| | ᠣᠣᠬᠠᠨ · ᠬᠠᠭᠳᠠ ᠵᠣᠬᠢᠶᠠᠪᠠ | 服匿 ᠪᠣᠯ ᠾᠦᠩᠨᠦ ᠦᠭᠡ ᠶᠣᠮ᠃ ᠲᠣᠰ ᠦᠭᠡ ᠬᠠᠮᠤᠭ ᠠᠩᠬ᠎ᠠ ︽ᠬᠠᠨ ᠣᠯᠣᠰ ᠤᠨ ᠪᠢᠴᠢᠭ · ᠯᠢ | ᠭᠤᠸᠠᠩ᠂ ᠰᠣ᠋ ᠵᠢᠶᠠᠨ ᠤ ᠨᠠᠮᠳᠠᠷ︾ ᠲᠤ ᠲᠠᠭᠠᠯᠳᠣᠭᠤᠯᠣᠨ ᠲᠡᠮᠳᠡᠭᠯᠡᠭᠰᠡᠨ ᠰᠣ᠋ ᠵᠢᠶᠠᠨ ᠤ ᠬᠦᠪᠡᠭᠦᠨ ᠰᠣ᠋ ᠡᠣ ᠶᠢᠨ | ᠨᠠᠮᠳᠠᠷ ᠲᠤ ᠭᠠᠷᠳᠠᠭ ᠶᠣᠮ᠃ ᠣᠣᠯ ᠦᠭᠡ ᠨᠢ ᠰᠣ᠋ ᠡᠣ ᠾᠦᠩᠨᠦ ᠳᠤ ᠡᠯᠴᠢᠯᠡᠨ ᠣᠴᠢᠭᠰᠠᠨ ᠤ ᠲᠠᠷᠠᠭ᠎ᠠ᠂ | ᠲᠡᠭᠦᠨ ᠤ ᠲᠡᠳ᠋ ᠡᠯᠴᠢᠨ ᠵᠠᠩ ᠱᠧᠩ ᠪᠣᠯᠣᠨ ᠡᠯᠴᠢᠨ ᠤ ᠲᠣᠰᠠᠯᠠᠭᠴᠢ ᠢᠥᠢ ᠴᠠᠩ ᠨᠡᠷ ᠾᠦᠩᠨᠦ ᠶᠢᠨ ᠴᠠᠨ ᠢᠥᠢ | ᠪᠣᠯᠣᠨ ᠦᠵᠢ ᠬᠠᠳᠣᠨ ᠨᠢ ᠦᠪᠡᠷ ᠤᠨ ᠠᠷᠠᠳ ᠢᠷᠭᠡᠳ ᠲᠠᠢ ᠪᠠᠨ ᠶᠠᠮᠠᠷᠴᠣ ᠡᠷᠡᠭᠡ ᠴᠡᠭᠡᠷ ᠦᠭᠡᠢ ᠬᠠᠷᠢᠯᠴᠠᠨ | ᠶᠠᠪᠣᠯᠴᠠᠳᠠᠭ ᠪᠠ ᠴᠠᠨ ᠢᠥᠢ ᠶᠢᠨ ᠣᠷᠳᠣᠨ ᠨᠢ ᠴᠦ ᠲᠡᠮᠡᠢ ᠪᠡᠯᠡᠳᠭᠡᠯ ᠰᠡᠷᠡᠮᠵᠢ ᠬᠤᠷᠢᠭ᠎ᠠ ᠴᠠᠭᠳᠠᠭᠤᠯ ᠦᠭᠡᠢ | ᠪᠠᠶᠢᠳᠠᠯ ᠢ ᠬᠠᠷᠠᠭᠠᠳ ᠮᠠᠭᠤ ᠰᠠᠨᠠᠭ᠎ᠠ ᠲᠦᠷᠦᠵᠦ᠂ ᠬᠡᠷᠪᠡ ᠦᠪᠡᠷ ᠤᠨ ᠵᠠᠭᠤ ᠭᠠᠷᠣᠢ ᠬᠦᠴᠦᠨ ᠤ ᠬᠦᠮᠦᠨ ᠢᠶᠠᠨ | ᠡᠳ᠋ ᠠᠰᠢᠭ ᠡᠷᠬᠡ ᠵᠡᠷᠭᠡ ᠪᠠᠷ ᠦᠳᠦᠭᠡᠪᠡᠯ᠂ ᠠᠳᠠᠭ ᠨᠢ ᠵᠢᠷᠠ ᠲᠠᠯᠠᠨ ᠠᠮᠢ ᠴᠦᠯᠡᠬᠦ ᠡᠷᠡᠰ ᠣᠯᠳᠠᠨ᠎ᠠ᠃ ᠡᠳᠡᠭᠡᠷ | ᠬᠦᠮᠦᠨ ᠢᠶᠠᠨ ᠨᠢᠭᠤᠴᠠ ᠪᠠᠷ ᠵᠣᠬᠢᠶᠠᠨ ᠪᠠᠶᠢᠭᠤᠯᠵᠣ ᠰᠦᠨᠢ ᠲᠦᠯᠢ ᠪᠠᠷ ᠭᠠᠷ ᠬᠦᠳᠡᠯᠦᠨ ᠾᠦᠩᠨᠦ ᠶᠢᠨ ᠴᠠᠨ | ᠢᠥᠢ ᠶᠢᠨ ᠣᠷᠳᠣᠨ ᠢ ᠭᠡᠨᠡᠳᠳᠡᠭᠦᠯᠦᠨ ᠲᠠᠭᠠᠷᠢᠪᠠᠯ᠂ ᠠᠪ ᠠᠮᠠᠷᠬᠠᠨ ᠰᠠᠨᠠᠭᠠᠨ ᠳᠠᠭᠠᠨ ᠬᠦᠷᠴᠦ ᠪᠣᠯᠣᠨ᠎ᠠ ᠭᠡᠵᠦ | ᠵᠦᠪᠯᠡᠭᠡᠳ᠂ ᠰᠣ᠋ ᠡᠣ ᠵᠦᠪᠰᠢᠶᠡᠷᠡᠬᠦ ᠦᠭᠡᠢ ᠶᠢ ᠮᠡᠳᠡᠬᠦ ᠪᠣᠯᠬᠤᠷ᠂ ᠰᠣ᠋ ᠡᠣ ᠠᠴᠠ ᠲᠠᠯᠳᠠᠭᠤᠷ᠂ ᠦᠪᠡᠷ ᠤᠨ | ᠲᠣᠣᠷᠠᠬᠢ ᠬᠦᠴᠦᠨ ᠤ ᠬᠦᠮᠦᠨ ᠢᠶᠠᠷ ᠬᠦᠯᠦᠰᠦᠯᠡᠵᠦ ᠠᠪᠴᠢᠷᠠᠭᠰᠠᠨ ᠵᠠᠭᠤ ᠭᠠᠷᠣᠢ ᠬᠦᠮᠦᠨ ᠢᠶᠠᠨ ᠨᠢᠭᠤᠴᠠ ᠪᠠᠷ | ᠵᠣᠬᠢᠶᠠᠨ ᠪᠠᠶᠢᠭᠤᠯᠵᠣ᠂ ᠴᠠᠨ ᠢᠥᠢ ᠶᠢᠨ ᠣᠷᠳᠣᠨ ᠢ ᠭᠡᠨᠡᠳᠳᠡᠭᠦᠯᠦᠨ ᠲᠠᠭᠠᠷᠢᠵᠣ᠂ ᠴᠠᠨ ᠢᠥᠢ ᠪᠣᠶᠣ ᠲᠡᠭᠦᠨ ᠤ | ᠦᠵᠢ ᠬᠠᠳᠣᠨ ᠢ ᠣᠣᠯᠭᠠᠭᠤᠯᠣᠨ ᠪᠠᠷᠢᠪᠴᠢᠯᠠᠬᠤ ᠪᠠᠷ ᠬᠤᠣᠪᠢᠯᠳᠣᠵᠠᠢ᠃ ᠭᠡᠳᠡᠯ᠎ᠡ ᠡᠳᠡᠭᠡᠷ ᠬᠦᠮᠦᠰ ᠲᠣᠲᠣᠷ᠎ᠠ ᠨᠢ | ᠠᠮᠢ ᠪᠠᠨ ᠠᠯᠳᠠᠬᠤ ᠠᠴᠠ ᠠᠶᠣᠬᠤ ᠬᠦᠮᠦᠨ ᠪᠠᠶᠢᠭᠰᠠᠨ ᠪᠣᠯᠬᠤᠷ ᠣᠷᠪᠠᠵᠣ ᠬᠡᠷᠡᠭ ᠵᠠᠳᠠᠷᠠᠭᠰᠠᠨ ᠠᠴᠠ ᠪᠣᠯᠵᠣ᠂ | ᠡᠨᠡ ᠡᠯᠴᠢ ᠲᠡᠳ᠋ ᠡᠯᠴᠢ ᠡᠯᠴᠢᠨ ᠤ ᠲᠣᠰᠠᠯᠠᠭᠴᠢ ᠪᠢᠴᠢᠭᠡᠴᠢ ᠵᠠᠷᠣᠴᠠ ᠵᠢᠴᠢ ᠲᠡᠷᠭᠡ ᠣᠨᠤᠭ᠎ᠠ ᠶᠢ ᠲᠣᠲᠣᠮᠳᠠᠬᠤ | ᠬᠦᠴᠦᠨ ᠤ ᠬᠦᠮᠦᠨ᠂ ᠨᠡᠶᠢᠳᠡ ᠵᠠᠭᠤ ᠭᠠᠷᠣᠢ ᠬᠦᠮᠦᠨ ᠪᠦᠬᠦᠨ ᠢᠶᠠᠷ ᠢᠶᠠᠨ ᠪᠠᠷᠢᠪᠴᠢᠯᠠᠭᠳᠠᠵᠠᠢ᠃ ᠲᠡᠭᠡᠭᠡᠳ | ᠰᠢᠭᠦᠭᠳᠡᠬᠦ ᠦᠶ᠎ᠡ ᠳᠤ ᠬᠡᠷᠡᠭ ᠤᠨ ᠭᠤᠣᠯ ᠲᠦᠷᠦᠭᠦᠥ ᠶᠢᠨ ᠨᠢᠭᠡᠨ ᠪᠣᠯᠬᠤ ᠡᠯᠴᠢ ᠶᠢᠨ ᠲᠣᠰᠠᠯᠠᠭᠴᠢ ᠢᠥᠢ ᠴᠠᠩ | ᠪᠠᠰᠠ ᠲᠣᠰ ᠬᠡᠷᠡᠭ ᠢ ᠮᠡᠳᠡᠬᠦ ᠬᠡᠮᠡᠨ ᠣᠪᠯᠠᠵᠣ ᠲᠠᠰᠣ ᠮᠡᠯᠵᠢᠨ ᠭᠠᠷᠬᠤ ᠰᠠᠨᠠᠭ᠎ᠠ ᠲᠠᠢ ᠵᠢᠳᠭᠦᠵᠦ ᠪᠠᠶᠢᠭᠠᠳ᠂ ᠲᠡᠷᠡ | ᠲᠣᠣᠷ᠎ᠠ ᠨᠢ ᠴᠠᠪᠴᠢᠭᠳᠠᠨ ᠠᠯᠠᠭᠳᠠᠭᠰᠠᠨ ᠢ ᠦᠵᠡᠭᠰᠡᠨ᠂ ᠨᠦᠭᠦᠭᠡ ᠨᠢᠭᠡ ᠬᠡᠷᠡᠭ ᠤᠨ ᠭᠤᠣᠯ ᠲᠦᠷᠦᠭᠦᠥ ᠪᠣᠯᠬᠤ | ᠲᠡᠳ᠋ ᠡᠯᠴᠢ ᠵᠠᠩ ᠱᠧᠩ ᠲᠡᠷᠡ ᠲᠣᠣᠷ᠎ᠠ ᠪᠠᠨ ᠰᠦᠭᠦᠳᠦᠨ ᠮᠦᠷᠭᠦᠵᠦ ᠪᠠᠭᠤᠵᠣ ᠦᠭᠬᠦ ᠪᠠᠷ ᠭᠤᠶᠣᠴᠢᠯᠠᠵᠠᠢ᠃ | ᠡᠨᠡ ᠦᠶ᠎ᠡ ᠰᠣ᠋ ᠡᠣ ᠬᠡᠳᠦᠶᠢᠪᠡᠷ ᠦᠨᠡᠬᠡᠷ ᠡᠨᠡᠬᠦ ᠬᠤᠣᠪᠢᠯᠳᠣᠭᠠᠨ ᠳᠤ ᠣᠷᠣᠯᠴᠠᠭᠰᠠᠨ ᠦᠭᠡᠢ ᠮᠦᠷᠳᠡᠭᠡᠨ | ᠣᠷᠢᠳᠠᠰᠠ ᠮᠡᠳᠡᠬᠦ ᠦᠭᠡᠢ ᠪᠣᠯᠪᠠᠴᠣ᠂ ᠲᠡᠷᠡ ᠦᠪᠡᠷ ᠢᠶᠠᠨ ᠵᠢᠩᠬᠢᠨᠢ ᠡᠯᠴᠢ ᠪᠣᠯᠬᠤᠷ ᠪᠦᠬᠦ ᠬᠠᠷᠢᠭᠤᠴᠠᠯᠭ᠎ᠠ ᠶᠢ | ᠡᠭᠦᠷᠭᠡᠯᠡᠬᠦ ᠨᠢ ᠵᠦᠢ ᠶᠣᠰᠣᠨ ᠤ ᠬᠡᠷᠡᠭ ᠬᠡᠮᠡᠨ ᠪᠣᠳᠣᠵᠣ᠂ ᠦᠪᠡᠷ ᠢᠶᠠᠨ ᠴᠦ ᠠᠯᠠᠭᠳᠠᠬᠤ ᠶᠠᠯ᠎ᠠ ᠳᠤ ᠣᠨᠠᠬᠤ ᠨᠢ | ᠰᠡᠵᠢᠭᠯᠡᠰᠢ ᠦᠭᠡᠢ ᠬᠡᠷᠡᠭ ᠭᠡᠵᠦ ᠦᠵᠡᠭᠡᠳ᠂ ᠲᠠᠶᠢᠰᠣᠨ ᠳᠠᠭᠠᠨ ᠠᠯᠠᠭᠳᠠᠬᠤ ᠠᠴᠠ ᠦᠪᠡᠷ ᠢᠶᠠᠨ ᠦᠬᠦᠭᠰᠡᠨ | ᠲᠡᠭᠡᠷ᠎ᠡ ᠬᠡᠮᠡᠨ ᠬᠦᠵᠦᠭᠦᠥ ᠪᠠᠨ ᠣᠭᠳᠣᠯᠵᠣ ᠦᠬᠦᠳᠭᠢᠨ ᠣᠨᠠᠵᠠᠢ᠃ ᠴᠠᠨ ᠢᠥᠢ ᠮᠡᠳᠡᠭᠡᠳ ᠰᠣ᠋ ᠡᠣ ᠰᠠᠶᠢᠨ | ᠬᠦᠮᠦᠨ ᠪᠠᠶᠢᠨᠠᠮ ᠬᠡᠮᠡᠨ ᠦᠪᠡᠷ ᠤᠨ ᠡᠮᠴᠢ ᠪᠠᠨ ᠢᠯᠡᠭᠡᠵᠦ᠂ ᠲᠡᠭᠦᠨ ᠢ ᠠᠮᠢ ᠣᠷᠣᠭᠤᠯᠣᠨ ᠠᠪᠣᠷᠠᠨ ᠠᠪᠴᠠᠢ᠃ | ᠲᠣᠬᠠᠢ ᠶᠢᠨ ᠦᠶ᠎ᠡ ᠳᠤ ᠾᠦᠩᠨᠦᠴᠦᠳ ᠲᠤ ᠶᠡᠬᠡᠪᠡᠷ ᠴᠢᠰᠦ ᠠᠯᠳᠠᠨ ᠱᠥᠺ ᠳᠤ ᠣᠷᠣᠭᠰᠠᠨ ᠬᠦᠮᠦᠨ ᠢ ᠠᠪᠣᠷᠠᠨ | ᠠᠪᠬᠤ ᠡᠷᠳᠡᠮ ᠮᠡᠳᠡᠯᠭᠡ ᠪᠠᠶᠢᠭᠰᠠᠨ ᠪᠣᠯᠬᠤᠷ᠂ ︽ᠬᠤᠩᠬᠤᠷ ᠭᠠᠵᠠᠷ ᠭᠠᠯ ᠲᠦᠯᠡᠨ ᠬᠠᠯᠠᠰᠬᠠᠵᠣ᠂ ᠲᠡᠭᠡᠷ᠎ᠡ ᠨᠢ ᠰᠣ᠋ | ᠡᠣ ᠶᠢ ᠡᠭᠡᠭᠡᠵᠦ ᠬᠦᠨᠵᠢᠯᠡ ᠬᠤᠪᠴᠠᠰᠣ ᠪᠠᠷ ᠬᠤᠴᠢᠵᠣ ᠲᠣᠯᠠᠭᠠᠴᠠᠭᠤᠯᠵᠣ ᠪᠠᠶᠢᠭᠠᠳ ᠪᠦᠬᠦ ᠪᠡᠶ᠎ᠡ ᠶᠢ ᠨᠢ | ᠪᠦᠯᠢᠶᠡᠰᠭᠡᠨ ᠠᠮᠢ ᠣᠷᠣᠭᠤᠯᠵᠣ ᠠᠪᠣᠷᠠᠵᠣ ᠠᠪᠴᠠᠢ︾᠃ ᠡᠨᠡ ᠪᠣᠯ ᠱᠣᠺ ᠲᠤ ᠣᠷᠣᠭᠰᠠᠨ ᠬᠦᠮᠦᠨ ᠤ ᠪᠡᠶ᠎ᠡ ᠶᠢ | ᠪᠦᠯᠢᠶᠡᠰᠭᠡᠨ᠂ ᠪᠡᠶ᠎ᠡ ᠶᠢᠨ ᠲᠣᠯᠠᠭᠠᠨ ᠢ ᠨᠢ ᠪᠠᠳᠣᠯᠠᠵᠣ ᠪᠠᠶᠢᠭᠠᠳ᠂ ᠲᠡᠭᠦᠨ ᠤ ᠵᠢᠵᠢᠭ ᠴᠢᠰᠣᠨ ᠡᠷᠭᠢᠯᠳᠡ ᠳᠤ | ᠨᠡᠶᠢᠳᠡᠮ ᠴᠢᠨᠠᠷᠳᠠᠢ ᠴᠢᠰᠣ ᠡᠭᠡᠳᠡᠷᠡᠬᠦ ᠬᠤᠪᠢᠷᠠᠯᠳᠠ ᠶᠢ ᠬᠤᠷᠢᠭᠯᠠᠵᠣ᠂ ᠴᠢᠰᠣᠨ ᠡᠷᠬᠢᠯᠳᠡ ᠶᠢᠨ ᠠᠵᠢᠯᠯᠠᠭ᠎ᠠ ᠶᠢ | ᠪᠠᠳᠣᠯᠠᠨ᠂ ᠰᠢᠷᠠᠭᠳᠠᠨ ᠢ ᠦᠬᠦᠯ ᠠᠴᠠ ᠠᠪᠣᠷᠠᠬᠤ ᠬᠠᠮᠤᠭ ᠵᠦᠪ ᠵᠠᠰᠠᠯ ᠪᠠᠶᠢᠵᠠᠢ᠃ ᠬᠤᠵᠢᠮ ᠤᠨ ᠮᠣᠩᠭᠤᠯᠴᠣᠳ | ᠲᠤ ᠡᠶᠢᠮᠦ ᠶᠡᠬᠡᠪᠡᠷ ᠴᠢᠰᠣ ᠠᠯᠳᠠᠨ ᠱᠣᠺ ᠲᠤ ᠣᠷᠣᠬᠤ ᠭᠡᠵᠦ ᠪᠠᠶᠢᠭ᠎ᠠ ᠰᠢᠷᠠᠭᠳᠠᠨ ᠢ ᠲᠡᠷᠡ ᠲᠣᠣᠷ᠎ᠠ ᠪᠠᠨ ᠦᠬᠡᠷ | ᠨᠢᠳᠣᠯᠠᠵᠣ᠂ ᠠᠷᠠᠰᠣ ᠶᠢ ᠨᠢ ᠦᠪᠴᠢᠬᠦ ᠦᠭᠡᠷ ᠪᠠᠷ ᠣᠷᠢᠳᠠᠪᠠᠷ ᠭᠡᠳᠡᠰᠦ ᠲᠣᠲᠣᠷ ᠢ ᠭᠠᠷᠭᠠᠨ ᠠᠪᠴᠣ᠂ | ᠰᠢᠷᠠᠭᠳᠠᠨ ᠢᠶᠠᠨ ᠦᠬᠡᠷ ᠤᠨ ᠬᠡᠪᠡᠯᠢ ᠳᠤ ᠨᠢᠴᠣᠭᠦᠨ ᠢᠶᠠᠷ ᠣᠷᠣᠭᠤᠯᠵᠣ᠂ ᠦᠬᠡᠷ ᠤᠨ ᠬᠠᠯᠠᠭᠤᠨ ᠢᠯᠴᠢ ᠪᠠᠷ | ᠰᠢᠷᠠᠭᠳᠠᠨ ᠢᠶᠠᠨ ᠠᠪᠣᠷᠠᠬᠤ ᠲᠠᠢ ᠨᠢᠭᠡᠨ ᠠᠳᠠᠯᠢ ᠶᠣᠰᠣᠨ ᠠᠵᠠᠢ᠃ ᠡᠨᠡ ᠠᠷᠭ᠎ᠠ ᠣᠳᠣ ᠦᠶ᠎ᠡ ᠶᠢᠨ ᠠᠨᠠᠭᠠᠬᠤ | ᠣᠬᠠᠭᠠᠨ ᠤ ᠶᠣᠰᠣ ᠵᠦᠢ ᠲᠠᠢ ᠴᠦ ᠲᠣᠩ ᠨᠡᠶᠢᠴᠡᠬᠦ ᠬᠡᠷᠡᠭ ᠶᠣᠮ᠃ ᠲᠡᠭᠡᠭᠡᠳ ᠰᠣ᠋ ᠡᠣ ᠶᠢ ᠵᠠᠰᠠᠨ ᠡᠳᠡᠭᠡᠭᠰᠡᠨ ᠤ | ᠰᠡᠬᠦᠯᠡᠷ ᠲᠡᠭᠦᠨ ᠢ ᠾᠦᠩᠨᠦ ᠳᠤ ᠪᠠᠭᠤᠵᠣ ᠦᠭᠭᠦᠳᠦᠭᠡᠢ ᠭᠡᠵᠦ ᠱᠠᠭᠠᠷᠳᠠᠭᠰᠠᠨ ᠴᠦ ᠰᠣ᠋ ᠡᠣ ᠪᠠᠭᠤᠵᠣ ᠦᠭᠬᠦ | ᠦᠭᠡᠢ ᠪᠣᠯᠬᠤᠷ᠂ ᠴᠠᠨ ᠢᠥᠢ ᠲᠡᠭᠦᠨ ᠢ ᠵᠢᠷᠣᠮ ᠲᠠᠢ ᠬᠦᠮᠦᠨ ᠪᠠᠶᠢᠨᠠᠮ ᠬᠡᠮᠡᠨ ᠦᠬᠦᠬᠦ ᠶᠠᠯ᠎ᠠ ᠠᠴᠠ ᠨᠢ | ᠬᠡᠯᠳᠦᠷᠢᠭᠦᠯᠦᠨ᠂ ᠪᠠᠶᠢᠭᠠᠯ ᠲᠠᠯᠠᠢ ᠣᠷᠴᠢᠮ ᠢᠶᠠᠷ ᠬᠦᠷᠭᠡᠵᠦ ᠬᠤᠷᠢᠬᠤ ᠪᠠᠷ ᠰᠢᠢᠳᠭᠡᠨ ᠶᠠᠪᠣᠭᠤᠯᠵᠠᠢ᠃ ᠦᠨᠡᠨᠳᠡᠭᠡᠨ | ᠬᠤᠷᠢᠬᠤ ᠪᠢᠰᠢ ᠾᠦᠩᠨᠦ ᠮᠣᠩᠭᠤᠯ ᠳᠤ ᠶᠠᠯᠠᠳᠠᠨ ᠬᠤᠷᠢᠬᠤ ᠱᠣᠷᠣᠩ ᠭᠡᠵᠦ ᠪᠠᠶᠢᠭ᠎ᠠ ᠦᠭᠡᠢ ᠪᠠᠶᠢᠵᠠᠢ᠃ ᠡᠶᠢᠮᠦ | ᠠᠴᠠ ᠬᠤᠷᠢᠬᠤ ᠴᠢᠬᠤᠯᠠ ᠲᠠᠢ ᠬᠦᠮᠦᠨ ᠢᠶᠠᠨ ᠬᠢᠳᠠᠳ ᠣᠷᠣᠨ ᠠᠴᠠ ᠨᠡᠩ ᠠᠯᠣᠰ ᠭᠠᠵᠠᠷ ᠠᠪᠠᠴᠢᠨ ᠲᠠᠯᠪᠢᠪᠠᠯ᠂ | ᠲᠡᠭᠦᠨ ᠳᠤ ᠮᠣᠷᠢ ᠣᠨᠤᠭ᠎ᠠ ᠲᠠᠢ ᠪᠣᠯᠪᠠᠴᠣ᠂ ᠵᠠᠮ ᠮᠡᠳᠡᠬᠦ ᠦᠭᠡᠢ ᠪᠣᠯᠬᠤᠷ ᠲᠣᠳᠠᠭᠠᠨ ᠶᠠᠪᠣᠵᠣ ᠴᠢᠳᠠᠬᠤ ᠦᠭᠡᠢ | ᠶᠣᠮ᠃ ᠢᠩᠬᠢᠭᠡᠳ ︽ᠬᠡᠳᠦᠨ ᠵᠢᠯ ᠤᠨ ᠲᠠᠷᠠᠭ᠎ᠠ ᠴᠠᠨ ᠢᠥᠢ ᠶᠢᠨ ᠲᠡᠭᠦᠥ ᠣᠣᠭᠠᠨ ᠸᠠᠩ ︵於靬王︶ | ᠲᠠᠯᠠᠢ ᠲᠡᠭᠡᠷ᠎ᠡ ᠠᠩᠨᠠᠷᠠ ᠢᠷᠡᠭᠡᠳ ᠁ ᠰᠣ᠋ ᠡᠣ ᠳᠤ ᠲᠡᠪᠡᠯ ᠬᠤᠪᠴᠠᠰᠣ᠂ ᠬᠤᠭᠤᠯᠠ ᠢᠳᠡᠭᠡᠨ ᠬᠦᠷᠭᠡᠪᠡ᠃ | ᠭᠤᠷᠪᠠᠨ ᠵᠢᠯ ᠢᠯᠡᠭᠦᠥ ᠪᠣᠯᠣᠭᠠᠳ ᠡᠨᠡᠬᠦ ᠸᠠᠩ ᠡᠪᠡᠳᠴᠢᠯᠡᠨ ᠦᠬᠦᠬᠦ ᠠᠴᠠ ᠪᠠᠨ ᠡᠮᠦᠨ᠎ᠡ ᠪᠠᠰᠠ ᠰᠣ᠋ ᠡᠣ ᠳᠤ | ᠠᠳᠣᠭᠤ ᠮᠠᠯ᠂ ᠬᠦᠨᠦᠭ ︵服匿︶ ᠰᠠᠪᠠ ᠪᠣᠯᠣᠨ ᠮᠣᠩᠭᠤᠯ ᠭᠡᠷ ︵ᠢᠰᠡᠭᠡᠢ ᠮᠠᠶᠢᠬᠠᠨ︶ ᠬᠦᠷᠭᠡᠵᠦᠬᠦᠢ︾ | ᠭᠡᠵᠡᠢ᠃ ᠡᠨᠡᠬᠦ 服匿 ᠭᠡᠳᠡᠭ ᠦᠭᠡ ᠢᠩᠬᠢᠵᠦ ᠲᠡᠣᠬᠡᠨ ᠪᠢᠴᠢᠭ ᠲᠤ ᠢᠯᠠᠷᠠᠵᠠᠢ᠃ ᠾᠦᠩᠨᠦᠴᠦᠳ ᠰᠣ᠋ ᠡᠣ | ᠶᠢ ᠪᠠᠶᠢᠭᠠᠯ ᠲᠠᠯᠠᠢ ᠳᠤ ᠬᠤᠷᠢᠬᠤ ᠲᠠᠭᠠᠨ ᠪᠠᠰᠠ ᠲᠡᠭᠦᠨ ᠳᠤ ᠨᠢᠭᠡᠨ ᠾᠦᠩᠨᠦ ᠶᠢᠨ ᠪᠡᠯᠪᠡᠰᠦᠨ ᠡᠬᠡᠨᠡᠷ ᠢ ᠬᠠᠮᠳᠣ | ᠶᠠᠪᠣᠭᠤᠯᠵᠣ᠂ ᠰᠣ᠋ ᠡᠣ ᠶᠢᠨ ᠠᠮᠢᠳᠣᠷᠠᠯ ᠠᠬᠤᠢ ᠶᠢ ᠲᠣᠲᠣᠮᠳᠠᠵᠣ ᠦᠭᠳᠦᠭᠡᠢ ᠬᠡᠮᠡᠨ ᠠᠮᠢᠳᠣᠷᠠᠯ ᠤᠨ ᠪᠦᠬᠦᠶᠢᠯᠡ | ᠬᠡᠷᠡᠭᠰᠡᠯ ᠪᠣᠯᠣᠨ ᠮᠠᠯ ᠰᠦᠷᠦᠭ ᠦᠭᠴᠦ ᠶᠠᠪᠣᠭᠤᠯᠵᠠᠢ᠃ ᠡᠰᠡ ᠪᠦᠭᠡᠰᠦ ᠰᠣ᠋ ᠡᠣ ᠮᠡᠳᠦ ᠬᠢᠳᠠᠳ ᠭᠠᠵᠠᠷ ᠤᠨ | ᠪᠢᠴᠢᠭᠳᠡᠨ ᠡᠷ᠎ᠡ ᠬᠤᠨᠢ ᠨᠢᠳᠣᠯᠠᠬᠤ ᠶᠢ ᠴᠦ ᠴᠢᠳᠠᠬᠤ ᠦᠭᠡᠢ ᠪᠣᠯᠬᠤᠷ᠂ ᠰᠦᠷᠦᠭ ᠬᠤᠨᠢ ᠲᠠᠢ ᠪᠠᠶᠢᠯ᠎ᠠ ᠴᠦ ᠬᠡᠰᠡᠨ | ᠬᠡᠭᠡᠷ᠎ᠡ ᠲᠠᠯ᠎ᠠ ᠳᠤ ᠦᠯᠪᠡᠷᠡᠵᠦ ᠦᠬᠦᠬᠦ ᠠᠴᠠ ᠦᠭᠡᠷ᠎ᠡ ᠵᠠᠮ ᠦᠭᠡᠢ ᠶᠣᠮ᠃ ᠰᠣ᠋ ᠡᠣ ᠡᠨᠡ ᠮᠡᠳᠦ ᠪᠠᠷ ᠨᠡᠶᠢᠳᠡ | ᠠᠷᠪᠠ ᠶᠢᠰᠦᠨ ᠵᠢᠯ ᠬᠤᠷᠢᠭᠳᠠᠵᠣ᠂ ᠡᠳᠦᠷᠵᠢᠨ ᠦᠪᠡᠷ ᠤᠨ ᠠᠮᠢ ᠭᠤᠣᠯ ᠢᠶᠠᠨ ᠠᠷᠭᠠᠴᠠᠬᠤ ᠬᠤᠨᠢᠨ ᠰᠦᠷᠦᠭ | ᠢᠶᠠᠨ ᠬᠠᠷᠢᠭᠤᠯᠵᠣ᠂ ᠾᠦᠩᠨᠦ ᠪᠦᠰᠡᠭᠦᠢ ᠲᠠᠢ ᠪᠠᠨ ᠬᠠᠮᠳᠣ ᠠᠮᠢᠳᠣᠷᠠᠵᠠᠢ᠃ ᠡᠨᠡ ᠬᠤᠭᠤᠷᠣᠨᠳᠣ ᠲᠡᠷᠡᠬᠦ ᠾᠦᠩᠨᠦ | ᠪᠦᠰᠡᠭᠦᠢ ᠠᠴᠠ ᠲᠡᠭᠦᠨ ᠳᠤ ᠨᠢᠭᠡᠨ ᠬᠦᠪᠡᠭᠦᠨ ᠲᠦᠷᠦᠵᠦ ᠦᠰᠭᠡᠵᠦ ᠦᠭᠭᠦᠭᠰᠡᠨ ᠨᠢ᠂ ᠬᠤᠵᠢᠮ ᠰᠣ᠋ ᠡᠣ ᠣᠯᠣᠰ | ᠲᠠᠭᠠᠨ ᠬᠠᠷᠢᠭᠠᠳ ᠬᠡᠷᠡᠭ ᠵᠣᠷᠢᠭ ᠲᠤ ᠣᠷᠢᠶᠠᠭᠳᠠᠨ ᠬᠦᠢᠰᠦ ᠲᠡᠮᠳᠡᠷᠢᠭᠳᠡᠬᠦ ᠦᠶ᠎ᠡ ᠳᠤ ᠬᠠᠷᠢᠨ᠂ ᠦᠷ᠎ᠡ ᠦᠨᠳᠦᠰᠦ | ᠵᠠᠯᠭᠠᠬᠤ ᠦᠯᠵᠡᠢ ᠲᠠᠢ ᠰᠠᠶᠢᠨ ᠬᠡᠷᠡᠭ ᠪᠣᠯᠵᠠᠢ᠃ ᠰᠣ᠋ ᠡᠣ ᠡᠨᠡᠬᠦ ᠬᠦᠪᠡᠭᠦᠨ ᠳᠡᠭᠡᠨ ᠰᠣ᠋ ᠲᠦᠩ ᠭᠦᠸᠧ ᠭᠡᠳᠡᠭ | ᠨᠡᠷ᠎ᠡ ᠦᠭᠭᠦᠭᠰᠡᠨ ᠠᠵᠠᠢ᠃ ᠠᠷᠪᠠ ᠶᠢᠰᠦᠨ ᠵᠢᠯ ᠤᠨ ᠲᠠᠷᠠᠭ᠎ᠠ ᠬᠠᠨ ᠡᠣ ᠳ᠋ᠢ ᠬᠠᠭᠠᠨ ᠯᠢᠥ ᠴᠧ ᠦᠬᠦᠬᠦ ᠳᠡᠭᠡᠨ | ᠲᠣᠯᠣᠭᠠᠬᠠᠨ ᠨᠠᠰᠣᠳᠠᠢ ᠦᠨᠦᠴᠢᠨ ᠬᠦᠪᠡᠭᠦᠨ ᠯᠢᠥ ᠹᠦ᠋ ᠯᠢᠩ ᠢᠶᠠᠨ ᠢᠳᠡᠭᠡᠯᠳᠦ ᠲᠦᠷᠪᠡᠨ ᠶᠡᠬᠡᠰ ᠲᠦᠰᠢᠮᠡᠳ | ᠾᠦᠸᠧ ᠭᠤᠸᠠᠩ᠂ ᠶᠢᠨ ᠮᠢ ᠳ᠋ᠢ ︵ᠾᠦᠩᠨᠦ ᠬᠦᠮᠦᠨ᠂ ᠾᠦᠩᠨᠦ ᠶᠢᠨ ᠰᠢᠥ ᠲᠸᠥ ᠸᠠᠩ ᠤᠨ ᠲᠠᠶᠢᠽᠢ | ᠬᠦᠪᠡᠭᠦᠨ ᠪᠠᠶᠢᠵᠠᠢ︶ ᠱᠠᠩ ᠭᠤᠸᠠᠨ ᠵᠢᠶᠧ᠂ ᠰᠠᠩ ᠬᠤᠩ ᠶᠠᠩ ᠵᠡᠷᠭᠡ ᠬᠦᠮᠦᠰ ᠲᠤ ᠭᠡᠷᠢᠶᠡᠰᠦᠯᠡᠨ ᠨᠠᠶᠢᠳᠠᠵᠠᠢ᠃ | ᠡᠳᠡ ᠲᠦᠷᠪᠡᠨ ᠬᠦᠮᠦᠨ ᠲᠦᠷᠦ ᠶᠢᠨ ᠡᠷᠬᠡ ᠶᠢ ᠪᠠᠷᠢᠭᠠᠳ᠂ ᠬᠠᠨ ᠣᠯᠣᠰ ᠲᠠᠬᠢᠨ ᠾᠦᠩᠨᠦ ᠲᠠᠢ ᠣᠷᠣᠭᠴᠠᠨ | ᠡᠪᠰᠡᠬᠦ ᠪᠣᠯᠣᠭᠰᠠᠨ ᠢᠶᠠᠷ ᠰᠣ᠋ ᠡᠣ ᠰᠠᠶ᠋ᠢ ᠬᠠᠨ ᠣᠯᠣᠰ ᠲᠠᠭᠠᠨ ᠪᠣᠴᠠᠵᠣ ᠴᠢᠳᠠᠵᠠᠢ᠃ ᠰᠣ᠋ ᠡᠣ ᠬᠠᠨ ᠣᠯᠣᠰ | ᠲᠠᠭᠠᠨ ᠪᠣᠴᠠᠬᠤ ᠪᠣᠯᠣᠭᠰᠠᠨ ᠳᠠᠭᠠᠨ ᠪᠠᠶᠠᠷᠯᠠᠵᠣ᠂ ᠦᠪᠡᠷ ᠤᠨ ᠬᠦᠪᠡᠭᠦᠨ ᠰᠣ᠋ ᠲᠦᠩ ᠭᠦᠸᠧ ᠶᠢ ᠾᠦᠩᠨᠦ ᠡᠬᠡ | ᠲᠠᠢ ᠨᠢ ᠬᠠᠮᠳᠣ ᠣᠷᠬᠢᠭᠠᠳ ᠶᠠᠪᠣᠭᠰᠠᠨ ᠶᠣᠮ᠃ | ᠰᠣ᠋ ᠡᠣ ᠣᠯᠣᠰ ᠲᠠᠭᠠᠨ ᠪᠣᠴᠠᠭᠰᠠᠨ ᠤ ᠲᠠᠷᠠᠭ᠎ᠠ᠂ ᠲᠡᠭᠦᠨ ᠢ ᠬᠠᠷᠢᠶᠠᠳᠣ ᠣᠯᠣᠰ ᠢ ᠮᠡᠳᠡᠭᠴᠢ ︵典屬國᠂ | ᠣᠳᠣᠬᠢ ᠪᠠᠷ ᠦᠵᠡᠪᠡᠯ ᠲᠦᠪ ᠤᠨ ᠦᠨᠳᠦᠰᠦᠳᠡᠨ ᠤ ᠵᠦᠪᠯᠡᠯ ᠤᠨ ᠡᠷᠬᠢᠯᠡᠭᠴᠢ︶ ᠨᠣᠶᠠᠨ ᠡᠷᠭᠦᠮᠵᠢᠯᠡᠨ᠂ ᠵᠢᠯ | ᠤᠨ ᠹᠦᠩᠯᠦ ᠬᠤᠶᠠᠷ ᠮᠢᠩᠭᠠᠨ ᠳ᠋ᠠᠨ ᠣᠯᠭᠤᠵᠣ᠂ ᠵᠣᠭᠤᠰ ᠬᠤᠶᠠᠷ ᠵᠠᠭᠤᠨ ᠲᠦᠮᠡᠨ ᠬᠡᠯᠬᠢᠶ᠎ᠡ ᠱᠠᠩᠨᠠᠨ᠂ ᠪᠠᠰᠠ | ᠰᠠᠶᠢᠨ ᠲᠠᠷᠢᠶ᠎ᠠ ᠬᠤᠶᠠᠷ ᠴᠢᠩ᠂ ᠣᠷᠳᠣᠨ ᠭᠡᠷ ᠨᠢᠭᠡᠨ ᠬᠦᠷᠢᠶᠡᠯᠡᠩ ᠰᠣᠶᠣᠷᠬᠠᠪᠠᠢ ᠭᠡᠵᠡᠢ᠃ ᠨᠢᠭᠡᠯᠡ ᠦᠭᠡ ᠪᠠᠷ | ᠶᠠᠷᠢᠪᠠᠯ᠂ ᠵᠢᠩᠬᠢᠨᠢ ᠮᠣᠵᠢ ᠶᠢᠨ ᠲᠡᠰ ᠤᠨ ᠶᠡᠭᠡ ᠨᠣᠶᠠᠨ ᠪᠣᠯᠵᠠᠢ᠃ ᠲᠡᠭᠡᠭᠡᠳ ᠲᠡᠷᠡ ᠦᠪᠡᠷ ᠤᠨ ᠦᠳᠡᠯ᠎ᠡ ᠨᠠᠰᠣᠨ | ᠤ ᠴᠠᠭ ᠬᠤᠭᠤᠴᠠᠭ᠎ᠠ ᠶᠢ ᠦᠪᠡᠷ ᠢ ᠪᠠᠨ ᠮᠠᠵᠣᠣᠯᠠᠬᠤ᠂ ᠾᠦᠩᠨᠦ ᠶᠢ ᠮᠠᠭᠤᠯᠠᠬᠤ ᠪᠠᠷ ᠠᠵᠢᠯ ᠦᠢᠯᠡᠰ ᠪᠣᠯᠭᠠᠨ᠂ | ᠠᠯᠢ ᠣᠯᠠᠨ ᠵᠣᠪᠠᠭᠤᠷᠢ ᠵᠦᠳᠡᠭᠦᠷᠢ ᠪᠠᠨ ᠲᠣᠭᠠᠴᠢᠭᠰᠠᠨ ᠵᠣᠬᠢᠶᠠᠯ ᠪᠢᠴᠢᠵᠦ᠂ ᠨᠡᠩ ᠣᠯᠠᠨ ᠣᠯᠣᠰ ᠲᠦᠷᠦ ᠶᠢᠨ | ᠬᠦᠷᠦᠩᠭᠡ ᠳᠤ ᠲᠣᠷᠠᠯᠠᠵᠣ᠂ ᠲᠡᠭᠦᠨ ᠤ ᠣᠯᠣᠰ ᠲᠠᠭᠠᠨ ᠪᠠᠶᠢᠭ᠎ᠠ ᠦᠷ᠎ᠡ ᠬᠦᠪᠡᠭᠦᠳ ᠠᠴᠢ ᠵᠢᠴᠢ ᠨᠡᠷ ᠲᠤ ᠪᠠᠨ | ᠣᠯᠣᠰ ᠲᠦᠷᠦ ᠶᠢᠨ ᠦᠪ ᠬᠦᠷᠦᠩᠭᠡ ᠪᠣᠯᠭᠠᠨ᠂ ᠬᠠᠪᠰᠣᠷᠣᠯᠭ᠎ᠠ ᠲᠡᠮᠵᠢᠯᠭᠡ ᠦᠵᠡᠭᠦᠯᠬᠦ ᠪᠠᠷ ᠲᠦᠯᠦᠪᠯᠡᠵᠡᠢ᠃ | ᠭᠡᠳᠡᠯ᠎ᠡ ᠲᠡᠬᠦᠨ ᠤ ᠰᠠᠶᠢᠨ ᠬᠡᠷᠡᠭ ᠰᠠᠨᠠᠭᠠᠴᠢᠯᠠᠨ ᠪᠦᠳᠦᠭᠰᠡᠨ ᠦᠭᠡᠢ᠃ ᠲᠡᠮᠡᠢ ᠣᠳᠠᠯ ᠦᠭᠡᠢ ᠬᠠᠭᠠᠨ ᠤ ᠬᠡᠷᠢᠶᠡᠰ | ᠢ ᠬᠦᠯᠢᠶᠡᠭᠰᠡᠨ ᠨᠢᠭᠡᠨ ᠶᠡᠬᠡᠰ ᠳᠦᠰᠢᠮᠡᠯ ᠶᠢᠨ ᠮᠢ ᠳ᠋ᠢ ᠦᠬᠦᠵᠦ᠂ ᠱᠠᠩ ᠭᠤᠸᠠᠨ ᠵᠢᠶᠧ ᠪᠣᠯᠣᠨ ᠰᠠᠩ ᠬᠤᠩ ᠶᠠᠩ | ᠬᠤᠶᠠᠭᠤᠯᠠ ᠬᠤᠣᠪᠢᠯᠳᠣᠨ ᠨᠡᠶᠢᠯᠡᠵᠦ᠂ ᠭᠤᠣᠯ ᠡᠷᠬᠡ ᠪᠠᠷᠢᠵᠣ ᠪᠠᠶᠢᠭ᠎ᠠ ᠾᠦᠸᠧ ᠭᠤᠸᠠᠩ ᠢᠶᠠᠨ ᠣᠷᠣᠭᠤ ᠬᠢᠬᠦ | ᠪᠠᠷ ᠪᠠᠵᠠᠭᠠᠵᠣ᠂ ᠬᠠᠭᠠᠨ ᠤ ᠲᠦᠷᠦᠯ ᠤᠨ ᠸᠠᠩ ᠨᠡᠷ ᠲᠠᠢ ᠲᠠᠯᠳᠠᠭᠤᠷ ᠬᠤᠯᠪᠣᠭᠠᠯᠠᠨ ᠨᠢᠯᠬ᠎ᠠ ᠪᠠᠭ᠎ᠠ ᠬᠠᠭᠠᠨ ᠢᠶᠠᠨ | ᠵᠠᠶᠢᠯᠠᠭᠤᠯᠣᠨ᠂ ᠾᠦᠸᠧ ᠭᠤᠸᠠᠩ ᠮᠡᠳᠦᠰ ᠢ ᠠᠷᠢᠯᠭᠠᠬᠤ ᠪᠠᠷ ᠨᠢᠭᠤᠴᠠ ᠪᠠᠷ ᠵᠦᠪᠳᠡᠯᠴᠡᠵᠦ ᠪᠠᠶᠢᠭᠠᠳ ᠬᠡᠷᠡᠭ | ᠰᠡᠷᠡᠭᠳᠡᠵᠦ᠂ ᠰᠣ᠋ ᠡᠣ ᠶᠢᠨ ᠰᠠᠶᠢᠨ ᠨᠠᠶᠢᠵᠠ ᠪᠠᠶᠢᠭᠰᠠᠨ ᠱᠠᠩ ᠭᠤᠸᠠᠨ ᠵᠢᠶᠧ ᠪᠣᠯᠣᠨ ᠰᠠᠩ ᠬᠤᠩ ᠶᠠᠩ ᠪᠦᠷ | ᠬᠦᠢᠰᠦ ᠲᠡᠮᠳᠡᠷᠢᠭᠳᠡᠬᠦ ᠶᠠᠯ᠎ᠠ ᠳᠤ ᠣᠨᠠᠵᠠᠢ᠃ ᠡᠨᠡᠬᠦ ᠬᠡᠷᠡᠭ ᠲᠤ ᠰᠣ᠋ ᠡᠣ ᠶᠢᠨ ᠣᠯᠣᠰ ᠲᠠᠭᠠᠨ ᠬᠠᠭᠠᠨ ᠲᠦᠷᠦ ᠶᠢᠨ | ᠳᠦᠰᠢᠮᠡᠯ ᠪᠠᠶᠢᠭᠰᠠᠨ ᠬᠦᠪᠡᠭᠦᠳ ᠨᠢ ᠴᠦ ᠵᠦᠭᠡᠷ ᠪᠠᠶᠢᠭᠰᠠᠨ ᠦᠭᠡᠢ᠂ ᠬᠠᠭᠠᠨ ᠢᠶᠠᠨ ᠵᠠᠶᠢᠯᠠᠭᠤᠯᠬᠤ ᠨᠢᠭᠤᠴᠠ | ᠵᠦᠪᠯᠡᠯ ᠳᠤ ᠪᠦᠷ ᠭᠠᠷ ᠪᠡᠶ᠎ᠡ ᠪᠠᠷ ᠣᠷᠣᠯᠴᠠᠵᠣ ᠪᠠᠶᠢᠭᠰᠠᠨ ᠪᠣᠯᠬᠤᠷ᠂ ᠰᠣ᠋ ᠣᠪᠣᠭᠳᠠᠨ ᠤ ᠨᠢᠭᠡᠨ ᠭᠡᠷ ᠴᠦ ᠬᠦᠢᠰᠦ | ᠲᠡᠮᠳᠡᠷᠢᠭᠳᠡᠬᠦ ᠶᠠᠯ᠎ᠠ ᠳᠤ ᠣᠨᠠᠵᠠᠢ᠃ ᠭᠡᠶ᠎ᠡ ᠬᠠᠭᠠᠨ ᠤ ᠬᠢᠨᠢ ᠲᠠᠯᠠᠢ ᠮᠡᠳᠦ ᠦᠷᠦᠰᠢᠶᠡᠯ ᠢᠶᠠᠷ ᠰᠣ᠋ ᠡᠣ ᠠᠯᠠᠭᠳᠠᠬᠤ | ᠶᠠᠯ᠎ᠠ ᠲᠠᠢ ᠪᠠᠶᠢᠭᠰᠠᠨ ᠴᠦ ᠲᠡᠭᠦᠨ ᠳᠤ ᠣᠨᠴᠠ ᠬᠠᠷᠠᠭᠠᠯᠵᠠᠯ ᠦᠵᠡᠭᠦᠯᠦᠨ ᠨᠢᠭᠡᠨ ᠭᠡᠷ ᠤᠨ ᠬᠤᠷᠢ ᠭᠤᠴᠢᠨ | ᠬᠦᠮᠦᠨ ᠠᠴᠠ ᠭᠠᠭᠴᠠ ᠲᠡᠭᠦᠨ ᠤ ᠠᠮᠢ ᠶᠢ ᠦᠯᠡᠳᠡᠭᠡᠵᠡᠢ᠃ ᠡᠨᠡ ᠦᠶ᠎ᠡ ᠳᠤ ᠰᠣ᠋ ᠡᠣ ᠶᠢᠨ ᠨᠣᠶᠠᠨ ᠵᠡᠷᠭᠡ ᠨᠢ ᠴᠦ | ᠬᠤᠰᠣᠭᠳᠠᠨ᠂ ᠴᠣᠬᠤᠮ ᠭᠤᠣᠨᠢ ᠪᠡᠶ᠎ᠡ ᠭᠤᠵᠣᠩ ᠲᠣᠯᠣᠭᠠᠢ ᠲᠠᠢ᠂ ᠵᠢᠷᠠ ᠶᠢ ᠭᠠᠷᠴᠣ ᠵᠠᠵᠢᠨ ᠦᠰᠦ ᠨᠢ | ᠴᠠᠶᠢᠷᠠᠭᠰᠠᠨ ᠡᠪᠦᠭᠡᠨ ᠭᠤᠶᠢᠷᠠᠨᠴᠢᠯᠠᠬᠤ ᠬᠡᠮᠵᠢᠶᠡᠨ ᠳᠤ ᠬᠦᠷᠪᠡ᠃ ᠵᠠᠪᠰᠢᠶᠠᠨ ᠢᠶᠠᠷ ᠬᠠᠭᠤᠴᠢᠨ ᠨᠠᠶᠢᠵᠠ ᠨᠠᠷ ᠨᠢ | ᠵᠢᠭᠠᠯ ᠵᠢᠭᠤᠯ ᠲᠣᠰᠠᠯᠠᠮᠵᠢ ᠦᠵᠡᠭᠦᠯᠦᠭᠰᠡᠨ ᠢᠶᠠᠷ ᠠᠮᠢ ᠭᠤᠣᠯ ᠵᠠᠯᠭᠠᠨ ᠬᠡᠳᠦᠨ ᠵᠢᠯ ᠪᠣᠯᠵᠠᠢ᠃ ᠬᠡᠳᠦᠬᠡᠨ ᠵᠢᠯ ᠤᠨ | ᠲᠠᠷᠠᠭ᠎ᠠ ᠬᠠᠨ ᠣᠯᠣᠰ ᠤᠨ ᠵᠠᠯᠠᠭᠤ ᠪᠠᠯᠴᠢᠷ ᠨᠠᠰᠣᠨ ᠤ ᠵᠣᠣ ᠳ᠋ᠢ ᠬᠠᠭᠠᠨ ᠦᠬᠦᠵᠦ᠂ ᠰᠢᠨ᠎ᠡ ᠬᠠᠭᠠᠨ ᠭᠠᠷᠣᠭᠠᠳ᠂ | ᠰᠣ᠋ ᠡᠣ ᠶᠢ ᠬᠠᠭᠤᠴᠢᠨ ᠲᠦᠷᠦ ᠶᠢᠨ ᠳᠦᠰᠢᠮᠡᠯ᠂ ᠰᠢᠨ᠎ᠠ ᠬᠠᠭᠠᠨ ᠢ ᠪᠠᠶᠢᠭᠤᠯᠬᠤ ᠳᠤ ᠭᠠᠪᠢᠶ᠎ᠠ ᠲᠠᠢ ᠬᠡᠮᠡᠨ ᠨᠣᠶᠠᠨ | ᠵᠡᠷᠭᠡ ᠶᠢ ᠨᠢ ᠰᠡᠷᠭᠦᠭᠡᠵᠦ᠂ ᠲᠡᠭᠡᠷ᠎ᠡ ᠨᠢ ᠪᠠᠰᠠ ᠭᠤᠸᠠᠨ ᠨᠸᠢ ᠾᠸᠥ ᠬᠡᠷᠭᠢᠮ ᠨᠡᠮᠡᠵᠦ᠂ ᠭᠤᠷᠪᠠᠨ ᠵᠠᠭᠤᠨ ᠡᠷᠦᠬᠡ | ᠶᠢᠨ ᠢᠳᠡᠯᠭᠡ ᠶᠢᠨ ᠡᠷᠦᠬᠡ ᠣᠯᠭᠤᠵᠠᠢ᠃ ᠬᠤᠵᠢᠮ ᠬᠠᠭᠠᠨ ᠨᠢ ᠲᠡᠭᠦᠨ ᠤ ᠭᠤᠣᠨᠢ ᠪᠡᠶ᠎ᠡ ᠭᠤᠵᠣᠩ ᠲᠣᠯᠣᠭᠠᠢ ᠶᠢ | ᠦᠵᠡᠭᠡᠳ ᠬᠦᠭᠡᠷᠦᠬᠦᠶᠢᠯᠡᠨ ᠠᠰᠠᠭᠤᠭᠰᠠᠨ᠎ᠠ ᠮᠡᠳᠡᠬᠦ ᠲᠦᠰᠢᠮᠡᠳ ᠨᠢ ᠬᠠᠭᠠᠨ ᠳᠠᠭᠠᠨ ᠰᠣ᠋ ᠡᠣ ᠾᠦᠩᠨᠦ ᠳᠤ ᠪᠠᠰᠠ | ᠨᠢᠭᠡᠨ ᠰᠣ᠋ ᠲᠦᠩ ᠭᠦᠸᠧ ᠭᠡᠳᠡᠭ ᠬᠦᠪᠡᠭᠦᠨ ᠪᠠᠶᠢᠭ᠎ᠠ ᠶᠢ ᠮᠡᠳᠡᠭᠦᠯᠦᠭᠰᠡᠨ ᠳᠤ ᠬᠠᠭᠠᠨ ᠨᠢ ᠦᠷᠦᠰᠢᠶᠡᠯ | ᠦᠵᠡᠭᠦᠯᠦᠨ ᠡᠯᠴᠢ ᠢᠯᠡᠭᠡᠨ᠂ ᠣᠯᠣᠰ ᠠᠴᠠ ᠵᠣᠭᠤᠰ ᠮᠦᠩᠭᠦ ᠭᠠᠷᠭᠠᠵᠣ ᠪᠠᠶᠢᠮᠠᠨ ᠡᠬᠡ ᠶᠢ ᠨᠢ ᠬᠠᠶᠠᠵᠣ᠂ | ᠬᠦᠪᠡᠭᠦᠨ ᠢ ᠨᠢ ᠬᠠᠨ ᠣᠯᠣᠰ ᠲᠠᠭᠠᠨ ᠠᠪᠴᠢᠷᠠᠵᠣ᠂ ᠯᠠᠩ ᠳᠦᠰᠢᠮᠡᠯ ᠡᠷᠭᠦᠮᠵᠢᠯᠡᠵᠡᠢ ᠭᠡᠳᠡᠭ ᠶᠣᠮ᠃ ᠰᠣ᠋ ᠡᠣ | ᠲᠡᠭᠡᠭᠡᠳ ᠱᠧᠨ ᠵᠢᠶᠣᠸᠠᠢ ᠶᠢᠨ ᠬᠤᠶᠠᠳᠣᠭᠠᠷ ᠣᠨ ᠳᠤ ᠨᠠᠶᠠᠨ ᠨᠠᠰᠣᠳᠠᠢ ᠦᠬᠦᠪᠡ᠃ | ᠰᠣ᠋ ᠡᠣ ᠾᠦᠩᠨᠦ ᠳᠤ ᠪᠠᠭᠤᠵᠣ ᠦᠭᠭᠦᠭᠰᠡᠨ ᠦᠭᠡᠢ ᠨᠢ ᠵᠢᠷᠣᠮ᠂ ᠭᠡᠶ᠎ᠡ ᠣᠯᠣᠰ ᠳᠠᠭᠠᠨ ᠪᠣᠴᠠᠬᠤ ᠲᠠᠭᠠᠨ | ᠬᠦᠪᠡᠭᠦᠨ ᠢᠶᠠᠨ ᠡᠬᠡ ᠲᠠᠢ ᠨᠢ ᠬᠠᠮᠳᠣ ᠬᠠᠶᠠᠵᠣ ᠶᠠᠪᠣᠭᠰᠠᠨ ᠨᠢ ᠠᠴᠢ ᠶᠢ ᠦᠳᠡᠭᠡᠷᠡᠨ ᠬᠡᠷᠡᠭ ᠶᠣᠮ᠃ ᠬᠤᠵᠢᠮ | ᠬᠠᠭᠠᠨ ᠤ ᠪᠠᠨ ᠦᠷᠦᠰᠢᠶᠡᠯ ᠢᠶᠠᠷ ᠾᠦᠩᠨᠦ ᠳᠤ ᠪᠠᠶᠢᠭ᠎ᠠ ᠬᠦᠪᠡᠭᠦᠨ ᠢᠶᠠᠨ ᠠᠪᠠᠴᠢᠬᠤ ᠳᠠᠭᠠᠨ ᠡᠬᠡ ᠶᠢ ᠨᠢ | ᠠᠪᠠᠴᠢᠭᠰᠠᠨ ᠦᠭᠡᠢ ᠨᠢ ᠨᠡᠩ ᠵᠢᠷᠣᠮ ᠦᠭᠡᠢ ᠶᠢᠨ ᠲᠦᠢᠯ ᠪᠣᠯᠵᠠᠢ᠃ ᠶᠠᠭᠠᠬᠢᠨ ᠬᠢᠳᠠᠳ ᠰᠣᠶᠣᠯ ᠤᠨ ᠦᠭᠡᠷ᠎ᠡ | ᠦᠨᠳᠦᠰᠦᠳᠡᠨ ᠶᠠᠰᠣᠳᠠᠨ ᠢ ᠢᠵᠢᠯ ᠪᠣᠰᠣ ᠲᠦᠷᠦᠯᠳᠡᠨ ᠬᠡᠮᠡᠨ ᠲᠣᠷᠣᠮᠵᠢᠯᠠᠨ ᠦᠵᠡᠬᠦ ᠪᠣᠷᠣᠩᠬᠠᠢ ᠰᠣᠶᠣᠯ ᠢᠶᠠᠷ | ᠲᠠᠶᠢᠯᠪᠣᠷᠢᠯᠠᠨ ᠴᠠᠭᠠᠷᠠᠭᠤᠯᠵᠣ ᠪᠣᠯᠬᠤ ᠠᠵᠠᠢ︖ ᠣᠨᠴᠠᠭᠠᠶᠢᠯᠠᠨ ᠰᠣ᠋ ᠡᠣ ᠶᠢᠨ ᠡᠨᠡ ᠬᠡᠷᠡᠭ ᠢ ᠲᠡᠭᠦᠨ ᠲᠠᠢ ᠨᠢᠭᠡᠨ | ᠦᠶ᠎ᠡ ᠶᠢᠨ ᠬᠦᠮᠦᠨ ᠮᠦᠷᠳᠡᠭᠡᠨ ᠢᠵᠢᠯᠬᠡᠨ ᠣᠴᠠᠷᠠᠯ ᠲᠠᠢ ᠵᠠᠩ ᠴᠢᠶᠠᠨ ᠭᠡᠳᠡᠭ ᠬᠦᠮᠦᠨ ᠲᠠᠢ ᠬᠠᠷᠢᠴᠠᠭᠤᠯᠪᠠᠯ᠂ | ᠲᠡᠭᠦᠨ ᠤ ᠬᠦᠮᠦᠨ ᠴᠢᠨᠠᠷ ᠮᠠᠰᠢ ᠲᠣᠣᠷ᠎ᠠ ᠭᠡᠰᠡᠨ ᠨᠢ ᠨᠡᠩ ᠲᠣᠲᠣᠷᠬᠠᠢ ᠢᠯᠡᠷᠡᠨ᠎ᠡ᠃ ᠵᠠᠩ ᠴᠢᠶᠠᠨ ᠪᠣᠯ ︽ᠰᠢ | ᠢᠥᠢ ᠳᠤ ᠨᠡᠪᠳᠡᠷᠡᠪᠡᠢ︾ ᠬᠡᠮᠡᠨ ᠬᠢᠳᠠᠳ ᠰᠣᠶᠣᠯ ᠳᠤ ᠮᠠᠰᠢᠳᠠ ᠭᠠᠶᠢᠬᠠᠭᠤᠯᠣᠨ ᠮᠠᠭᠳᠠᠳᠠᠭ ᠲᠡᠣᠬᠡᠳᠦ ᠪᠠᠭᠠᠳᠣᠷ | ᠶᠣᠮ᠃ ᠲᠡᠷᠡ ᠮᠦᠨ ᠾᠦᠩᠨᠦ ᠶᠢᠨ ᠪᠠᠷᠠᠭᠤᠨ ᠬᠤᠶᠢᠨ᠎ᠠ ᠪᠠᠶᠢᠭ᠎ᠠ ᠦ ᠰᠦᠨ ᠠᠶᠢᠮᠠᠭ ᠳᠤ ᠡᠯᠴᠢᠯᠡᠨ᠂ ᠬᠠᠨ | ᠣᠯᠣᠰ ᠦ ᠰᠦᠨ ᠲᠠᠢ ᠬᠠᠮᠰᠠᠨ ᠾᠦᠩᠨᠦ ᠶᠢ ᠲᠣᠪᠳᠣᠯᠬᠤ ᠬᠤᠯᠪᠣᠭ᠎ᠠ ᠲᠣᠭᠳᠠᠬᠤ ᠪᠠᠷ ᠡᠯᠴᠢᠯᠡᠨ ᠶᠠᠪᠣᠵᠠᠢ᠂ | ᠭᠡᠳᠡᠯ᠎ᠡ ᠶᠠᠪᠣᠬᠤ ᠵᠠᠮ ᠨᠢ ᠵᠠᠪᠠᠯ ᠾᠦᠩᠨᠦ ᠪᠠᠷ ᠦᠩᠭᠡᠷᠡᠬᠦ ᠪᠣᠯᠬᠤᠷ ᠾᠦᠩᠨᠦ ᠳᠤ ᠪᠠᠷᠢᠭᠳᠠᠵᠠᠢ᠃ ᠾᠦᠩᠨᠦ ᠶᠢᠨ | ᠲᠣᠬᠠᠢ ᠶᠢᠨ ᠦᠶ᠎ᠡ ᠶᠢᠨ ᠴᠠᠨ ᠢᠥᠢ ᠨᠢ ᠵᠠᠩ ᠴᠢᠶᠠᠨ ᠳᠤ᠂ ᠮᠠᠨ ᠤ ᠾᠦᠩᠨᠦ ᠣᠯᠣᠰ ᠡᠮᠦᠨᠡᠳᠦ ᠶᠣᠸᠠᠢ ᠣᠯᠣᠰ | ᠯᠤᠭ᠎ᠠ ᠨᠡᠪᠳᠡᠷᠡᠰᠦᠭᠡᠢ ᠬᠡᠮᠡᠨ ᠰᠠᠨᠠᠮᠣᠢ᠃ ᠴᠢᠨᠦ ᠦᠵᠡᠬᠦ ᠪᠠᠷ ᠲᠠᠨ ᠤ ᠬᠠᠨ ᠣᠯᠣᠰ ᠤᠨ ᠬᠠᠭᠠᠨ ᠡᠭᠦᠨ ᠢ | ᠵᠦᠪᠰᠢᠷᠡᠭᠦ ᠶᠣᠮ ᠦᠦ ᠭᠡᠵᠦ ᠠᠰᠠᠭᠤᠭᠰᠠᠨ ᠳᠤ ᠵᠠᠩ ᠴᠢᠶᠠᠨ ᠯᠠᠪ ᠵᠦᠪᠰᠢᠷᠡᠬᠦ ᠦᠭᠡᠢ ᠭᠡᠵᠦ ᠦᠨᠡᠨ ᠢᠶᠠᠨ ᠬᠡᠯᠡᠵᠡᠢ | ᠃ ᠲᠡᠭᠡᠭᠡᠳ ᠴᠠᠨ ᠢᠥᠢ᠂ ᠴᠢ ᠡᠨᠡ ᠶᠣᠰᠣ ᠶᠢ ᠮᠡᠳᠡᠵᠦ ᠪᠠᠶᠢᠭᠠᠳ ᠮᠠᠨ ᠤ ᠣᠯᠣᠰ ᠢ ᠲᠠᠮᠵᠢᠨ ᠮᠠᠨ ᠤ ᠲᠠᠶᠢᠰᠣᠨ | ᠣᠯᠣᠰ ᠳᠤ ᠬᠦᠷᠴᠦ ᠴᠢᠳᠠᠮᠣᠢ ᠦᠦ ᠬᠡᠮᠡᠨ᠂ ᠵᠠᠩ ᠴᠢᠶᠠᠨ ᠢ ᠬᠤᠷᠢᠬᠤ ᠪᠠᠷ ᠲᠣᠭᠳᠠᠵᠠᠢ᠂ ᠲᠡᠷᠡ ᠾᠦᠩᠨᠦ ᠳᠤ | ᠬᠤᠶᠢᠨ᠎ᠠ ᠡᠮᠦᠨ᠎ᠡ ᠠᠷᠪᠠᠨ ᠬᠡᠳᠦᠨ ᠵᠢᠯ ᠬᠤᠷᠢᠭᠳᠠᠭᠰᠠᠨ ᠲᠡᠣᠬᠡ ᠲᠠᠢ ᠮᠦᠷᠳᠡᠭᠡᠨ ᠰᠣ᠋ ᠡᠣ ᠲᠠᠢ ᠨᠢᠭᠡᠨ ᠠᠳᠠᠯᠢ ᠪᠠᠷ | ᠪᠦᠷ ᠨᠢᠭᠡᠨ ᠪᠡᠯᠪᠡᠰᠣᠨ ᠡᠬᠡᠨᠡᠷ ᠢᠶᠠᠷ ᠬᠠᠷᠠᠭᠠᠯᠵᠠᠭᠤᠯᠬᠤ ᠣᠯᠭᠤᠮᠵᠢ ᠲᠠᠢ ᠪᠠᠶᠢᠪᠠ᠃ ᠡᠶᠢᠮᠦ ᠠᠴᠠ ᠵᠠᠩ ᠴᠢᠶᠠᠨ ᠤ | ᠾᠦᠩᠨᠦ ᠡᠬᠡᠨᠡᠷ ᠨᠢ ᠡᠨᠡᠬᠦ ᠠᠷᠪᠠᠭᠠᠳ ᠵᠢᠯ ᠤᠨ ᠬᠤᠭᠤᠷᠣᠨᠳᠣ ᠲᠡᠭᠦᠨ ᠳᠤ ᠬᠦᠪᠡᠭᠦᠨ ᠬᠡᠣᠬᠡᠨ ᠬᠡᠳᠦᠨ ᠬᠡᠣᠬᠡᠳ | ᠲᠦᠷᠦᠵᠦ ᠦᠰᠭᠡᠵᠦ ᠦᠭᠴᠡᠢ᠃ ᠵᠠᠩ ᠴᠢᠶᠠᠨ ᠾᠦᠩᠨᠦ ᠠᠴᠠ ᠲᠦᠷᠦᠭᠦᠥ ᠣᠳᠠᠭ᠎ᠠ ᠰᠢ ᠢᠥᠢ ᠵᠦᠭ ᠠᠮᠵᠢᠯᠳᠠ | ᠲᠠᠢ ᠣᠷᠭᠤᠵᠣ ᠭᠠᠷᠣᠭᠠᠳ᠂ ᠪᠣᠴᠠᠵᠣ ᠢᠷᠡᠬᠦ ᠲᠡᠭᠡᠨ ᠮᠦᠨ ᠾᠦᠩᠨᠦ ᠪᠠᠷ ᠦᠩᠭᠡᠷᠡᠬᠦ ᠪᠣᠯᠬᠤᠷ ᠲᠠᠬᠢᠨ | ᠪᠠᠷᠢᠭᠳᠠᠵᠣ ᠬᠤᠷᠢᠭᠳᠠᠭᠰᠠᠨ ᠪᠣᠯᠪᠠᠴᠣ᠂ ᠲᠡᠷᠡ ᠾᠦᠩᠨᠦ ᠡᠬᠡᠨᠡᠷ ᠢᠶᠠᠨ ᠡᠷᠢᠨ ᠣᠯᠵᠣ᠂ ᠦᠷ᠎ᠡ ᠬᠡᠣᠬᠡᠳ ᠲᠠᠢ ᠪᠠᠨ | ᠬᠠᠮᠳᠣ ᠠᠮᠢᠳᠣᠷᠠᠵᠣ ᠰᠠᠭᠤᠵᠠᠢ᠃ ᠲᠡᠭᠡᠭᠡᠳ ᠬᠤᠵᠢᠮ ᠾᠦᠩᠨᠦ ᠶᠢᠨ ᠲᠣᠲᠣᠭᠠᠳᠣ ᠶᠢᠨ ᠰᠠᠮᠠᠭᠤᠷᠠᠯ ᠢ ᠵᠠᠪᠰᠢᠨ | ᠲᠠᠬᠢᠨᠳᠠ ᠲᠣᠳᠠᠭᠠᠨ ᠭᠠᠷᠴᠣ᠂ ᠬᠠᠨ ᠣᠯᠣᠰ ᠵᠦᠭ ᠲᠡᠭᠡᠨ ᠪᠣᠴᠠᠬᠤ ᠳᠠᠭᠠᠨ ᠾᠦᠩᠨᠦ ᠡᠬᠡᠨᠡᠷ ᠪᠣᠯᠣᠨ ᠬᠡᠣᠬᠡᠳ | ᠰᠢᠣᠬᠠᠳ ᠢᠶᠠᠨ ᠨᠢᠭᠡᠴᠦ ᠣᠷᠬᠢᠭᠳᠠᠯ ᠦᠭᠡᠢ ᠲᠠᠭᠠᠭᠤᠯᠣᠨ ᠠᠪᠴᠢᠷᠠᠭᠰᠠᠨ ᠶᠣᠮ᠃ | ᠠᠳᠡ ᠪᠢᠳᠡ ᠲᠡᠷᠡᠬᠦ ᠠᠯᠣᠰ ᠬᠤᠯᠠ ᠶᠢᠨ ᠴᠠᠭ ᠦᠶ᠎ᠡ ᠶᠢᠨ ᠾᠦᠩᠨᠦ ᠬᠦᠮᠦᠰ ᠦᠪᠡᠷ ᠤᠨ ᠬᠤᠷᠢᠭᠳᠠᠯ ᠢᠶᠠᠨ | ᠬᠠᠷᠠᠭᠠᠯᠵᠠᠬᠤ ᠲᠦᠷᠦ ᠶᠢᠨ ᠪᠣᠳᠣᠯᠭ᠎ᠠ ᠶᠠᠮᠠᠷ ᠬᠦᠮᠦᠯᠢᠭ ᠪᠠᠶᠢᠭᠰᠠᠨ ᠢ ᠮᠡᠳᠡᠵᠦ ᠪᠣᠯᠣᠨ᠎ᠠ᠃ ᠬᠡᠷᠪᠡ ᠬᠠᠨ ᠣᠯᠣᠰ | ᠲᠤ ᠬᠤᠷᠢᠭᠳᠠᠵᠣ ᠪᠠᠶᠢᠭᠰᠠᠨ ᠾᠦᠩᠨᠦ ᠶᠢᠨ ᠡᠯᠴᠢᠳ ᠬᠠᠨ ᠣᠯᠣᠰ ᠲᠤ ᠪᠠᠭᠤᠵᠣ ᠦᠭᠬᠦ ᠦᠭᠡᠢ ᠪᠣᠯ ᠬᠠᠷ᠎ᠠ | ᠱᠣᠷᠣᠩ ᠤᠨ ᠬᠠᠷᠠᠭᠠᠯᠵᠠᠯ ᠠᠴᠠ ᠦᠭᠡᠷ᠎ᠡ ᠶᠠᠭᠤ ᠪᠠᠶᠢᠭᠰᠠᠨ ᠪᠣᠯ︖ ᠲᠡᠣᠬᠡ ᠰᠣᠳᠣᠷ ᠠᠴᠠ ᠪᠢᠳᠡ ᠡᠨᠡ ᠲᠣᠬᠠᠢ | ᠶᠠᠮᠠᠷᠴᠣ ᠰᠣᠷᠠᠭ ᠴᠢᠮᠡᠭᠡ ᠣᠯᠳᠠᠬᠤ ᠦᠭᠡᠢ ᠶᠣᠮ᠃ ᠣᠴᠢᠷ ᠨᠢ ᠲᠡᠷᠡ ᠪᠣᠯ ᠲᠡᠮᠦᠷ ᠬᠦᠰᠢᠭᠡᠨ ᠤ ᠠᠷᠣ ᠶᠢᠨ ᠬᠡᠷᠡᠭ | ᠣᠴᠢᠷ ᠶᠣᠮ᠃ ᠡᠶᠢᠮᠦᠷᠬᠦ ᠬᠤᠷᠢᠭᠳᠠᠯ ᠣᠯᠵᠠᠯᠠᠭᠳᠠᠯ ᠲᠠᠭᠠᠨ ᠦᠵᠡᠬᠦᠯᠬᠦ ᠬᠠᠷᠠᠭᠠᠯᠵᠠᠯ ᠣᠯᠭᠤᠮᠵᠢ ᠪᠣᠯ ᠾᠦᠩᠨᠦ | ᠪᠣᠯᠣᠨ ᠬᠤᠵᠢᠮ ᠤᠨ ᠮᠣᠩᠭᠤᠯ ᠳᠤ ᠪᠦᠷ ᠪᠠᠶᠢᠵᠠᠢ᠃ ᠮᠢᠩ ᠣᠯᠣᠰ ᠤᠨ ᠶᠢᠩ ᠽᠦᠩ ᠬᠠᠭᠠᠨ᠂ ᠡᠰᠡᠨ ᠲᠠᠶᠢᠱᠢ | ᠶᠢ ᠪᠡᠶ᠎ᠡ ᠪᠠᠷ ᠲᠠᠶᠢᠯᠠᠷ᠎ᠠ ᠲᠠᠪᠢᠨ ᠲᠦᠮᠡᠨ ᠶᠡᠭᠡ ᠴᠡᠷᠢᠭ ᠲᠠᠭᠠᠭᠤᠯᠣᠨ ᠭᠠᠷᠴᠣ᠂ ᠣᠳᠣᠬᠢ ᠬᠤᠸᠠᠢ ᠯᠠᠢ ᠰᠢᠶᠠᠨ ᠤ | ᠪᠠᠷᠠᠭᠤᠨ ᠲᠠᠬᠢ ᠲᠦ᠋ ᠮᠦ᠋ ᠪᠣᠥ ᠭᠡᠳᠡᠭ ᠭᠠᠵᠠᠷ ᠲᠠᠶᠢᠨ ᠪᠣᠯᠵᠣ᠂ ᠮᠣᠩᠭᠤᠯ ᠤᠨ ᠬᠤᠶᠠᠷᠬᠠᠨ ᠲᠦᠮᠡᠨ ᠮᠣᠷᠢᠳᠣ | ᠴᠡᠷᠢᠭ ᠲᠤ ᠪᠣᠳᠠ ᠨᠢᠷᠭᠡᠭᠳᠡᠨ᠂ ᠬᠠᠭᠠᠨ ᠢᠶᠠᠨ ᠲᠠᠭᠠᠯᠳᠣᠨ ᠭᠠᠷᠣᠭᠰᠠᠨ ᠲᠦᠷᠦ ᠭᠦᠷᠦᠨ ᠤ ᠬᠢᠨᠢ ᠵᠠᠭᠤ ᠭᠠᠷᠣᠢ | ᠶᠡᠬᠡᠰ ᠳᠦᠰᠢᠮᠡᠳ ᠪᠦᠬᠦᠨ ᠢᠶᠠᠷ ᠢᠶᠠᠨ ᠬᠢᠳᠣᠭᠳᠠᠨ᠂ ᠬᠠᠭᠠᠨ ᠤ ᠪᠠᠶ᠎ᠠ ᠴᠦ ᠣᠯᠵᠠᠯᠠᠭᠰᠠᠳ ᠪᠣᠯᠣᠭᠰᠠᠨ ᠳᠤ᠂ | ᠡᠰᠡᠨ ᠲᠠᠶᠢᠱᠢ ᠵᠡᠷᠭᠡ ᠶᠢᠨ ᠮᠣᠩᠭᠤᠯᠴᠣᠳ᠂ ᠶᠢᠩ ᠽᠦᠩ ᠬᠠᠭᠠᠨ ᠳᠤ ᠴᠦ ᠮᠦᠨ ᠨᠢᠭᠡᠨ ᠮᠣᠩᠭᠤᠯ ᠪᠦᠰᠡᠭᠦᠢ | ᠲᠣᠬᠢᠷᠠᠭᠤᠯᠣᠨ ᠠᠮᠢᠳᠣᠷᠠᠯ ᠠᠬᠤᠢ ᠶᠢ ᠨᠢ ᠬᠠᠷᠠᠭᠠᠯᠵᠠᠭᠤᠯᠵᠣ ᠪᠠᠶᠢᠭᠰᠠᠨ ᠲᠡᠣᠬᠡ ᠲᠠᠢ ᠶᠣᠮ᠃ ᠲᠡᠭᠡᠭᠡᠳ ᠬᠠᠮᠢᠶ᠎ᠠ | ᠪᠦᠬᠦᠢ ᠮᠣᠩᠭᠤᠯ ᠲᠡᠣᠬᠡᠨ ᠪᠢᠴᠢᠭ ᠲᠤ ᠲᠡᠮᠳᠡᠭᠯᠡᠨ ᠦᠯᠡᠳᠡᠭᠡᠭᠰᠡᠨ ᠠᠭᠤᠯᠭ᠎ᠠ ᠳᠤ ︽ᠮᠢᠩ ᠤᠨ ᠬᠠᠭᠠᠨ ᠢ ᠮᠣᠬᠤᠷ | ᠰᠢᠥᠰᠦ ︵小子︖︶ ᠬᠡᠮᠡᠨ ᠨᠡᠷ᠎ᠡ ᠦᠭᠴᠦ᠂ ᠮᠠᠭᠤ ᠵᠠᠶᠠᠭᠠᠳᠣ ᠪᠦᠰᠡᠭᠦᠢ ᠪᠠᠷ ᠬᠠᠷᠠᠭᠠᠯᠵᠠᠭᠤᠯᠪᠠᠢ︾ | ᠭᠡᠵᠡᠢ᠃ ᠵᠠ᠂ ᠰᠣ᠋ ᠡᠣ ᠶᠢᠨ ᠦᠯᠢᠭᠡᠷ ᠢ ᠠᠳᠡ ᠬᠦᠷᠳᠡᠯ᠎ᠡ ᠶᠠᠷᠢᠶ᠎ᠠ᠃ ᠲᠣᠰ ᠦᠯᠢᠭᠡᠷ ᠪᠣᠯ ᠦᠨᠡᠨ ᠲᠡᠣᠬᠡᠨ | ᠬᠡᠷᠡᠭ ᠶᠣᠮ᠃ ᠡᠨᠡᠬᠦ ᠦᠯᠢᠭᠡᠷ ᠠᠴᠠ ᠾᠦᠩᠨᠦ — ᠮᠣᠩᠭᠤᠯ ᠤᠨ ︽ᠬᠠᠷᠬᠢᠰ ᠪᠦᠳᠦᠭᠦᠯᠢᠭ ᠪᠠᠯᠮᠠᠳ ᠬᠡᠷᠴᠡᠭᠡᠢ︾ | ᠶᠢ ᠣᠯᠵᠣ ᠦᠵᠡᠬᠦ ᠶᠢᠨ ᠬᠠᠮᠳᠣ ᠪᠣᠯᠪᠠᠰᠣᠨ ᠮᠦᠷᠳᠡᠭᠡᠨ ᠲᠠᠪᠰᠢᠭᠰᠠᠨ ᠰᠣᠶᠣᠯ ᠲᠠᠢ ᠬᠢᠳᠠᠳ ᠲᠡᠣᠬᠡᠳᠦ ᠬᠦᠮᠦᠰ | ᠤᠨ ᠬᠤᠳᠠᠯ ᠬᠠᠭᠤᠷᠮᠠᠭᠴᠢ ᠬᠦᠮᠦᠯᠢᠭ ᠪᠣᠰᠣ ᠶᠢ ᠴᠦ ᠲᠣᠲᠣᠷᠬᠠᠢ ᠬᠠᠷᠠᠬᠤ ᠪᠣᠯᠣᠨ᠎ᠠ᠃ ︽ᠠᠯᠢᠪᠠ ᠪᠦᠬᠦᠨ ᠢ | ᠬᠠᠷᠢᠴᠠᠭᠤᠯᠣᠨ ᠦᠵᠡᠬᠦ ᠨᠢ ᠲᠣᠯᠢᠳᠠᠵᠣ ᠪᠠᠶᠢᠭ᠎ᠠ ᠮᠡᠳᠦ︾ ᠭᠡᠰᠡᠨ ᠮᠡᠷᠭᠡᠨ ᠦᠭᠡ ᠪᠠᠷ ᠦᠯᠢᠭᠡᠷ ᠢᠶᠠᠨ ᠲᠠᠭᠤᠰᠬᠠᠶᠠ | ᠃ | 服匿 ᠭᠡᠳᠡᠭ ᠨᠡᠷ᠎ᠡ ᠦᠭᠡ ᠶᠢᠨ ᠢᠷᠡᠯᠳᠡ ᠶᠢ ᠣᠶᠢᠯᠭᠠᠯ᠎ᠠ᠃ ᠲᠣᠷᠣᠭᠰᠢ ᠲᠣᠰ ᠬᠤᠶᠠᠷ ᠬᠢᠳᠠᠳ ᠦᠰᠦᠭ | ᠢᠶᠠᠷ ᠲᠡᠮᠳᠡᠭᠯᠡᠭᠰᠡᠨ ᠾᠦᠩᠨᠦ ᠶᠢᠨ ᠡᠨᠡᠬᠦ ᠸᠠᠭᠠᠷ ᠰᠠᠪᠠ ᠶᠢᠨ ᠨᠡᠷᠡᠰ ᠢ ᠨᠠᠷᠢᠪᠴᠢᠯᠠᠨ ᠲᠠᠶᠢᠯᠪᠣᠷᠢᠯᠠᠶ᠎ᠠ᠃ | 服匿 ︵fú nì︶᠄ ᠣᠳᠣ ᠦᠶ᠎ᠡ ᠳᠤ ᠪᠣᠯ fú nì ᠪᠠᠷ ᠣᠩᠰᠢᠨ᠎ᠠ ᠭᠡᠵᠦ ᠬᠢᠳᠠᠳ ᠲᠣᠯᠢ ᠪᠢᠴᠢᠭ | ᠤᠳ ᠢᠶᠠᠷ ᠮᠠᠰᠢ ᠨᠢᠭᠡᠳᠦᠯ ᠲᠠᠢ ᠲᠠᠶᠢᠯᠪᠣᠷᠢᠯᠠᠵᠠᠢ᠃ ᠲᠣᠲᠣᠷᠠᠭᠤᠯᠪᠠᠯ᠄ ︽国语辞典︾ ᠳᠤ 服匿 | fú nì ᠭᠡᠳᠡᠭ ᠦᠭᠡ ᠪᠣᠯ ᠠᠷᠢᠬᠢ ᠪᠣᠶᠣ ᠰᠦ ᠲᠠᠷᠠᠭ ᠠᠬᠤᠭᠤᠯᠬᠤ ᠰᠠᠪᠠ ᠮᠦᠨ ᠭᠡᠵᠡᠢ᠃ ᠲᠡᠭᠡᠭᠡᠳ | ᠲᠡᠭᠡᠷ᠎ᠡ ᠲᠣᠷᠠᠳᠣᠭᠰᠠᠨ ᠰᠣ᠋ ᠡᠣ ᠶᠢᠨ ᠨᠠᠮᠳᠠᠷ ᠠᠴᠠ ᠡᠰᠢ ᠲᠠᠲᠠᠨ ᠲᠠᠶᠢᠯᠪᠣᠷᠢᠯᠠᠪᠠ᠃ ᠬᠠᠨ ᠳ᠋ᠢᠶᠠᠨ ᠰᠦᠯᠵᠢᠶᠡᠨ | ᠲᠣᠯᠢ ᠳᠤ 1.盛酒器᠂ 2.指旃帐 ᠭᠡᠵᠦ ᠬᠤᠶᠠᠷ ᠵᠦᠢᠯ ᠢᠶᠠᠷ ᠲᠠᠶᠢᠯᠪᠣᠷᠢᠯᠠᠪᠠ᠃ ᠣᠳᠣ ᠦᠶ᠎ᠡ | ᠶᠢᠨ ᠨᠡᠪᠳᠡᠷᠬᠡᠢ ᠪᠢᠴᠢᠭ ᠴᠦ ᠡᠭᠦᠨ ᠢ ᠦᠨᠳᠦᠰᠦᠯᠡᠨ ᠲᠣᠣᠷᠠᠬᠢ ᠮᠡᠳᠦ ᠬᠤᠶᠠᠷ ᠵᠦᠢᠯ ᠢᠶᠠᠷ ᠲᠠᠶᠢᠯᠪᠣᠷᠢᠯᠠᠵᠠᠢ᠃ | ᠨᠢᠭᠡᠳᠦᠭᠡᠷ ᠲᠠᠶᠢᠯᠪᠣᠷᠢ᠄ ᠠᠷᠢᠬᠢ ᠠᠬᠤᠭᠤᠯᠳᠠᠭ ᠰᠠᠪᠠ᠂ ᠰᠣ᠋ ᠡᠣ ᠶᠢᠨ ᠨᠠᠮᠳᠠᠷ ᠲᠤ ᠭᠠᠷᠳᠠᠭ᠂ ᠶᠠᠨ ᠱᠢ ᠭᠦ᠋ ᠶᠢᠨ | ᠲᠠᠶᠢᠯᠪᠣᠷᠢ ᠳᠠᠭᠠᠨ ᠮᠧᠩ ᠺᠠᠩ ᠤᠨ ᠦᠭᠡ ᠶᠢ ᠡᠰᠢᠯᠡᠨ ᠦᠬᠦᠯᠡᠭᠰᠡᠨ ᠨᠢ᠄ ︽服匿 ᠬᠡᠮᠡᠭᠴᠢ ᠸᠠᠭᠠᠷ ᠪᠣᠳᠣᠩ | ᠪᠣᠯᠠᠢ᠂ ᠠᠮᠠᠰᠠᠷ ᠵᠢᠵᠢᠭ ᠬᠡᠪᠡᠯᠢ ᠠᠭᠤᠳᠠᠮ ᠢᠷᠣᠭᠠᠷ ᠲᠦᠷᠪᠡᠯᠵᠢᠨ ᠢᠷᠣᠭᠠᠷ ᠲᠠᠢ ᠠᠷᠢᠬᠢ ᠪᠣᠶᠣ ᠰᠦ ᠲᠠᠷᠠᠭ | ᠠᠬᠤᠭᠤᠯᠳᠠᠭ ᠰᠠᠪᠠ ᠭᠡᠵᠡᠢ᠃ ᠶᠢᠨ ᠵᠦᠸᠧ ᠦᠭᠦᠯᠡᠭᠰᠡᠨ ᠨᠢ᠄ ᠾᠧ ᠳ᠋ᠦᠩ ᠤᠨ ᠣᠮᠠᠷᠠᠳᠣ ᠬᠢᠵᠠᠭᠠᠷ ᠤᠨ ᠬᠦᠮᠦᠰ | ᠬᠤᠶᠠᠷ ᠳ᠋ᠸᠥ ᠶᠢᠨ ᠪᠠᠭᠳᠠᠭᠠᠮᠵᠢ ᠲᠠᠢ ᠵᠢᠵᠢᠭ ᠴᠢᠯᠠᠭᠤᠨ ᠪᠣᠳᠣᠩ ᠢ ᠪᠦᠷ 服匿 ᠭᠡᠳᠡᠭ ᠭᠡᠪᠡ᠂ ᠰᠦᠩ ᠳ᠋ᠠ | ᠴᠠᠩ ᠪᠣᠯ ︽ᠴᠢ ᠽᠠ ᠵᠢᠢ ᠪᠢᠴᠢᠭ︾ ᠠᠴᠠ ᠡᠰᠢᠯᠡᠨ ᠦᠭᠦᠯᠡᠭᠰᠡᠨ ᠨᠢ᠄ ᠵᠢᠩ ᠯᠢᠩ ᠸᠠᠩ ᠽᠢ ᠯᠢᠶᠠᠩ ᠨᠢᠭᠡᠨ | ᠡᠷᠳᠡᠨ ᠤ ᠰᠠᠪᠠ ᠣᠯᠵᠣᠬᠤᠢ᠃ ᠠᠮᠠᠰᠠᠷ ᠵᠢᠵᠢᠭ ᠬᠡᠪᠡᠯᠢ ᠲᠦᠷᠪᠡᠯᠵᠢᠨ ᠢᠷᠣᠭᠠᠷ ᠲᠡᠭᠰᠢ ᠪᠠᠷᠤᠭ ᠵᠢᠷᠭᠤᠭ᠎ᠠ | ᠲᠣᠯᠣᠭᠠᠨ ᠱᠧᠩ ᠤᠨ ᠪᠠᠭᠳᠠᠭᠠᠮᠵᠢ ᠲᠠᠢ ᠪᠠᠶᠢᠯᠤᠭ᠎ᠠ᠃ ᠡᠭᠦᠨ ᠢᠶᠠᠨ ᠮᠢ ᠱᠦ᠋ ᠴᠧᠩ ᠲᠦᠰᠢᠮᠡᠯ ᠯᠣ᠋ ᠴᠧᠩ ᡁᠢ ᠳᠤ | ᠦᠵᠡᠭᠦᠯᠦᠭᠰᠡᠨ ᠳᠤ ᠯᠣ᠋ ᠴᠧᠩ ᡁᠢ ᠦᠭᠦᠯᠡᠷᠦᠨ᠄ ᠡᠭᠦᠨ ᠤ ᠨᠡᠷ᠎ᠡ ᠶᠢ 服匿 ᠬᠡᠮᠡᠵᠦ ᠁ ᠣᠮᠠᠷᠠᠳᠣ ᠳ᠋ᠢ | ᠶᠢᠨ ᠬᠦᠮᠦᠰ ᠤᠨ ᠬᠡᠷᠡᠭᠯᠡᠳᠡᠭ ᠸᠠᠭᠠᠷ ᠰᠠᠪᠠ ᠪᠣᠯᠠᠢ ᠭᠡᠵᠡᠢ᠃ ᠠᠳᠡ ᠬᠡᠯᠡᠵᠦ ᠪᠠᠶᠢᠭ᠎ᠠ ᠵᠢᠩ ᠯᠢᠩ ᠸᠠᠩ ᠽᠢ ᠯᠢᠶᠠᠩ | ᠭᠡᠳᠡᠭ ᠬᠦᠮᠦᠨ ᠪᠣᠯ ᠡᠮᠦᠨᠡᠳᠦ ᠣᠮᠠᠷᠠᠳᠣ ᠲᠦᠷᠦ ᠶᠢᠨ ᠦᠶ᠎ᠡ ᠶᠢᠨ ᠡᠮᠦᠨᠡᠳᠦ ᠴᠢ ᠣᠯᠣᠰ ᠤᠨ ᠬᠠᠭᠠᠨ ᠤ ᠭᠡᠷ | ᠲᠦᠷᠦᠯ ᠤᠨ ᠨᠢᠭᠡᠨ ᠸᠠᠩ ᠶᠣᠮ᠃ ᠬᠤᠶᠠᠳᠣᠭᠠᠷ ᠲᠠᠶᠢᠯᠪᠣᠷᠢ᠄ ᠢᠰᠡᠭᠡᠢ ᠮᠠᠶᠢᠬᠠᠨ ︵ᠮᠣᠩᠭᠤᠯ ᠭᠡᠷ︶ ᠢ | ᠦᠭᠦᠯᠯᠡᠮᠣᠢ᠂ ᠶᠠᠨ ᠱᠢ ᠭᠦ᠋ ᠶᠢᠨ ᠲᠠᠶᠢᠯᠪᠣᠷᠢ ᠳᠠᠭᠠᠨ ᠯᠢᠥ ᠳ᠋ᠧ ᠶᠢᠨ ᠦᠭᠡ ᠠᠴᠠ ᠡᠰᠢᠯᠡᠨ ᠦᠭᠦᠯᠡᠭᠰᠡᠨ ᠦᠭᠡᠨ | ᠳᠤ 服匿 ᠬᠡᠮᠡᠭᠴᠢ ᠵᠢᠵᠢᠭ ᠢᠰᠡᠭᠡᠢ ᠮᠠᠶᠢᠬᠠᠨ ᠮᠡᠳᠦ ᠭᠡᠳᠡᠭ ᠦᠭᠡ ᠪᠠᠶᠢᠳᠠᠭ ᠪᠣᠯᠬᠤᠷ᠂ ᠬᠤᠵᠢᠮ ᠤᠨ | ᠬᠦᠮᠦᠰ ᠢᠰᠡᠭᠡᠢ ᠮᠠᠶᠢᠬᠠᠨ ᠢ ᠪᠠᠰᠠ 服匿 ᠭᠡᠳᠡᠭ ᠪᠣᠯᠪᠠ ᠭᠡᠵᠡᠢ᠃ ᠵᠣᠬᠢᠶᠠᠭᠴᠢ ᠠᠴᠠ 服匿 ᠶᠢ ︽ | ᠬᠦᠨᠦᠭ︾ ᠭᠡᠳᠡᠭ ᠦᠭᠡᠨ ᠤ ᠬᠢᠳᠠᠳ ᠬᠡᠯᠡᠨ ᠳᠠᠬᠢ ᠠᠪᠢᠶᠠᠨ ᠤ ᠣᠷᠴᠢᠭᠤᠯᠭ᠎ᠠ ᠭᠡᠵᠦ ᠦᠵᠡᠵᠦ ᠪᠠᠶᠢᠭ᠎ᠠ ᠪᠣᠯᠬᠤᠷ᠂ | ᠦᠪᠡᠷ ᠤᠨ ᠦᠨᠳᠦᠰᠦᠯᠡᠯ ᠪᠣᠯᠣᠨ ᠭᠡᠷᠡᠴᠢ ᠪᠠᠨ ᠠᠭᠠᠵᠢᠮ ᠶᠠᠷᠢᠶ᠎ᠠ᠃ | 服匿 ᠬᠤᠶᠠᠷ ᠦᠰᠦᠭ ᠢ ᠸᠢᠺᠢ ᠰᠦᠯᠵᠢᠶᠡᠨ ᠤ ᠾᠦᠩᠨᠦ ᠦᠭᠡ ᠶᠢᠨ ᠵᠣᠷᠪᠣᠰ ᠲᠤ ᠲᠠᠶᠢᠯᠪᠣᠷᠢᠯᠠᠭᠰᠠᠨ | ᠪᠠᠶᠢᠳᠠᠯ ᠭᠡᠪᠡᠯ᠂ ᠶᠠᠫᠣᠨ ᠡᠷᠳᠡᠮᠳᠡᠨ ᠰᠢᠷᠠᠲ᠋ᠣᠷᠢ ᠶᠢᠨ ᠦᠬᠦᠯᠡᠯ ᠲᠣᠲᠣᠷᠠᠬᠢ ᠾᠦᠩᠨᠦ ᠦᠭᠡᠨ ᠤ ᠵᠣᠷᠪᠣᠰ | ᠲᠣᠲᠣᠷᠠᠬᠢ 服匿 ᠶᠢ ᠲᠠᠶᠢᠯᠪᠣᠷᠢᠯᠠᠭᠰᠠᠨ ᠬᠡᠰᠡᠭ ᠢ ᠬᠠᠭᠤᠯᠣᠨ ᠠᠪᠴᠢᠷᠠᠵᠣ ᠬᠡᠯᠡᠭᠰᠡᠨ ᠨᠢ᠄ 服匿 ᠶᠢ | ᠬᠢᠳᠠᠳ ᠬᠡᠯᠡᠨ ᠳᠤ 缶[fǒu] ᠭᠡᠵᠦ ᠨᠡᠷᠡᠶᠢᠳᠦᠨ᠂ ᠳ᠋ᠦᠩ ᠬᠣ᠋ ᠦᠭᠡᠨ ᠳᠤ Butun ᠭᠡᠵᠦ᠂ ᠮᠣᠩᠭᠤᠯ | ᠦᠭᠡᠨ ᠳᠤ putung ᠭᠡᠨ᠎ᠡ ᠭᠡᠵᠡᠢ᠃ ᠸᠢᠺᠢ ᠴᠢᠯᠦᠭᠡᠳᠦ ᠲᠣᠯᠢ ᠳᠤ ᠬᠠᠷᠢᠨ 服 ᠦᠰᠦᠭ ᠢ ᠲᠣᠮᠳᠠᠳᠣ | ᠶᠠᠫᠣᠨ ᠺᠣᠷᠢᠶᠠ ᠶᠢᠨ ᠬᠠᠮᠳᠣ ᠶᠢᠨ ᠬᠡᠷᠡᠭᠯᠡᠭᠡᠨ ᠤ ᠣᠳᠬᠠᠲᠣ ᠦᠰᠦᠭ ᠭᠡᠵᠦ ᠲᠠᠶᠢᠯᠪᠣᠷᠢᠯᠠᠭᠠᠳ᠂ ᠡᠯ᠎ᠡ ᠵᠦᠢᠯ ᠤᠨ | ᠠᠯᠳᠠᠷ ᠲᠠᠢ ᠬᠢᠳᠠᠳ ᠲᠣᠯᠢ ᠪᠢᠴᠢᠭ ᠤᠨ ᠬᠡᠳᠦᠶᠢᠳᠦᠭᠡᠷ ᠨᠢᠭᠤᠷ ᠤᠨ ᠬᠡᠳᠦᠭᠡᠷ ᠦᠰᠦᠭ ᠪᠣᠯᠬᠤ ᠶᠢ ᠨᠢᠭᠡ ᠨᠢᠭᠡ | ᠪᠠᠷ ᠲᠣᠷᠠᠳᠣᠭᠠᠳ᠂ ᠲᠠᠷᠠᠭ᠎ᠠ ᠨᠢ ᠲᠣᠰ ᠦᠰᠦᠭ ᠤᠨ Unihan ᠮᠠᠲ᠋ᠧᠷᠢᠶᠠᠯ ᠢ ᠵᠢᠬᠰᠠᠭᠠᠨ ᠭᠠᠷᠭᠠᠵᠣ᠂ ᠲᠠᠬᠢᠨ | ᠲᠠᠷᠠᠭ᠎ᠠ ᠲᠤᠨᠢ ᠲᠡᠭᠦᠨ ᠤ ᠠᠪᠢᠶ᠎ᠠ ᠠᠶᠠᠯᠭᠤ ᠶᠢ ᠲᠠᠶᠢᠯᠪᠣᠷᠢᠯᠠᠭᠰᠠᠨ ᠨᠢ ᠲᠣᠣᠷᠠᠬᠢ ᠮᠡᠳᠦ᠄ ᠬᠢᠳᠠᠳ ᠬᠡᠯᠡᠨ ᠳᠠᠬᠢ | ᠣᠳᠣ ᠦᠶ᠎ᠡ ᠶᠢᠨ ᠠᠪᠢᠶ᠎ᠠ ᠨᠢ fù᠂ fú ᠬᠤᠶᠠᠷ ᠪᠠᠶᠢᠵᠣ᠂ ᠲᠣᠮᠳᠠᠳᠣ ᠡᠷᠳᠡᠨ ᠤ ᠠᠪᠢᠶ᠎ᠠ ᠨᠢ bjuwX | ᠪᠣᠶᠣ bjuwk ᠪᠠᠶᠢᠵᠣ᠂ ᠲᠡᠭᠡᠳᠦ ᠡᠷᠳᠡᠨ ᠤ ᠠᠪᠢᠶ᠎ᠠ /*bəʔ {*[b]əʔ}/ ᠪᠣᠶᠣ /*bək {*[b] | ək}/ ᠭᠡᠵᠦ᠂ ᠶᠠᠫᠣᠨ ᠬᠡᠯᠡᠨ ᠤ 音讀 ᠪᠠᠷ ふく (fuku) ᠭᠡᠵᠦ᠂ ᠺᠣᠷᠢᠶᠠ ᠬᠡᠯᠡᠨ ᠤ 音讀 ᠪᠠᠷ | 복 (pok) ᠭᠡᠵᠦ᠂ ᠸᠢᠶᠧᠲᠨᠠᠮ ᠬᠡᠯᠡᠨ ᠳᠤ phục ᠭᠡᠵᠦ ᠲᠣᠰ ᠲᠣᠰ ᠣᠩᠰᠢᠨ᠎ᠠ ᠭᠡᠵᠡᠢ᠃ | ᠬᠠᠨ ᠳ᠋ᠢᠶᠠᠨ ᠰᠦᠯᠵᠢᠶᠡᠨ ᠲᠣᠯᠢ᠄ ᠣᠳᠣ ᠦᠶ᠎ᠡ ᠶᠢᠨ ᠠᠪᠢᠶ᠎ᠠ fú ᠪᠣᠯᠣᠨ fù ᠭᠡᠵᠡᠢ᠃ | ᠲᠡᠭᠡᠳᠦ ᠡᠷᠳᠡᠨ ᠤ ᠠᠪᠢᠶ᠎ᠠ ᠠᠶᠠᠯᠭᠤ ᠶᠢ bɯɡ ᠭᠡᠵᠦ᠂ ᠡᠷᠳᠡᠮᠳᠡᠳ ᠤᠨ ᠰᠡᠷᠭᠦᠭᠡᠭᠰᠡᠨ ᠲᠡᠭᠡᠳᠦ ᠡᠷᠳᠡᠨ ᠤ | ᠠᠪᠢᠶ᠎ᠠ ᠨᠢ bʱi̯uk᠂ bĭuk᠂ biuk᠂ bɨuk᠂ buwk ᠵᠡᠷᠭᠡ ᠭᠡᠵᠡᠢ᠃ | ᠴᠢᠨ ᠠᠴᠠ ᠡᠮᠦᠨᠡᠬᠢ ᠠᠪᠢᠶ᠎ᠠ ᠠᠶᠠᠯᠭᠤ ᠶᠢ bʰi̯ŭk᠂ bʰjuə̆k᠂ bjwək᠂ bjək | ᠵᠡᠷᠭᠡ ᠭᠡᠵᠡᠢ᠃ | ᠬᠠᠨ ᠤ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾ ᠳᠤ 服 ᠶᠢᠨ ᠠᠪᠢᠶ᠎ᠠ ᠠᠶᠠᠯᠭᠤ ᠶᠢ | 从舟 | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |