯᠡᠬᠦ ᠸᠠᠺᠼᠢᠨ тариул᠎ ᠃ ᠲᠠᠨ ᠢ ᠬᠠᠵᠠᠭᠰᠠᠨ ᠠᠮᠢᠲᠠᠨ ᠭᠠᠯᠵᠠᠭᠤ ᠪᠠᠶᠢᠵᠤ ᠮᠠᠭᠠᠳ ᠦᠭᠡᠢ ᠭᠡᠵᠦ ᠰᠡᠵᠢᠭᠯᠡᠵᠦ ᠪᠠᠶᠢᠪᠠᠯ ᠮᠥᠨ ᠳᠠᠶᠢᠵᠢᠨ ᠠᠯᠠᠭ᠎ᠠ ᠪᠣᠯᠣᠭᠰᠠᠨ ᠴᠤ ᠸᠠᠺᠼᠢᠨ ᠢ ᠶᠠᠭᠠᠷᠠᠯᠲᠠᠢ ᠲᠠᠷᠢᠭᠤᠯᠬᠤ ᠨᠢ ᠵᠦᠢ ᠲᠠᠢ ᠃ ᠵᠡᠷᠯᠢᠭ ᠠᠮᠢᠲᠠᠳ ᠬᠥᠮᠦᠨ ᠂ ᠮᠠᠯ ᠠᠴᠠ ᠠᠶᠤᠬᠤ ᠦᠭᠡᠢ ᠪᠠᠶᠢᠬᠤ ᠂ ᠳᠠᠭᠠᠷᠢᠬᠤ ᠂ ᠳᠡᠮᠡᠢ ᠲᠡᠨᠦᠬᠦ ᠂ ᠬᠤᠲᠠ ᠳᠤ ᠣᠷᠣᠵᠤ ᠢᠷᠡᠬᠦ ᠵᠡᠷᠭᠡ ᠨᠢ ᠭᠠᠯᠵᠠᠭᠤᠷᠠᠭᠰᠠᠨ ᠪᠠᠶᠢᠵᠤ ᠪᠣᠯᠵᠣᠰᠢ ᠦᠭᠡᠢ ᠶᠢ ᠢᠯᠡᠳᠬᠡᠨ᠎ᠡ ᠃ ᠡᠶᠢᠮᠦ ᠲᠣᠬᠢᠶᠠᠯᠳᠤᠯ ᠳᠤ ᠮᠠᠯ ᠤᠨ ᠡᠮᠴᠢ ᠳᠤ ᠶᠠᠭᠠᠷᠠᠯᠲᠠᠢ ᠳᠤᠭᠤᠯᠭᠠᠨ᠎ᠠ ᠃ ᠭᠠᠯᠵᠠᠭᠤ ᠪᠠᠶᠢᠩᠭᠤ ᠢᠯᠡᠷᠡᠳᠡᠭ ᠨᠤᠲᠤᠭ ᠲᠤ ᠪᠦᠬᠦ ᠮᠠᠯ ᠂ ᠭᠡᠷ ᠤᠨ ᠲᠡᠵᠢᠭᠡᠪᠦᠷᠢ ᠠᠮᠢᠲᠠᠨ ᠢ ᠭᠠᠯᠵᠠᠭᠤ ᠠᠴᠠ ᠬᠠᠮᠠᠭᠠᠯᠠᠬᠤ ᠡᠰᠡᠷᠭᠦ ᠵᠣᠷᠢᠭᠤᠯᠤᠯᠲᠠ ᠶᠢᠨ ᠸᠠᠺᠼᠢᠨ ᠲᠠᠷᠢᠵᠤ ᠳᠠᠷᠬᠠᠯᠠᠭ᠎ᠠ ᠲᠠᠢ ᠪᠣᠯᠭᠠᠬᠤ ᠳᠤ ᠣᠷᠣᠰᠢᠨ᠎ᠠ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号