ᠰᠠᠬᠤᠤ 
ᠨᠡᠶᠢᠲᠡᠯᠡᠭᠰᠡᠨ ᠴᠠᠭ᠄
2021/11/25
ᠠᠳᠤᠭᠤᠨ ᠳᠤ ᠲᠤᠰᠳᠠᠭ ᠂ ᠬᠤᠷᠴᠠ ᠶᠠᠪᠤᠴᠠ ᠲᠠᠢ ᠬᠠᠯᠳᠠᠪᠤᠷᠢᠲᠤ ᠡᠪᠡᠳᠴᠢᠨ ᠃ ᠬᠠᠮᠠᠷ ᠤᠨ ᠬᠥᠨᠳᠡᠢ ᠂ ᠵᠠᠯᠭᠢᠭᠤᠷ ᠪᠣᠯᠣᠨ ᠡᠷᠡᠭᠦᠦ ᠳᠣᠣᠷᠠᠬᠢ ᠪᠤᠯᠴᠢᠷᠬᠠᠢ ᠶᠢᠨ ᠦᠷᠪᠢᠰᠦᠯ ᠢᠶᠠᠷ ᠢᠯᠡᠷᠡᠳᠡᠭ ᠃ ᠭᠤᠣᠯ ᠲᠥᠯᠥᠪ ᠤᠨᠠᠭ᠎ᠠ ᠂ ᠳᠠᠭ᠎ᠠ ᠡᠪᠡᠳᠴᠢᠯᠡᠳᠡᠭ ᠃ ᠬᠠᠯᠳᠠᠪᠤᠷᠢᠯᠠᠯᠲᠠ ᠄ ᠪᠠᠭ᠎ᠠ ᠨᠠᠰᠤᠨ ᠤ ᠠᠳᠤᠭᠤ ᠬᠡᠲᠦ ᠬᠠᠯᠠᠬᠤ ᠂ ᠳᠠᠭᠠᠷᠠᠬᠤ ᠂ ᠲᠡᠵᠢᠭᠡᠯ ᠳᠤᠲᠠᠭᠳᠠᠭᠰᠠᠨ ᠠᠴᠠ ᠪᠡᠶ᠎ᠡ ᠶᠢᠨ ᠡᠰᠡᠷᠭᠦᠴᠡᠯ ᠰᠤᠯᠠᠷᠠᠭᠰᠠᠨ ᠦᠶ᠎ᠡ ᠳᠤ ᠡᠪᠡᠳᠴᠢᠯᠡᠨ᠎ᠡ ᠃ ᠠᠳᠤᠭᠤ ᠶᠡᠭᠡ ᠪᠠᠷ ᠲᠥᠪᠯᠡᠷᠡᠭᠰᠡᠨ ᠨᠤᠲᠤᠭ ᠤᠰᠤᠨ ᠳᠤ ᠵᠤᠨ ᠨᠠᠮᠤᠷ ᠭᠡᠭᠦᠦ ᠰᠠᠭᠠᠬᠤ ᠦᠶ᠎ᠡ ᠳᠤ ᠡᠯᠪᠡᠭ ᠲᠣᠬᠢᠶᠠᠯᠳᠤᠨ᠎ᠠ ᠃ ᠡᠪᠡᠳᠴᠢᠲᠡᠶ ᠪᠤᠶᠤ ᠡᠳᠡᠭᠡᠷᠡᠭᠰᠡᠨ ᠠᠳᠤᠭᠤ ᠡᠪᠡᠳᠴᠢᠨ ᠡᠭᠦᠰᠬᠡᠭᠴᠢ ᠶᠢ ᠨᠢᠭᠡ ᠵᠢᠯ ᠂ ᠲᠡᠭᠦᠨ ᠠᠴᠠ ᠢᠯᠡᠭᠦᠦ ᠬᠤᠭᠤᠴᠠᠭ᠎ᠠ ᠪᠠᠷ ᠨᠢᠶᠠᠨ ᠢ ᠲᠡᠭᠡᠭᠡᠳᠡᠭ ᠲᠤᠯᠠ ᠨᠢᠭᠡ ᠡᠷᠦᠬᠡ ᠶᠢᠨ ᠠᠳᠤᠭᠤᠨ ᠳᠤ ᠵᠢᠯ ᠪᠦᠷᠢ ᠳᠠᠪᠲᠠᠨ ᠭᠠᠷᠴᠤ ᠪᠣᠯᠣᠨ᠎ᠠ ᠃ ᠰᠢᠨᠵᠢ ᠲᠡᠮᠳᠡᠭ ᠄ ᠬᠠᠮᠠᠷ ᠤᠨ ᠬᠥᠨᠳᠡᠢ ᠂ ᠪᠠᠭᠠᠯᠵᠠᠭᠤᠷ ᠦᠷᠪᠢᠰᠦᠨ ᠬᠠᠨᠢᠶᠠᠵᠤ ᠤᠯᠠᠮ ᠢᠶᠠᠷ ᠨᠣᠭᠤᠭᠠᠨ ᠢᠳᠡᠭᠡ ᠲᠠᠢ ᠨᠢᠰᠤ ᠭᠤᠭᠤᠵᠢᠬᠤ ᠂ ᠡᠷᠡᠦ ᠶᠢᠨ ᠳᠣᠣᠷᠠᠬᠢ ᠪᠤᠯᠴᠢᠷᠬᠠᠢ ᠲᠣᠮᠣᠷᠠᠵᠤ ᠬᠠᠪᠤᠳᠤᠨ ᠦᠷᠪᠢᠰᠦᠨ᠎ᠡ ᠃ ᠬᠠᠯᠠᠭᠤᠷᠠᠨ᠎ᠠ ᠂ ᠴᠠᠭᠠᠰᠢᠳᠠ ᠬᠠᠪᠤᠳᠠᠷ ᠴᠣᠭᠤᠷᠠᠵᠤ ᠥᠳᠬᠡᠨ ᠨᠣᠭᠤᠭᠠᠨ ᠷᠢᠳᠢ ᠪᠠᠨ ᠭᠤᠣᠵᠢᠩ ᠂ ᠬᠠᠯᠠᠭᠤᠨ ᠪᠠᠭᠤᠷᠠᠵᠤ ᠪᠡᠶ᠎ᠡ ᠶᠢᠨ ᠪᠠᠶᠢᠳᠠᠯ ᠰᠠᠶᠢᠵᠢᠷᠠᠨ᠎ᠠ ᠃ ᠰᠡᠷᠭᠡᠶᠢᠯᠡᠯᠲᠡ ᠄ ᠡᠪᠡᠳᠴᠢᠨ ᠲᠣᠭᠲᠠᠮᠠᠯ ᠭᠠᠷᠳᠠᠭ ᠨᠤᠲᠤᠭ ᠲᠤ ᠠᠳᠤᠭᠤᠨ ᠤ ᠲᠠᠷᠭᠤ ᠬᠦᠴᠦ ᠶᠢ ᠰᠠᠶᠢᠨ ᠠᠪᠬᠠᠭᠤᠯᠬᠤ ᠂ ᠪᠠᠭ᠎ᠠ ᠨᠠᠰᠤᠨ ᠤ ᠠᠳᠤᠭᠤ ᠶᠢ ᠬᠦᠢᠲᠡᠨ ᠪᠣᠷᠤᠭ᠎ᠠ ᠂ ᠬᠡᠲᠦ ᠬᠠᠯᠠᠭᠤᠨ ᠨᠠᠷᠠᠨ ᠳᠤ ᠴᠣᠬᠢᠭᠤᠯᠬᠤ ᠦᠭᠡᠢ ᠪᠠᠶᠢᠬᠤ ᠂ ᠤᠨᠠᠭᠠᠨ ᠤ ᠨᠣᠭᠲᠣ ᠂ ᠵᠡᠯ᠎ᠡ ᠂ ᠪᠤᠰᠤᠳ ᠬᠡᠷᠡᠭᠰᠡᠯ ᠢ ᠠᠷᠢᠭᠤᠳᠬᠠᠬᠤ ᠨᠢ ᠴᠢᠬᠤᠯᠠ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号