ᠰᠢᠪᠦᠭᠡ ᠶᠠᠷ᠎ᠠ
ᠨᠡᠶᠢᠲᠡᠯᠡᠭᠰᠡᠨ ᠴᠠᠭ᠄
2021/11/25
ᠠᠮᠠᠷᠠᠤ ᠃ ᠠᠮᠠ ᠬᠠᠮᠠᠷ ᠠᠮᠠᠨ ᠤ ᠬᠥᠨᠳᠡᠢ ᠶᠢ ᠶᠠᠷ᠎ᠠ ᠲᠠᠢ ᠪᠣᠯᠭᠠᠨ ᠡᠪᠡᠳᠴᠢᠯᠡᠭᠦᠯᠳᠡᠭ ᠃ ᠮᠠᠯᠴᠢᠳ ᠡᠨᠡ ᠡᠪᠡᠳᠴᠢᠨ ᠢ ᠠᠮᠠᠷᠠᠤ ᠭᠡᠳᠡᠭ ᠃ ᠪᠣᠭ ᠮᠠᠯ ᠢᠯᠠᠩᠭᠤᠶ᠎ᠠ ᠬᠤᠷᠠᠭ᠎ᠠ ᠲᠥᠯᠥᠭᠡ ᠂ ᠢᠰᠢᠭᠡ ᠪᠣᠷᠤᠯᠠᠩ ᠶᠡᠭᠡ ᠮᠡᠳᠡᠷᠡᠮᠡᠲᠡᠭᠡᠢ ᠃ ᠪᠣᠲᠣᠭᠤ ᠲᠣᠷᠤᠮ ᠡᠪᠡᠳᠴᠢᠯᠡᠨ᠎ᠡ ᠃ ᠰᠢᠨᠵᠢ ᠲᠡᠮᠳᠡᠭ ᠄ ᠡᠪᠡᠳᠴᠢᠯᠡᠭᠰᠡᠨ ᠮᠠᠯ ᠡᠪᠡᠰᠦ ᠲᠡᠵᠢᠭᠡᠯ ᠢᠳᠡᠵᠦ ᠴᠢᠳᠠᠬᠤ ᠦᠭᠡᠢ ᠪᠣᠯᠣᠨ᠎ᠠ ᠃ ᠦᠰᠦ ᠨᠢ ᠪᠦᠷᠵᠦᠶᠢᠵᠦ ᠥᠩᠭᠡ ᠵᠢᠰᠦ ᠪᠠᠨ ᠠᠯᠳᠠᠵᠤ ᠲᠤᠷᠠᠨ᠎ᠠ ᠃ ᠤᠷᠤᠭᠤᠯ ᠤᠨ ᠭᠠᠳᠠᠨ᠎ᠠ ᠲᠠᠯ᠎ᠠ ᠳᠤ ᠴᠠᠶᠢᠪᠤᠷᠳᠠᠭᠤ ᠥᠩᠭᠡ ᠲᠠᠢ ᠪᠠᠷᠵᠠᠭᠠᠷ ᠶᠠᠷᠠᠰᠢᠯᠲᠠ ᠪᠤᠢ ᠪᠣᠯᠣᠨ᠎ᠠ ᠃ ᠤᠷᠤᠭᠤᠯ ᠤᠨ ᠳᠣᠲᠣᠷ᠎ᠠ ᠲᠠᠯ᠎ᠠ ᠂ ᠪᠤᠶᠢᠯᠠ ᠲᠠᠩᠨᠠᠢ ᠳᠤ ᠴᠠᠶᠢᠪᠤᠷ ᠥᠩᠭᠡ ᠲᠠᠢ ᠥᠩᠭᠦᠷ ᠲᠣᠭᠲᠠᠵᠤ ᠡᠬᠡᠭᠦᠨ ᠡᠪ ᠦᠭᠡᠢ ᠦᠨᠦᠷ ᠭᠠᠷᠤᠨ᠎ᠠ ᠃ ᠰᠢᠪᠦᠭᠡ ᠶᠠᠷ᠎ᠠ ᠬᠦᠨᠳᠦᠷᠡᠪᠡᠯ ᠡᠭᠦᠰᠬᠡᠭᠴᠢ ᠸᠢᠷᠦ᠋ᠰ ᠨᠢ ᠴᠢᠰᠤ ᠪᠠᠷ ᠳᠡᠮᠵᠢᠨ ᠲᠠᠷᠬᠠᠵᠤ ᠂ ᠶᠡᠭᠡ ᠪᠡᠶ᠎ᠡ ᠶᠢᠨ ᠭᠠᠳᠠᠭᠤᠷ ᠱᠥᠪᠥᠭᠡᠷ ᠣᠷᠣᠢ ᠲᠠᠢ ᠶᠠᠷ ᠲᠤᠭᠤᠷᠠᠬᠤ ᠂ ᠬᠠᠯᠠᠭᠤᠷᠠᠬᠤ ᠂ ᠲᠡᠵᠢᠭᠡᠯ ᠠᠴᠠ ᠭᠠᠷᠬᠤ ᠂ ᠪᠡᠶ᠎ᠡ ᠪᠠᠨ ᠬᠤᠷᠢᠶᠠᠨ ᠲᠠᠲᠠᠯᠳᠤᠵᠤ ᠵᠣᠭᠰᠣᠬᠤ ᠵᠡᠷᠭᠡ ᠭᠤᠣᠯ ᠰᠢᠨᠵᠢ ᠲᠡᠮᠳᠡᠭ ᠦᠵᠡᠭᠦᠯᠦᠨ᠎ᠡ ᠃ ᠡᠮᠴᠢᠯᠡᠭᠡ ᠰᠡᠷᠭᠡᠶᠢᠯᠡᠯᠲᠡ ᠄ ᠡᠬᠢᠯᠡᠬᠦ ᠦᠶ᠎ᠡ ᠳᠤ ᠨᠢ ᠡᠮᠴᠢᠯᠡᠪᠡᠯ ᠲᠦᠷᠭᠡᠨ ᠡᠳᠡᠭᠡᠷᠡᠨ᠎ᠡ ᠃ ᠡᠭᠦᠨ ᠤ ᠲᠤᠯᠠᠳᠠ ᠄ — ᠠᠳᠤᠭᠤ ᠂ ᠲᠠᠷᠪᠠᠭᠠᠨ ᠤ ᠲᠣᠰᠣ ᠬᠠᠶᠢᠯᠤᠭᠤᠯᠵᠤ ᠂ ᠬᠠᠯᠠᠭᠤᠨ ᠪᠦᠯᠢᠶᠡᠨ ᠢᠶᠠᠷ ᠨᠢ ᠤᠷᠤᠭᠤᠯ ᠤᠨ ᠶᠠᠷ᠎ᠠ ᠲᠠᠢ ᠬᠡᠰᠡᠭ ᠲᠤ 2-3 ᠡᠳᠦᠷ ᠲᠦᠷᠬᠢᠨ᠎ᠡ ᠃ ᠤᠷᠤᠭᠤᠯ ᠂ ᠪᠤᠶᠢᠯᠠ ᠂ ᠲᠠᠩᠨᠠᠢ ᠦᠷᠪᠢᠰᠦᠭᠰᠡᠨ ᠪᠣᠯ ᠳᠠᠪᠤᠰᠤ ᠲᠠᠢ ᠤᠰᠤ ᠪᠠᠷ ᠠᠷᠴᠢᠵᠤ ᠴᠡᠪᠡᠷᠯᠡᠨ᠎ᠡ ᠃ — ᠮᠠᠩᠭᠠᠨ ᠤ ᠠᠭᠤᠰᠤᠮᠠᠯ ᠢᠶᠠᠷ ᠠᠮᠠᠨ ᠤ ᠬᠥᠨᠳᠡᠢ ᠶᠢ ᠤᠬᠢᠶᠠᠵᠤ ᠴᠡᠪᠡᠷᠯᠡᠨ᠎ᠡ ᠃ ᠡᠭᠦᠨ ᠤ ᠲᠤᠯᠠᠳᠠ ᠴᠡᠪᠡᠷ ᠱᠠ ᠪᠥᠰ ᠪᠠ ᠬᠥᠪᠥᠩ ᠢ ᠮᠣᠳᠣᠨ ᠳᠤ ᠣᠷᠢᠶᠠᠵᠤ ᠂ ᠠᠭᠤᠰᠤᠮᠠᠯ ᠳᠠᠭᠠᠨ ᠳᠦᠷᠦᠵᠦ ᠠᠷᠴᠢᠨ᠎ᠠ ᠃ ᠠᠷᠴᠢᠵᠤ ᠴᠡᠪᠡᠷᠯᠡᠬᠦ ᠪᠦᠷᠢ ᠳᠤ ᠪᠠᠨ ᠱᠠ ᠪᠥᠰ ᠂ ᠬᠥᠪᠥᠩ ᠢᠶᠠᠨ ᠰᠣᠯᠢᠨ᠎ᠠ ᠃ ᠠᠮᠠᠨ ᠤ ᠬᠥᠨᠳᠡᠢ ᠶᠢ ᠤᠬᠢᠶᠠᠵᠤ ᠴᠡᠪᠡᠷᠯᠡᠭᠰᠡᠨ ᠤ ᠳᠠᠷᠠᠭ᠎ᠠ ᠨᠢᠶᠠᠨ ᠳᠠᠷᠤᠭᠴᠢ ᠶᠢ ᠨᠤᠨᠳᠠᠭ ᠳᠠᠪᠤᠰᠤ ᠲᠠᠢ ᠠᠳᠠᠯᠢ ᠬᠡᠮᠵᠢᠶ᠎ᠡ ᠪᠠᠷ ᠬᠤᠯᠢᠵᠤ ᠠᠮᠠᠨ ᠤ ᠬᠥᠨᠳᠡᠢ ᠳᠤ ᠴᠠᠴᠤᠯᠭ᠎ᠠ ᠬᠢᠨ᠎ᠡ ᠃ ᠠᠳᠤᠭᠤᠨ ᠤ ᠪᠣᠯᠣᠨ ᠲᠠᠷᠪᠠᠭᠠᠨ ᠤ ᠲᠣᠰᠣ ᠂ ᠸᠠᠽᠧᠯᠢᠨ ᠤ ᠠᠯᠢ ᠨᠢᠭᠡ ᠶᠢ 100 ᠭᠷᠡᠮ ᠠᠪᠴᠤ ᠵᠡᠰ ᠤᠨ ᠴᠡᠩᠬᠡᠷ 10 ᠭᠷᠡᠮ ᠢ ᠬᠤᠯᠢᠭᠠᠳ ᠤᠷᠤᠭᠤᠯ ᠤᠨ ᠶᠠᠷ᠎ᠠ ᠲᠠᠢ ᠬᠡᠰᠡᠭ ᠲᠤ ᠲᠦᠷᠬᠢᠬᠦ ᠳᠤ 2-3 ᠬᠤᠨᠤᠭ ᠲᠤ ᠪᠦᠷᠢᠨ ᠡᠳᠡᠭᠡᠷᠡᠳᠡᠭ ᠃ ᠠᠳᠤᠭᠤ ᠂ ᠲᠠᠷᠪᠠᠭᠠᠨ ᠤ ᠲᠣᠰᠣᠨ ᠳᠤ ᠨᠠᠶᠢᠷᠠᠭᠤᠯᠤᠭᠰᠠᠨ ᠡᠮ ᠨᠢ ᠲᠤᠨᠤᠵᠤ ᠮᠠᠭᠠᠳ ᠦᠭᠡᠢ ᠤᠴᠢᠷ ᠬᠡᠷᠡᠭᠯᠡᠬᠦ ᠦᠶ᠎ᠡ ᠳᠤ ᠪᠠᠨ ᠵᠠᠶᠢᠯᠠᠬᠤ ᠮᠣᠳᠣᠨ ᠰᠠᠪᠠᠭ᠎ᠠ ᠪᠠᠷ ᠬᠤᠳᠬᠤᠵᠤ ᠪᠠᠶᠢᠪᠠᠯ ᠵᠣᠬᠢᠨ᠎ᠠ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号