ᠲᠠᠤᠯᠠᠢ ᠲᠡᠵᠢᠭᠡᠬᠦ ᠳᠤ ᠠᠩᠬᠠᠷᠬᠤ ᠬᠡᠷᠡᠭᠲᠡᠢ
ᠨᠡᠶᠢᠲᠡᠯᠡᠭᠰᠡᠨ ᠴᠠᠭ᠄
2021/11/25
1. ᠬᠥᠳᠡᠯᠭᠡᠭᠡᠨ ᠢ ᠠᠬᠢᠭᠤᠯᠤᠨ᠎ᠠ ᠲᠠᠤᠯᠠᠢ ᠶᠢᠨ ᠰᠢᠩᠭᠡᠯᠢᠭ ᠢ ᠳᠡᠩᠳᠡᠭᠦᠦ ᠪᠠᠭ᠎ᠠ ᠪᠠᠶᠢᠯᠭᠠᠵᠤ ᠪᠣᠯᠬᠤ ᠦᠭᠡᠢ᠂ ᠣᠷᠣᠨ ᠵᠠᠢ ᠶᠢ ᠳᠡᠩᠳᠡᠭᠦᠦ ᠰᠢᠬᠠᠭᠤ ᠪᠠᠶᠢᠯᠭᠠᠵᠤ ᠪᠣᠯᠬᠤ ᠦᠭᠡᠢ᠃ ᠪᠢᠳᠡ ᠪᠥᠵᠥᠩ ᠶᠢᠨ ᠰᠢᠩᠭᠡᠯᠢᠭ ᠲᠤ ᠳᠡᠪᠬᠡᠷᠦᠨ ᠦᠰᠦᠷᠬᠦ ᠬᠥᠳᠡᠯᠭᠡᠭᠡᠨ ᠢ ᠦᠵᠡᠬᠦ ᠳᠤᠷᠠᠲᠠᠶ᠃ 2. ᠨᠦᠢᠲᠠᠨ᠂ ᠬᠦᠢᠲᠡᠨ᠂ ᠪᠤᠵᠠᠷ  ᠲᠠᠤᠯᠠᠶ ᠶᠢ ᠬᠠᠭᠤᠷᠠᠶ᠂ ᠠᠷᠢᠭᠤᠨ ᠴᠡᠪᠡᠷ᠂ ᠳᠤᠯᠠᠭᠠᠨ ᠪᠦᠯᠢᠶᠡᠨ ᠣᠷᠴᠢᠨ ᠳᠤ ᠪᠠᠶᠢᠯᠭᠠᠪᠠᠯ᠂ ᠲᠡᠶᠢᠮᠦ ᠠᠷᠪᠢᠨ ᠰᠠᠭᠤᠯᠭᠠᠬᠤ ᠥᠬᠡᠶ ᠶᠤᠮ᠂ ᠬᠡᠷᠪᠡ ᠲᠠᠤᠯᠠᠶ ᠶᠢ ᠬᠠᠭᠤᠷᠠᠶ᠂ ᠠᠷᠢᠭᠤᠨ ᠴᠡᠪᠡᠷ᠂ ᠳᠤᠯᠠᠭᠠᠨ ᠣᠷᠴᠢᠨ ᠳᠤ ᠪᠠᠶᠢᠯᠭᠠᠪᠠᠯ᠂ ᠲᠡᠶᠢᠮᠦ ᠠᠷᠪᠢᠨ ᠰᠠᠭᠤᠯᠭᠠᠬᠤ ᠥᠬᠡᠶ ᠶᠤᠮ᠃ 3. ᠠᠮᠢᠰᠬᠤᠯ ᠤᠨ ᠵᠠᠮ ᠤᠨ ᠡᠪᠡᠳᠴᠢᠨ ᠨᠢ ᠱᠠᠷᠢᠯ ᠤᠨ ᠳᠣᠲᠣᠷᠠᠬᠢ ᠠᠭᠠᠷ ᠤᠨ ᠴᠢᠨᠠᠷ ᠴᠢᠨᠰᠠᠭ᠎ᠠ ᠲᠠᠢ ᠬᠤᠯᠪᠣᠭ᠎ᠠ ᠲᠠᠢ ᠬᠦᠴᠢᠯᠲᠥ᠋ᠷᠥᠭᠴᠢ ᠬᠦᠷᠦᠯᠴᠡᠬᠦ ᠦᠭᠡᠢ ᠤᠴᠢᠷ ᠠᠴᠠ ᠠᠮᠢᠰᠬᠤᠯ ᠤᠨ ᠲᠤᠭ᠎ᠠ ᠶᠢ ᠨᠡᠮᠡᠭᠳᠡᠭᠦᠯᠵᠦ᠂ ᠠᠭᠤᠰᠬᠢᠨ ᠤ ᠳᠠᠷᠤᠭᠠᠰᠤ ᠶᠢ ᠬᠦᠨᠳᠦᠷᠡᠭᠦᠯᠦᠨ᠎ᠡ᠂ ᠬᠡᠳᠦ ᠬᠦᠨᠳᠦ ᠳᠠᠷᠤᠭᠠᠰᠤ ᠨᠢ ᠶᠠᠳᠠᠷᠠᠭ᠎ᠠ ᠶᠢ ᠡᠭᠦᠰᠭᠡᠵᠦ᠂ ᠡᠯ᠎ᠡ ᠵᠦᠢᠯ ᠤᠨ ᠡᠪᠡᠳᠴᠢᠨ ᠤ ᠡᠭᠦᠰᠭᠡᠭᠴᠢ ᠶᠢ ᠡᠰᠡᠷᠭᠦᠴᠡᠬᠦ ᠴᠢᠳᠠᠪᠤᠷᠢ ᠨᠢ ᠪᠠᠭᠤᠷᠠᠵᠤ᠂ ᠬᠠᠯᠳᠠᠪᠤᠷᠢᠯᠠᠯ ᠠᠴᠠ ᠪᠣᠯᠵᠤ ᠡᠪᠡᠳᠴᠢᠨ ᠡᠭᠦᠰᠦᠨ᠎ᠡ᠃ 4. ᠡᠮ᠎ᠡ ᠲᠠᠤᠯᠠᠢ ᠪᠡᠷᠬᠡ ᠬᠥᠩᠭᠡᠵᠢᠯᠲᠡ ᠨᠢ ᠠᠷᠠᠴᠢᠯᠠᠵᠤ ᠲᠡᠵᠢᠭᠡᠬᠦ ᠲᠠᠢ ᠬᠤᠯᠪᠣᠭ᠎ᠠ ᠲᠠᠢ ᠪᠡᠷᠬᠡ ᠬᠥᠩᠭᠡᠵᠢᠯᠲᠡ ᠶᠢ ᠤᠷᠢᠳᠴᠢᠯᠠᠨ ᠰᠡᠷᠭᠡᠶᠢᠯᠡᠬᠦ ᠳᠤ ᠬᠡᠭᠡᠯᠲᠦᠭᠦᠯᠬᠦ ᠴᠠᠭ ᠢ ᠬᠢᠵᠠᠭᠠᠷᠯᠠᠵᠤ᠂ 5 ᠨᠠᠰᠤᠨ ᠳᠤ ᠬᠦᠷᠴᠦ᠂ ᠪᠡᠶ᠎ᠡ ᠶᠢᠨ ᠬᠦᠨᠳᠦ ᠨᠢ ᠵᠢᠯ ᠤᠨ ᠪᠡᠶ᠎ᠡ ᠶᠢᠨ ᠬᠦᠨᠳᠦ ᠶᠢᠨ ᠢᠶᠠᠨ 75%᠎ ᠳᠤ ᠬᠦᠷᠴᠦ᠂ ᠳᠡᠭᠡᠷᠡᠬᠢ ᠬᠡᠭᠡᠯᠲᠦᠭᠦᠯᠭᠡ ᠨᠢ ᠬᠠᠮᠤᠭ ᠤᠨ ᠲᠣᠬᠢᠷᠠᠮᠵᠢᠲᠠᠶ᠃ ᠬᠦᠬᠦᠭᠦᠯᠬᠦ ᠬᠤᠭᠤᠴᠠᠭᠠᠨ ᠳᠤ ᠣᠷᠤᠭ᠎ᠠ ᠣᠷᠣᠬᠤ ᠦᠭᠡᠢ ᠪᠤᠶᠤ ᠰᠦ ᠪᠠᠨ ᠵᠣᠭᠰᠣᠭᠰᠠᠨ ᠤ ᠳᠠᠷᠠᠭ᠎ᠠ ᠣᠷᠤᠭ᠎ᠠ ᠣᠷᠣᠬᠤ ᠦᠭᠡᠢ ᠪᠣᠯ ᠬᠦᠬᠦᠭᠦᠯᠬᠦ ᠬᠤᠭᠤᠴᠠᠭᠠᠨ ᠳᠤ ᠨᠡᠩ ᠡᠯᠪᠡᠭ ᠪᠠᠶᠠᠯᠢᠭ ᠰᠢᠮ᠎ᠡ ᠲᠡᠵᠢᠭᠡᠯ ᠥᠭᠴᠦ᠂ ᠲᠠᠷᠭᠤ ᠬᠦᠴᠦ ᠨᠢ ᠬᠦᠨᠳᠦᠷᠡᠬᠦ ᠠᠴᠠ ᠰᠡᠷᠭᠡᠶᠢᠯᠡᠨ᠎ᠡ᠃ 5. ᠲᠠᠤᠯᠠᠶ ᠶᠢᠨ ᠡᠪᠡᠳᠴᠢᠨ ᠣᠯᠠᠰᠢᠷᠠᠬᠤ ᠨᠢ ᠲᠡᠵᠢᠭᠡᠯ ᠪᠣᠷᠳᠤᠭ᠎ᠠ ᠶᠢᠨ ᠸᠠᠯᠠᠬᠤ ᠲᠠᠢ ᠬᠤᠯᠪᠣᠭ᠎ᠠ ᠲᠠᠢ ᠣᠯᠠᠩᠬᠢ ᠡᠪᠡᠳᠴᠢᠨ ᠤ ᠡᠭᠦᠰᠦᠯᠲᠡ ᠨᠢ ᠸᠠᠯᠠᠭᠰᠠᠨ ᠲᠡᠵᠢᠭᠡᠯ ᠪᠣᠷᠳᠤᠭ᠎ᠠ ᠶᠢ ᠬᠡᠷᠡᠭᠯᠡᠭᠰᠡᠨ ᠠᠴᠠ ᠲᠠᠤᠯᠠᠢ ᠶᠢᠨ ᠪᠡᠶ᠎ᠡ ᠶᠢᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠪᠠᠭᠤᠷᠠᠭᠤᠯᠤᠭᠰᠠᠨ ᠠᠴᠠ ᠪᠣᠯᠤᠭᠰᠠᠨ ᠶᠤᠮ᠂ ᠵᠥᠪᠬᠡᠨ ᠤᠯᠠᠨ ᠢᠶᠠᠷ ᠢᠶᠠᠨ ᠭᠦᠢᠴᠡᠳ ᠴᠢᠬᠤᠯᠠᠴᠢᠯᠠᠭᠰᠠᠨ ᠦᠭᠡᠢ ᠠᠴᠠ ᠪᠣᠯᠤᠭᠰᠠᠨ ᠶᠤᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号