ᠬᠤᠨᠢᠨ ᠤ ᠴᠡᠴᠡᠭ ᠡᠪᠡᠳᠴᠢᠨ
ᠨᠡᠶᠢᠲᠡᠯᠡᠭᠰᠡᠨ ᠴᠠᠭ᠄
2021/11/25
ᠬᠤᠨᠢᠨ ᠤ ᠴᠡᠴᠡᠭ ᠡᠪᠡᠳᠴᠢᠨ ᠪᠤᠯ ᠡᠪᠡᠳᠴᠢᠨ ᠤ ᠬᠤᠣᠷᠳᠠᠯᠭ᠎ᠠ ᠠᠴᠠ ᠪᠤᠯᠵᠤ ᠢᠯᠡᠷᠡᠭᠰᠡᠨ ᠨᠢᠭᠡ ᠵᠦᠢᠯ ᠤᠨ ᠦᠨᠳᠦᠷ ᠵᠡᠷᠭᠡ ᠶᠢᠨ ᠬᠠᠯᠳᠠᠪᠤᠷᠢᠳᠤ ᠬᠦᠴᠤᠨ ᠲᠠᠢ ᠡᠪᠳᠴᠢᠨ ᠪᠤᠯᠬᠤ ᠶᠤᠮ᠃ ᠬᠤᠨᠢ ᠢᠮᠠᠭᠠᠨ ᠳᠤ ᠪᠦᠷ ᠡᠭᠦᠰᠬᠦ ᠪᠤᠯᠪᠠᠴᠤ ᠬᠤᠨᠢᠨ ᠳᠤ ᠬᠠᠯᠳᠠᠪᠤᠷᠢᠯᠠᠬᠤ ᠨᠢ ᠢᠯᠡᠭᠦᠦ ᠪᠠᠶᠢᠵᠤ᠂ ᠬᠤᠨᠢ, ᠢᠮᠠᠭᠠᠨ ᠤ ᠡᠪᠡᠳᠴᠢᠨ ᠨᠢ ᠬᠠᠷᠢᠯᠴᠢᠨ ᠬᠠᠯᠳᠠᠪᠤᠷᠢᠯᠠᠳᠠᠭ ᠦᠭᠡᠢ᠂ ᠡᠪᠡᠳᠴᠢᠨ ᠲᠠᠢ ᠪᠤᠶᠤ ᠬᠤᠤᠷᠳᠠᠭᠳᠠᠭᠰᠠᠨ ᠮᠠᠯ ᠨᠢ ᠲᠡᠵᠢᠭᠡᠯ ᠪᠤᠷᠳᠤᠭ᠎ᠠ᠂ ᠤᠤᠭᠤᠬᠤ ᠤᠰᠤ ᠪᠤᠯᠤᠨ ᠬᠡᠷᠡᠭᠯᠡᠭᠡᠨ ᠤ ᠪᠠᠭᠠᠵᠢ ᠬᠡᠷᠡᠭᠰᠡᠯ ᠢᠶᠠᠷ ᠲᠠᠮᠵᠢᠭᠤᠯᠤᠨ ᠡᠷᠡᠭᠦᠯ ᠮᠡᠨᠳᠤ ᠳᠤ ᠡᠪᠡᠳᠴᠢᠨ ᠢᠶᠠᠨ ᠬᠠᠯᠳᠠᠭᠠᠵᠤ ᠪᠠᠶᠢᠳᠠᠭ᠃ ᠬᠤᠨᠢᠨ ᠤ ᠴᠡᠴᠡᠭ ᠡᠪᠡᠳᠴᠢᠨ ᠨᠢ ᠵᠢᠯ ᠤᠨ ᠲᠦᠷᠪᠡᠨ ᠤᠯᠠᠷᠢᠯ ᠳᠤ ᠪᠦᠷ ᠡᠭᠦᠰᠳᠡᠭ ᠪᠤᠯᠪᠠᠴᠤ ᠬᠠᠪᠤᠷ ᠨᠠᠮᠤᠷ ᠡᠭᠦᠰᠬᠦ ᠨᠢ ᠠᠷᠪᠢᠨ ᠪᠠᠶᠢᠳᠠᠭ᠃ ᠡᠪᠳᠴᠢᠨ ᠤ ᠢᠯᠡᠷᠡᠯ᠄ ᠬᠤᠨᠢ ᠲᠤᠰ ᠡᠪᠡᠳᠴᠢᠨ ᠢ ᠤᠯᠤᠭᠰᠠᠭᠠᠷ ᠪᠡᠶ᠎ᠡ ᠶᠢᠨ ᠬᠠᠯᠠᠭᠤᠨ ᠨᠢ ᠦᠨᠳᠦᠷᠵᠢᠨ40 ᠭᠷᠠᠳᠤᠰ ᠠᠴᠠ ᠲᠡᠭᠡᠭᠰᠢ ᠪᠤᠯᠵᠤ᠂ ᠴᠤᠭ ᠰᠦᠯᠳᠡ ᠨᠢ ᠮᠠᠭᠤᠵᠢᠷᠠᠨ ᠢᠳᠡᠬᠦ ᠨᠢ ᠮᠠᠭᠤᠳᠠᠵᠤ᠂ ᠠᠷᠠᠰᠤ ᠨᠢ ᠬᠠᠪᠤᠳᠠᠨ ᠵᠤᠵᠠᠭᠠᠷᠠᠳᠠᠭ᠃ ᠡᠪᠡᠳᠴᠢᠯᠡᠭᠡᠳ1-3 ᠡᠳᠤᠷ ᠪᠤᠯᠤᠭᠰᠠᠨ ᠤ ᠰᠡᠭᠦᠯᠡᠷ ᠨᠤᠤᠰᠤ ᠦᠭᠡᠢ ᠪᠤᠶᠤ ᠨᠤᠤᠰᠤ ᠪᠠᠭ᠎ᠠ ᠪᠠᠶᠢᠳᠠᠭ ᠬᠡᠰᠡᠭ᠂ ᠲᠠᠷᠤᠢ ᠨᠢᠳᠤ ᠪᠤᠶᠤ ᠬᠠᠮᠠᠷ ᠤᠨ ᠤᠷᠴᠢᠮ ᠢᠶᠠᠷ᠂ ᠡᠷᠡᠤ᠂ ᠲᠦᠷᠪᠡᠨ ᠰᠢᠭᠢᠷ᠎ᠡ᠂ ᠰᠡᠭᠦᠯ ᠤᠨ ᠲᠤᠳᠤᠷ ᠲᠠᠯ᠎ᠠ᠂ ᠲᠡᠯᠡᠩ ᠬᠦᠬᠦ ᠬᠢᠬᠡᠳ ᠰᠢᠭᠡᠰᠦᠨ ᠰᠦᠪᠡ ᠵᠡᠷᠭᠡ ᠪᠠᠷ ᠨᠢ ᠤᠰᠤᠨ ᠴᠦᠪᠤᠷᠢᠭᠦᠤ ︵ᠪᠢᠵᠢᠷᠡᠭᠦᠤ︶ ᠭᠠᠷᠴᠤ ᠨᠡᠯᠢᠶᠡᠡᠳ ᠡᠳᠦᠷ ᠤᠨ ᠲᠠᠷᠠᠭ᠎ᠠ᠂ ᠤᠰᠤᠨ ᠴᠦᠪᠤᠷᠢᠭᠦᠤ ᠨᠢ ᠲᠬ᠎ᠠ ︵ᠲᠠᠪ︶ ᠪᠤᠯᠤᠨ ᠬᠠᠳᠠᠭᠤᠷᠢᠨ ᠤᠨᠠᠳᠠᠭ᠃ ᠲᠦᠯ ᠤᠨ ᠬᠠᠯᠳᠠᠪᠤᠷᠢᠳᠤ ᠨᠤᠷᠮ᠎ᠠ ᠨᠢ ᠴᠦ ᠦᠨᠳᠦᠷ ᠪᠠᠶᠢᠳᠠᠭ᠃ ᠬᠡᠬᠡᠯ ᠲᠠᠢ ᠮᠠᠯ ᠠᠮᠠᠷᠬᠠᠨ ᠵᠤᠯᠪᠤᠷᠢᠳᠠᠭ᠃ ᠰᠡᠷᠭᠡᠶᠢᠯᠡᠬᠦ ᠠᠷᠭ᠎ᠠ᠄ ᠵᠢᠯ ᠪᠦᠷᠢ ᠴᠡᠴᠡᠭ ᠡᠪᠡᠳᠴᠢᠨ ᠤ ᠰᠡᠷᠭᠡᠶᠢᠯᠡᠯᠳᠡ ᠶᠢᠨ ᠲᠠᠷᠢᠯᠭ᠎ᠠ ᠬᠢᠵᠤ᠂ ᠡᠪᠡᠳᠴᠢᠨ ᠬᠢᠵᠢᠭ ᠲᠠᠢ ᠤᠷᠤᠨ ᠠᠴᠠ ᠮᠠᠯ ᠬᠤᠳᠠᠯᠳᠤᠵᠤ ᠠᠪᠬᠤ ᠪᠠ ᠡᠪᠡᠳᠴᠢᠨ ᠬᠠᠯᠳᠠᠪᠤᠷᠢᠯᠠᠬᠤ ᠶᠢ ᠡᠷᠡᠰ ᠬᠤᠷᠢᠭᠯᠠᠵᠤ ᠡᠪᠡᠳᠴᠢᠨ ᠲᠠᠢ ᠤᠷᠤᠨ ᠢ ᠲᠤᠰᠠᠭᠠᠷᠯᠠᠨ ᠠᠷᠠᠴᠢᠯᠠᠯᠭ᠎ᠠ ᠮᠠᠯᠯᠠᠭ᠎ᠠ ᠪᠠᠨ ᠴᠢᠩᠭᠠᠳᠬᠠᠨ᠂ ᠬᠠᠰᠢᠶ᠎ᠠ ᠰᠠᠷᠠᠪᠴᠢ᠂ ᠪᠠᠭᠠᠵᠢ ᠬᠡᠷᠡᠭᠰᠡᠯ ᠪᠠ ᠤᠷᠴᠢᠨ ᠲᠤᠭᠤᠷᠢᠨ ᠢ ᠭᠦᠢᠴᠢᠳ ᠠᠷᠢᠭᠤᠳᠬᠠᠨ ᠡᠪᠡᠳᠴᠢᠨ ᠢᠶᠠᠷ ᠦᠬᠦᠭᠰᠡᠨ ᠮᠠᠯ ᠢ ᠭᠠᠵᠠᠷ ᠲᠤ ᠭᠦᠨ ᠪᠤᠯᠠᠬᠤ ᠬᠡᠷᠭᠳᠡᠢ᠃ ᠵᠠᠰᠠᠬᠤ ᠠᠷᠭ᠎ᠠ᠄ ᠤᠳᠤᠬᠠᠨ ᠳᠤ ᠲᠤᠰ ᠡᠪᠡᠳᠴᠢᠨ ᠢ ᠪᠦᠷᠢᠮᠤᠰᠤᠨ ᠡᠳᠡᠭᠦᠷᠡᠭᠦᠯᠵᠤ ᠴᠢᠳᠠᠬᠤ ᠡᠮ ᠪᠠᠰᠠ ᠬᠠᠷᠠᠬᠠᠨ ᠭᠠᠷᠤᠭᠠᠳᠤᠢ ᠪᠠᠶᠢᠭᠰᠠᠭᠠᠷ᠃ ᠭᠤᠤᠯᠳᠠᠭᠤ ᠤᠷᠢᠳᠴᠢᠯᠠᠨ ᠰᠡᠷᠭᠡᠶᠢᠯᠡᠬᠦ ᠠᠵᠢᠯ ᠢ ᠰᠠᠶᠢᠳᠤᠷ ᠬᠢᠵᠤ᠂ ᠠᠷᠠᠰᠤᠨ ᠳᠠᠬᠢ ᠰᠢᠷᠬ᠎ᠠ ᠶᠢ ᠨᠢ ᠳ᠋ᠢᠶᠠᠨ ᠵᠢᠤ᠂ ᠭᠤᠤ ᠮᠧᠩ ᠰᠤᠸᠠᠨ ᠵᠢᠶᠠ ᠪᠤᠶᠦ ᠪᠤᠰᠤᠳ ᠠᠷᠢᠭᠤᠳᠬᠠᠯ ᠤᠨ ᠡᠮ ᠢᠶᠠᠷ ᠤᠯᠠᠨᠳᠠ ᠠᠷᠢᠭᠤᠳᠬᠠᠨ ᠰᠠᠶᠢᠳᠤᠷ ᠤᠭᠢᠶᠠᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号