ᠱᠦᠯᠬᠦᠭᠡ ᠡᠪᠡᠳᠴᠢᠨ
ᠨᠡᠶᠢᠲᠡᠯᠡᠭᠰᠡᠨ ᠴᠠᠭ᠄
2021/11/25
ᠱᠦᠯᠬᠦᠭᠡ ᠡᠪᠡᠳᠴᠢᠨ ᠪᠤᠯ ᠱᠦᠯᠬᠦᠭᠡ ᠡᠪᠡᠳᠴᠢᠨ ᠤ ᠬᠤᠤᠷᠳᠠᠯᠭ᠎ᠠ ᠠᠴᠠ ᠡᠭᠦᠰᠦᠭᠰᠡᠨ ᠨᠢᠭᠡ ᠵᠦᠢᠯ ᠤᠨ ᠰᠠᠯᠠᠭ᠎ᠠ ᠲᠤᠭᠤᠷᠠᠶᠢᠳᠠᠨ ᠤ ᠲᠦᠷᠭᠡᠨ ᠴᠢᠨᠠᠷᠳᠠᠢ᠂ ᠦᠨᠳᠦᠷ ᠬᠡᠮᠵᠢᠶ᠎ᠡ ᠪᠠᠷ ᠬᠠᠯᠳᠠᠪᠤᠷᠢᠯᠠᠬᠤ ᠬᠠᠯᠳᠠᠪᠤᠷᠢᠳᠤ ᠡᠪᠡᠳᠴᠢᠨ ᠪᠤᠯᠤᠨ᠎ᠠ᠃ ᠲᠤᠰ ᠡᠪᠡᠳᠴᠢᠨ ᠨᠢ ᠬᠠᠯᠳᠠᠪᠤᠷᠢᠯᠠᠬᠤ ᠴᠢᠨᠠᠷ ᠢᠶᠠᠷ ᠲᠦᠷᠭᠡᠨ᠂ ᠲᠠᠮᠵᠢᠬᠤ ᠨᠢ ᠬᠤᠷᠳᠤᠨ᠂ ᠬᠡᠪᠴᠢᠶ᠎ᠡ ᠎ ᠪᠠᠷ ᠦᠷᠭᠡᠨ ᠪᠦᠭᠡᠳ ᠡᠭᠦᠰᠬᠦ ᠨᠤᠷᠮ᠎ᠠ ᠪᠠᠷ ᠦᠨᠳᠦᠷ ᠪᠠᠶᠢᠵᠤ᠂ ᠵᠢᠯ ᠪᠤᠯᠭᠠᠨ ᠡᠭᠦᠰᠴᠤ ᠬᠠᠪᠤᠷ ᠤᠨ ᠤᠯᠠᠷᠢᠯ ᠳᠤ ᠠᠷᠪᠢᠨ ᠪᠠᠶᠢᠳᠠᠭ᠃ ᠭᠤᠤᠯᠳᠠᠭᠤ ᠰᠢᠩᠭᠡᠭᠡᠯᠳᠡ ᠶᠢᠨ ᠰᠢᠰᠲ᠋ᠧᠮ ᠪᠠ ᠰᠡᠷᠡᠯ ᠤᠨ ᠡᠷᠬᠡᠳᠡᠨ ᠊ ᠰᠠᠮᠠᠷᠳᠠᠭ ︵ᠬᠠᠮᠠᠷ ᠎ ᠤᠨ︶᠂ ᠬᠦᠬᠦᠨ ᠲᠤᠪᠴᠢ ᠪᠤᠶᠤ ᠰᠢᠷᠬᠠᠳᠤᠬᠰᠠᠨ ᠠᠷᠠᠰᠤ ᠪᠠᠷ ᠲᠠᠮᠵᠢᠨ ᠬᠠᠯᠳᠠᠪᠤᠷᠢᠯᠠᠳᠠᠭ᠃ ᠡᠪᠡᠳᠴᠢᠨ ᠤ ᠢᠯᠡᠷᠡᠯ᠄ ᠡᠪᠡᠳᠴᠢᠨ ᠡᠭᠦᠰᠬᠦ ᠡᠬᠢᠨ ᠤ ᠬᠤᠭᠤᠴᠠᠭᠠᠨ ᠳᠤ ᠮᠠᠯ ᠤᠨ ᠪᠡᠶ᠎ᠡ ᠶᠢᠨ ᠬᠠᠯᠠᠭᠤᠨ ᠨᠢ ᠦᠨᠳᠦᠷ ᠪᠤᠯᠵᠤ᠂ ᠢᠳᠡᠬᠦ ᠨᠢ ᠮᠠᠭᠤᠳᠠᠵᠤ᠂ ᠴᠤᠭ ᠰᠦᠯᠳᠡ ᠦᠭᠡᠢ ᠪᠤᠯᠵᠤ᠂ ᠲᠨᠩᠨᠠᠢ ᠪᠤᠶᠤ ᠲᠡᠯᠡᠩ ᠬᠦᠬᠦ᠂ ᠰᠢᠭᠢᠷ᠎ᠡ ᠶᠢᠨ ᠠᠷᠠᠰᠤᠨ ᠲᠡᠭᠡᠷ᠎ᠡ ᠨᠢ ᠤᠰᠤᠨ ᠴᠦᠪᠦᠷᠢᠭᠦᠤ ᠪᠠ ᠰᠢᠯᠪᠠᠷᠬᠠᠢ ᠲᠤᠯᠪᠤ ᠭᠠᠷᠴᠤ᠂4-5 ᠡᠳᠦᠷ ᠤᠨ ᠲᠠᠷᠠᠭ᠎ᠠ ᠤᠰᠤᠨ ᠴᠦᠪᠦᠷᠢᠭᠦᠤ ᠨᠢ ᠬᠠᠭᠠᠷᠠᠭᠠᠳ ᠰᠤᠷᠪᠢ ᠪᠤᠯᠵᠤ᠂ ᠲᠦᠯ ᠮᠠᠯ ᠨᠢ ᠦᠷᠭᠦᠯᠵᠢ ᠵᠢᠷᠦᠬᠡᠨ ᠦᠷᠪᠢᠰᠦᠯ ᠢᠶᠠᠷ ᠦᠬᠦᠳᠡᠭ᠃ ᠢᠮᠬᠭᠠᠨ ᠤ ᠭᠤᠤᠯᠳᠠᠭᠤ ᠲᠠᠩᠨᠠᠢ ᠎ ᠳᠤᠨᠢ ᠭᠠᠷᠳᠠᠭ᠃  ᠰᠡᠷᠭᠡᠶᠢᠯᠡᠬᠦ ᠠᠷᠭ᠎ᠠ᠄ ᠱᠦᠯᠬᠦᠭᠡ ᠡᠪᠡᠳᠴᠢᠨ ᠡᠭᠦᠰᠬᠦ ᠪᠤᠯᠤᠯᠴᠠᠭ᠎ᠠ ᠲᠠᠢ ᠭᠠᠵᠠᠷ ᠲᠤ ᠱᠦᠯᠬᠦᠭᠡ ᠡᠪᠡᠳᠴᠢᠨ ᠢ ᠰᠡᠷᠭᠡᠶᠢᠯᠡᠬᠦ ᠲᠠᠷᠢᠯᠭ᠎ᠠ ᠶᠢᠨ ᠡᠮ ᠲᠠᠷᠢᠵᠤ᠂ ᠬᠢᠵᠢᠭ ᠤᠨ ᠤᠷᠤᠨ ᠢ ᠴᠢᠩᠭ᠎ᠠ ᠪᠢᠳᠡᠭᠦᠮᠵᠢᠯᠡᠨ ᠬᠢᠵᠢᠭ ᠪᠠᠶᠢᠴᠠᠭᠠᠬᠤ᠂ ᠠᠷᠢᠭᠤᠳᠬᠠᠬᠤ ᠵᠡᠷᠭᠡ ᠠᠵᠢᠯ ᠢ ᠰᠠᠶᠢᠳᠤᠷ ᠬᠢᠵᠤ᠂ ᠤᠷᠤᠵᠤ ᠭᠠᠷᠬᠤ ᠮᠠᠯ ᠤᠨᠤᠭ᠎ᠠ ᠶᠢ ᠨᠠᠷᠢᠨ ᠬᠢᠨᠠᠮᠠᠭᠠᠢ ᠭᠦᠢᠴᠡᠳ ᠠᠷᠢᠭᠤᠳᠬᠠᠬᠤ ᠬᠡᠷᠡᠭᠳᠡᠢ᠃  ᠵᠠᠰᠠᠬᠤ ᠠᠷᠭ᠎ᠠ᠄ ᠲᠠᠩᠨᠠᠢ ᠨᠢ ᠢᠯᠵᠡᠷᠡᠭᠰᠡᠨ ᠢᠮᠠᠭ᠎ᠠ ᠶᠢ 3 %F᠎ ᠶᠢᠨ ᠢᠳᠡᠰᠢᠨ ᠲᠠᠪᠤᠰᠤ ᠪᠤᠶᠤ 0.1 % ᠎ ᠶᠢᠨ ᠭᠤᠤ ᠮᠧᠩ ᠰᠤᠸᠠᠨ ᠵᠢᠶᠠ ᠪᠠᠷ ᠤᠬᠢᠶᠠᠵᠤ᠂ ᠲᠠᠷᠠᠭ᠎ᠠ ᠨᠢ ᠪᠢᠨ ᠫᠢᠩ ᠰᠠᠨ ᠪᠤᠶᠤ 5%᠎ ᠶᠢᠨ ᠳ᠋ᠢᠶᠠᠨ ᠭᠠᠨ ᠶᠢᠦ ᠶᠢ ᠲᠦᠷᠬᠢᠨ᠎ᠡ︔ ᠲᠤᠭᠤᠷᠠᠢ ᠰᠢᠭᠢᠷ᠎ᠠ ᠨᠢ ᠢᠯᠵᠢᠷᠡᠭᠰᠡᠨ ᠢᠮᠠᠭ᠎ᠠ ᠶᠢ 3 %᠎ ᠶᠢᠨ ᠯᠠᠶᠢᠰᠤᠷ ᠢᠶᠠᠷ ᠤᠬᠢᠶᠠᠵᠤ᠂ ᠳ᠋ᠢᠶᠠᠨ ᠭᠠᠨ ᠶᠢᠤ ᠪᠠᠷ ᠠᠷᠢᠭᠤᠳᠬᠠᠨ᠎ᠠ᠃ ᠲᠡᠯᠡᠩ ᠬᠦᠬᠦ ᠶᠢᠨ ᠢᠯᠵᠡᠷᠡᠭᠰᠡᠨ ᠬᠡᠰᠡᠭ ᠢ2%᠎ ᠤᠨ ᠰᠢᠪᠳᠦᠷ ᠤᠨ ᠤᠰᠤ ᠪᠠᠷ ᠤᠭᠢᠶᠠᠵᠤ ᠪᠠᠺᠲ᠋ᠧᠷᠢ ᠶᠢ ᠰᠡᠷᠭᠡᠶᠢᠯᠡᠬᠦ ᠬᠠᠨᠳᠠ ᠪᠠᠷ ᠠᠷᠢᠭᠤᠳᠬᠠᠨ᠎ᠠ᠃ ᠨᠢᠭᠡᠨᠳᠠ ᠡᠪᠡᠳᠴᠢᠨ ᠡᠭᠦᠰᠦᠭᠰᠡᠨ ᠮᠠᠯ ᠢ ᠬᠤᠳᠠ ᠪᠠᠷ ᠨᠢ ᠴᠤᠬᠢᠨ ᠠᠯᠠᠵᠤ ᠰᠢᠳᠠᠭᠠᠵᠤ ᠪᠤᠯᠠᠰᠢᠯᠠᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号