ᠮᠠᠯ ᠤᠨ ᠭᠡᠳᠡᠰᠤᠨ ᠤ ᠴᠢᠰᠤᠨ ᠬᠤᠤᠷᠳᠠᠯᠭ᠎ᠠ
ᠨᠡᠶᠢᠲᠡᠯᠡᠭᠰᠡᠨ ᠴᠠᠭ᠄
2021/11/25
 ᠮᠠᠯ ᠤᠨ ᠬᠤᠤᠷᠳᠠᠯᠭ᠎ᠠ ᠡᠪᠡᠳᠴᠢᠨ ᠪᠤᠯ ᠪᠠᠶᠢᠩᠭᠤ ᠪᠠᠶᠢᠳᠠᠭ ᠳᠠᠭᠠᠨ ᠬᠠᠪᠤᠷ ᠤᠨ ᠰᠡᠬᠦᠯᠴᠢ ᠵᠤᠨ ᠤ ᠡᠭᠢ ᠪᠠᠷ ᠲᠡᠯᠭᠡᠷᠡᠬᠦ ᠨᠢ ᠢᠯᠡᠭᠦᠤ ᠪᠠᠶᠢᠵᠤ᠂ ᠢᠯᠵᠡᠷᠡᠭᠰᠡᠨ ᠡᠪᠡᠰᠦ ᠪᠤᠷᠳᠤᠭ᠎ᠠ ᠪᠤᠶᠤ ᠪᠤᠵᠠᠷ ᠤᠰᠤ ᠢᠳᠡᠵᠤ ᠤᠤᠭᠤᠭᠰᠠᠨ ᠎ ᠠᠴᠠ ᠪᠤᠯᠵᠤ᠂ ᠰᠢᠩᠭᠡᠭᠡᠯᠳᠠ ᠶᠢᠨ ᠰᠢᠰᠲ᠋ᠧᠮ ᠨᠢ ᠨᠦᠯᠦᠭᠡᠯᠡᠭᠳᠡᠨ ᠬᠠᠯᠳᠠᠪᠤᠷᠢᠯᠠᠳᠠᠭ᠃ ᠡᠪᠡᠳᠴᠢᠨ ᠤ ᠤᠨᠴᠠᠯᠢᠭ ᠰᠢᠨᠵᠢ ᠨᠢ ᠮᠠᠯ ᠤᠨ ᠲᠦᠷᠭᠡᠨ ᠦᠬᠦᠯ ᠲᠠᠢ ᠠᠳᠠᠯᠢᠪᠳᠤᠷ ᠪᠠᠶᠢᠳᠠᠭ᠃ ᠡᠪᠡᠳᠴᠢᠨ ᠤ ᠢᠯᠡᠷᠡᠯ᠄ ᠲᠦᠷᠭᠡᠨ ᠴᠢᠨᠠᠷᠳᠠᠢ ᠨᠢ ᠭᠡᠨᠡᠳᠳᠠ ᠪᠠᠷ ᠢᠳᠡᠬᠦ ᠪᠠᠨ ᠪᠠᠶᠢᠵᠤ᠂ ᠰᠦᠷᠦᠭ ᠠᠴᠠ ᠪᠠᠨ ᠰᠠᠯᠤᠨ ᠬᠡᠪᠳᠡᠬᠦ᠂ ᠬᠡᠳᠡᠰᠤ ᠨᠢ ᠡᠪᠡᠳᠴᠤ᠂ ᠵᠠᠷᠢᠮ ᠨᠢ ᠬᠦᠷᠡᠩ ᠪᠤᠶᠤ ᠬᠠᠷ᠎ᠠ ᠨᠤᠭᠤᠭᠠᠨ ᠦᠩᠭᠡ ᠶᠢᠨ ᠰᠢᠩᠭᠡᠨ ᠎ ᠢᠶᠠᠷ ᠪᠠᠭᠠᠬᠤ᠂ ᠪᠦᠬᠦ ᠪᠡᠶ᠎ᠡ ᠶᠢᠨ ᠪᠤᠯᠴᠢᠩ ᠮᠢᠬ᠎ᠠ ᠨᠢ ᠴᠡᠴᠡᠷᠡᠵᠤ᠂ ᠰᠢᠳᠤ ᠪᠠᠨ ᠬᠠᠪᠢᠷᠤᠨ ᠰᠢᠯᠦᠰᠤ ᠨᠢ ᠭᠤᠭᠤᠵᠢᠵᠤ᠂ ᠬᠡᠳᠦᠬᠡᠨ ᠮᠢᠨᠦᠲ ᠤᠨ ᠲᠤᠳᠤᠷ᠎ᠠ ᠲᠠᠳᠠᠯᠳᠤᠨ ᠦᠬᠦᠳᠡᠭ᠃ ᠤᠳᠠᠭᠠᠨ ᠰᠢᠭ᠋ ᠨᠢ ᠰᠢᠳᠤ ᠪᠠᠨ ᠬᠠᠪᠢᠷᠴᠤ ᠰᠢᠷᠤᠢ ᠪᠤᠶᠤ ᠡᠯᠳᠡᠪ ᠡᠰᠡᠨ ᠶᠠᠭᠤᠮ᠎ᠠ ᠢᠳᠡᠬᠦ᠂ ᠶᠠᠪᠤᠬᠤ ᠨᠢ ᠤᠳᠠᠭᠠᠨ ᠪᠤᠯᠵᠤ᠂ ᠬᠠᠵᠠᠭᠤ ᠪᠠᠷ ᠢᠶᠠᠨ ᠬᠡᠪᠳᠡᠨ ᠠᠮᠠᠨ ᠠᠴᠠ ᠨᠢ ᠴᠠᠭᠠᠨ ᠬᠦᠬᠡᠰᠦ ᠭᠠᠷᠴᠤ᠂ ᠬᠠᠮᠢᠶ᠎ᠠ ᠨᠠᠮᠢᠶ᠎ᠠ ᠦᠭᠡᠢ ᠲᠡᠯᠴᠢᠯᠡᠳᠡᠭ᠃ ᠵᠠᠰᠠᠬᠤ ᠠᠷᠭ᠎ᠠ᠄ ᠡᠨᠡᠬᠦ ᠡᠪᠡᠳᠴᠢᠨ ᠤ ᠦᠩᠭᠡᠷᠡᠯᠳᠠ ᠨᠢ ᠲᠦᠢᠯ ᠤᠨ ᠲᠦᠷᠭᠡᠨ ᠪᠤᠯᠬᠤᠷ ᠤᠳᠤᠬᠠᠨ ᠳᠤ ᠲᠤᠱᠠᠳᠠᠢ ᠵᠠᠰᠠᠬᠤ ᠠᠷᠭ᠎ᠠ ᠪᠠᠰᠠ ᠤᠯᠳᠤᠭᠠᠳᠤᠢ ᠪᠠᠶᠢᠭᠰᠠᠭᠠᠷ᠃ ᠡᠷᠭᠡᠪᠰᠢ ᠬᠠᠪᠤᠷ ᠨᠠᠮᠤᠷ ᠤᠨ ᠤᠯᠠᠷᠢᠯ ᠳᠤ᠂ ᠮᠠᠯ ᠎ ᠤᠨ ᠭᠤᠷᠪᠠᠴᠢᠯᠠᠭᠰᠠᠨ ᠸᠠᠺᠼᠢᠨ ᠲᠠᠷᠢᠯᠭ᠎ᠠ ᠶᠢ ᠴᠠᠭ ᠲᠤᠬᠠᠢ ᠳᠤᠨᠢ ᠴᠤᠬᠢᠵᠤ᠂ ᠤᠷᠢᠳᠴᠢᠯᠠᠭᠰᠠᠨ ᠰᠡᠷᠭᠡᠶᠢᠯᠡᠬᠦ ᠠᠵᠢᠯ ᠢ ᠴᠢᠩᠭᠠᠳᠬᠠᠬᠤ ᠶᠢᠨ ᠲᠠᠭᠠᠤ ᠬᠤᠸᠠᠩ ᠠᠨ ᠮᠸᠢ ᠦᠷᠢᠯ ᠢ ᠦᠭᠬᠦ᠂ ᠡᠰᠡᠭᠦᠯ᠎ᠡ ᠪᠤᠯᠴᠢᠩ ᠮᠢᠬᠠᠨ ᠎ ᠳᠤᠨᠢ80 ᠲᠦᠮᠡ ᠪᠠ160 ᠲᠦᠮᠡ ᠶᠢᠨ ᠨᠢᠭᠡᠴᠢ ᠶᠢᠨ ᠴᠢᠩ ᠮᠸᠢ ᠰᠤ᠋ ᠵᠡᠭᠦᠤ ᠶᠢ ᠡᠳᠦᠷ ᠲᠤ ᠬᠤᠶᠠᠷ ᠤᠳᠠᠭ᠎ᠠ ᠴᠤᠬᠢᠬᠤ᠂ ᠬᠤᠸᠠᠩ ᠠᠨ ᠮᠡᠢ ᠳ᠋ᠢᠩ ᠦᠷᠢᠯ ᠢ ᠨᠢᠭᠡ ᠤᠳᠠᠭ᠎ᠠ ᠳᠤ5-6 ᠭᠷᠠᠮ ᠢ4-5 ᠡᠳᠦᠷ ᠲᠠᠷᠠᠭᠠᠯᠠᠨ ᠦᠭᠬᠦ ᠵᠡᠷᠭᠡ ᠠᠷᠭ᠎ᠠ ᠶᠢ ᠠᠪᠴᠤ ᠪᠤᠯᠤᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号