ᠬᠠᠨ ᠸᠧᠨ ᠳ᠋ᠢ ᠬᠠᠭᠠᠨ ᠠᠴᠠ ᠪᠣᠭᠳᠠ ︵冒顿︶ ᠴᠠᠨ ᠢᠥᠢ ᠳᠤ ᠬᠦᠷᠭᠡᠭᠰᠡᠨ ᠪᠡᠯᠡᠭ ︽犀毗︾᠎ ᠠᠴᠠ ᠰᠡᠳᠦᠪᠯᠡᠬᠦ ᠨᠢ
ᠨᠡᠶᠢᠲᠡᠯᠡᠭᠰᠡᠨ ᠴᠠᠭ᠄
2021/3/19
ᠣᠣᠬᠠᠨ · ᠬᠠᠭᠳᠠ ᠵᠣᠬᠢᠶᠠᠪᠠ ᠬᠠᠨ ᠣᠯᠣᠰ ᠤᠨ ᠰᠢᠶᠣᠣ ᠸᠧᠨ ᠬᠤᠸᠠᠩᠳᠢ ᠯᠢᠦ ᠾᠧᠩ ᠦᠪᠡᠷ ᠤᠨ ᠬᠠᠭᠠᠨ ᠰᠠᠭᠤᠷᠢᠨ ᠳᠤ ᠪᠠᠶᠢᠭᠰᠠᠨ ᠦᠶ᠎ᠡ ᠎ ᠶᠢᠨ ᠡᠮᠦᠨ᠎ᠡ ᠵᠢᠷᠭᠤᠳᠣᠭᠠᠷ ᠣᠨ ᠳᠤ᠂ ᠲᠠᠷᠣᠢ ᠨᠡᠶᠢᠳᠡ ᠶᠢᠨ ᠣᠨ ᠲᠣᠭᠠᠯᠠᠯ ᠤᠨ ᠡᠮᠦᠨ᠎ᠡ 175 ᠣᠨ ᠳᠤ᠂ ᠾᠦᠩᠨᠦ ᠶᠢᠨ ᠣᠯᠣᠰ ᠤᠨ ᠪᠣᠭᠳᠠ ᠴᠠᠨ ᠢᠥᠢ ᠶᠢᠨ ᠵᠠᠬᠢᠳᠠᠯ ᠳᠤ ᠬᠠᠷᠢᠭᠤ ᠵᠠᠬᠢᠳᠠᠯ ᠢᠯᠡᠭᠡᠭᠡᠬᠦ ᠳᠡᠭᠡᠨ᠂ ᠲᠣᠰ ᠵᠠᠬᠢᠳᠠᠯ ᠤᠨ ᠬᠠᠮᠳᠣᠳᠠ ᠪᠠᠰᠠ ᠪᠣᠭᠳᠠ ᠴᠠᠨ ᠢᠥᠢ ᠳᠤ ᠪᠡᠯᠡᠭ ᠬᠦᠷᠭᠡᠵᠡᠢ᠃ ᠲᠣᠰ ᠵᠠᠬᠢᠳᠠᠯ ᠳᠤ ᠵᠢᠬᠰᠠᠭᠠᠵᠣ ᠪᠢᠴᠢᠭᠰᠡᠨ ᠪᠡᠯᠡᠭ ᠤᠨ ᠡᠳ᠋ ᠨᠢ ᠭᠤᠣᠯᠳᠠᠭᠤ ᠮᠠᠩᠨᠤᠭ ᠲᠣᠷᠭᠠᠨ ᠲᠡᠪᠡᠯ ᠬᠤᠪᠴᠠᠰᠣ᠂ ᠲᠣᠷᠭ᠎ᠠ ᠲᠣᠷᠳᠣᠩ᠂ ᠬᠤᠷᠭᠤᠢ ᠮᠠᠩᠨᠤᠭ ᠪᠣᠯᠣᠨ ᠪᠠᠰᠠ 黄金饰具带 ᠨᠢᠭᠡ ᠪᠣᠯᠣᠨ 黄金犀毗 ᠨᠢᠭᠡ ᠭᠡᠵᠦ ᠲᠣᠲᠣᠷᠬᠠᠶᠢᠯᠠᠨ ᠪᠢᠴᠢᠵᠠᠢ᠃ ᠵᠣᠬᠢᠶᠠᠭᠴᠢ ᠠᠴᠠ ᠲᠣᠰ ᠵᠣᠬᠢᠶᠠᠯ ᠳᠠᠭᠠᠨ ᠲᠣᠰᠬᠠᠶᠢᠯᠠᠨ 犀毗 ᠭᠡᠳᠡᠭ ᠬᠤᠶᠠᠷ ᠦᠰᠦᠭ ᠢᠶᠠᠷ ᠪᠦᠷᠢᠯᠳᠦᠭᠰᠡᠨ ᠡᠨᠡᠬᠦ ᠾᠦᠩᠨᠦ ᠬᠡᠯᠡᠨ ᠤ ᠨᠡᠷᠡᠰ ᠦᠭᠡ ᠳᠤ ᠲᠡᠭᠦᠨ ᠤ ᠠᠪᠢᠶ᠎ᠠ ᠣᠳᠬ᠎ᠠ ᠪᠣᠯᠣᠨ ᠬᠡᠯᠡᠨ ᠤ ᠬᠠᠷᠢᠶᠠᠯᠠᠯ ᠤᠨ ᠲᠣᠬᠠᠢ ᠲᠦᠭᠦᠮ ᠶᠠᠷᠢᠨ᠎ᠠ᠃ 犀毗 ᠭᠡᠳᠡᠭ ᠬᠤᠶᠠᠷ ᠬᠢᠳᠠᠳ ᠦᠰᠦᠭ ᠢᠶᠠᠷ ᠪᠦᠷᠢᠯᠳᠦᠭᠰᠡᠨ ᠡᠨᠡᠬᠦ ᠨᠡᠷᠡᠰ ᠦᠭᠡ ᠪᠣᠯ ᠨᠡᠩ ᠡᠷᠳᠡᠨ ᠤ ᠦᠶ᠎ᠡ ᠶᠢᠨ ᠾᠦᠩᠨᠦ ᠦᠭᠡ ᠪᠣᠯᠣᠨ᠎ᠠ᠃ ᠬᠠᠨ ᠣᠯᠣᠰ ᠎ ᠤᠨ ᠦᠶ᠎ᠡ ᠪᠣᠯᠳᠠᠯ᠎ᠠ᠂ ᠡᠨᠡᠬᠦ ᠦᠭᠡ ᠶᠢ ᠬᠢᠳᠠᠳᠴᠣᠳ ᠵᠢᠭᠡᠯᠡᠨ ᠬᠡᠷᠡᠭᠯᠡᠵᠦ ᠣᠳᠠᠵᠣ ᠪᠠᠶᠢᠵᠠᠢ᠃ ᠡᠭᠦᠨ ᠤ ᠲᠣᠬᠠᠢ ᠲᠣᠣᠷᠠᠬᠢ ᠠᠭᠤᠯᠭ᠎ᠠ ᠪᠣᠯᠣᠨ ᠵᠣᠬᠢᠶᠠᠭᠴᠢ ᠶᠢᠨ ᠲᠠᠭᠠᠯᠳᠣᠭᠤᠯᠣᠨ ᠨᠡᠶᠢᠳᠡᠯᠡᠭᠰᠡᠨ ᠲᠠᠭᠠᠯᠳᠠ ᠵᠢᠷᠤᠭ ᠨᠤᠭᠤᠳ ᠠᠴᠠ ᠭᠦᠨᠵᠡᠭᠡᠶᠢᠷᠡᠨ ᠯᠠᠪᠯᠠᠭᠠᠷᠠᠢ᠃ ᠰᠢᠵᠢᠷ ᠠᠯᠳᠠᠨ ᠴᠢᠮᠡᠭᠯᠡᠯ ᠲᠠᠢ ᠪᠦᠰᠡ ︵黄金饰具带︶᠂ ᠰᠢᠵᠢᠷ ᠠᠯᠳᠠᠨ ︽犀毗︾᠎ ᠶᠢᠨ ᠲᠣᠬᠠᠢ ᠡᠷᠳᠡᠨ ᠤ ᠬᠢᠳᠠᠳ ᠬᠦᠮᠦᠰ ᠤᠨ ᠬᠢᠭᠰᠡᠨ ᠲᠠᠶᠢᠯᠪᠣᠷᠢ ᠶᠢ ᠵᠢᠬᠰᠠᠭᠠᠪᠠᠯ᠄ 黄金饰具带᠎ ᠶᠢ ᠨᠢ ︽ᠬᠤᠷᠢᠶᠠᠩᠭᠤᠢ ᠲᠡᠶᠢᠯᠪᠣᠷᠢ︾᠎ ᠳᠤ᠄ ︽ᠪᠦᠰᠡᠯᠡᠭᠦᠷ ᠤᠨ ᠲᠣᠮᠣ ᠪᠦᠰᠡ︾ ︵要中大带︶ ᠭᠡᠵᠦ ᠲᠠᠶᠢᠯᠪᠣᠷᠢᠯᠠᠵᠠᠢ᠃ 黄金胥纰 ᠭᠡᠳᠡᠭ ᠦᠭᠡᠨ ᠶᠢ ᠰᠢᠥᠢ ᠭᠤᠸᠠᠩ ᠤᠨ ᠬᠡᠯᠡᠭᠰᠡᠨ ᠦᠭᠡ ᠠᠴᠠ ᠡᠰᠢᠯᠡᠵᠦ᠂ 胥纰᠎ ᠶᠢ ᠪᠠᠰᠠ 犀毗 ᠬᠡᠮᠡᠮᠣᠢ ᠭᠡᠵᠡᠢ᠃ ︽ᠬᠡᠯᠬᠢᠶᠡᠰᠦ︾᠎ ᠳᠤ ᠲᠠᠶᠢᠯᠪᠣᠷᠢᠯᠠᠭᠰᠠᠨ ᠨᠢ᠄ ︽ᠬᠠᠨ ᠣᠯᠣᠰ ᠤᠨ ᠪᠢᠴᠢᠭ ᠲᠤ 犀毗 ᠬᠡᠮᠡᠨ ᠪᠢᠴᠢᠵᠣ ᠠᠮᠣᠢ᠃ ᠠᠳᠡ 胥᠂ 犀 ᠪᠣᠶᠣ 师 ᠭᠡᠳᠡᠭ ᠦᠰᠦᠭ ᠢ ᠬᠡᠷᠡᠭᠯᠡᠪᠡᠢ᠃ ᠰᠢᠯᠳᠠᠭᠠᠨ ᠨᠢ ᠡᠨᠡ ᠭᠤᠷᠪᠠᠨ ᠦᠰᠦᠭ ᠤᠨ ᠣᠩᠰᠢᠯᠭ᠎ᠠ ᠣᠶᠢᠷᠠᠯᠴᠠᠭ᠎ᠠ ᠠᠴᠠ ᠪᠣᠯᠵᠣᠬᠤᠢ ᠭᠡᠵᠡᠢ᠃ ᠲᠡᠭᠡᠭᠡᠳ ᠵᠠᠯᠭᠠᠨ ᠦᠬᠦᠯᠡᠭᠰᠡᠨ ᠨᠢ᠂ ᠵᠠᠩ ᠶᠠᠨ ᠦᠬᠦᠯᠡᠷᠦᠨ᠄ ᠰᠢᠶᠠᠨᠪᠸᠢ ᠬᠦᠮᠦᠨ ᠤ 郭落带 ᠭᠡᠮᠡᠭᠴᠢ ᠪᠦᠰᠡ ᠪᠣᠯᠪᠠᠰᠣ ᠪᠡᠯᠭᠡᠳᠦ ᠭᠦᠷᠦᠭᠡᠰᠦᠨ ᠤ ᠨᠡᠷ᠎ᠡ ᠪᠣᠯᠠᠢ᠂ ᠵᠡᠭᠦᠨ ᠬᠣ᠋ ᠶᠢᠨ ᠬᠦᠮᠦᠰ ᠤᠨ ᠮᠠᠰᠢᠳᠠ ᠡᠷᠬᠢᠮᠯᠡᠬᠦ ᠡᠳ᠋ᠯᠡᠯ ᠪᠦᠯᠦᠭᠡ ᠭᠡᠵᠡᠢ᠃ ᠵᠠᠯᠭᠠᠭᠠᠳ ᠪᠠᠶᠢᠯᠳᠣᠭᠠᠨᠳᠣ ᠣᠯᠣᠰ ᠤᠨ ᠪᠣᠳᠣᠯᠭ᠎ᠠ ᠬᠡᠮᠡᠭᠴᠢ ᠪᠢᠴᠢᠭ ᠠᠴᠠ ᠡᠰᠢᠯᠡᠨ ᠦᠭᠦᠯᠡᠭᠰᠡᠨ ᠨᠢ᠄ ︽ᠵᠣᠣ ᠡᠣ ᠯᠢᠩ ᠸᠠᠩ ᠠᠴᠠ ᠵᠸᠥ ᠱᠣᠣ ᠳᠤᠷ ᠰᠣᠶᠣᠷᠬᠠᠭᠰᠠᠨ ᠰᠢᠵᠢᠷ ᠠᠯᠳᠠᠨ 师比 ᠬᠡᠮᠡᠭᠴᠢ ᠮᠦᠨ ᠡᠨᠡ ᠡᠳ᠋ ᠪᠣᠯᠠᠢ ᠭᠡᠵᠡᠢ᠃ ᠪᠠᠰᠠ ᠵᠠᠯᠭᠠᠨ ᠶᠠᠨ ᠳ᠋ᠦ᠋ ᠦᠬᠦᠯᠡᠭᠰᠡᠨ ᠠᠨᠣ᠄ ︵ᠡᠨᠡ ᠪᠣᠯᠪᠠᠰᠣ︶ ︽ᠬᠣ᠋ ᠶᠢᠨ ᠬᠦᠮᠦᠰ ᠤᠨ ᠠᠷᠠᠰᠣᠨ ᠪᠦᠰᠡᠨ ᠤ ᠭᠤᠬ᠎ᠠ ᠪᠣᠯᠣᠮᠣᠢ︾ ᠭᠡᠵᠡᠢ᠃ ᠡᠨᠡᠬᠦ ᠭᠤᠬ᠎ᠠ ᠶᠢᠨ ᠨᠡᠷ᠎ᠡ ᠨᠢ ᠪᠠᠰᠠ 师比 ᠭᠡᠮᠡᠮᠣᠢ᠂ ᠡᠶᠢᠮᠦ ᠠᠴᠠ 胥᠂ 犀᠂ 师᠎ ᠨᠢ ᠪᠦᠷ ᠠᠪᠢᠶ᠎ᠠ ᠣᠶᠢᠷᠠᠯᠴᠠᠭ᠎ᠠ ᠪᠣᠯᠬᠤᠷ ᠢᠩᠬᠢᠵᠦ ᠬᠡᠷᠡᠭᠯᠡᠨ ᠠᠵᠠᠢ᠃ ᠲᠠᠷᠣᠢ ᠪᠠᠨ ᠭᠦ᠋ ᠶᠢᠨ ᠳ᠋ᠸᠥ ᠰᠢᠶᠠᠨ ᠳᠤ ᠢᠯᠡᠭᠡᠭᠰᠡᠨ ᠵᠠᠬᠢᠳᠠᠯ ᠳᠤ ᠦᠭᠦᠯᠡᠭᠰᠡᠨ ︽犀比 ᠬᠡᠮᠡᠭᠴᠢ ᠠᠯᠳᠠᠨ ᠲᠣᠯᠣᠭᠠᠶᠢᠳᠣ ᠪᠦᠰᠡ ᠰᠣᠶᠣᠷᠬᠠᠪᠠᠢ︾ ᠭᠡᠳᠡᠭ ᠨᠢ ᠴᠦ ᠮᠦᠨ ᠡᠭᠦᠨ ᠢ ᠬᠡᠯᠡᠮᠣᠢ ᠭᠡᠵᠡᠢ᠃ ᠲᠡᠭᠡᠷᠡᠬᠢ ᠡᠳᠡᠭᠡᠷ ᠣᠯᠠᠨ ᠬᠦᠮᠦᠰ ᠤᠨ ᠲᠠᠶᠢᠯᠪᠣᠷᠢ ᠠᠴᠠ ᠦᠵᠡᠬᠦᠯ᠎ᠡ᠂ 犀比 ᠵᠡᠷᠭᠡ ᠬᠡᠳᠦᠨ ᠵᠦᠢᠯ ᠢᠶᠠᠷ ᠪᠢᠴᠢᠨ ᠢᠯᠡᠳᠭᠡᠵᠦ ᠪᠠᠶᠢᠭ᠎ᠠ ᠡᠨᠡᠬᠦ ᠡᠳ᠋ ᠪᠣᠯ ᠬᠣ᠋ ᠬᠦᠮᠦᠰ ᠤᠨ ᠠᠷᠠᠰᠣᠨ ᠪᠦᠰᠡᠨ ᠤ ᠭᠤᠬ᠎ᠠ ᠪᠣᠯᠬᠤ ᠨᠢ ᠲᠣᠲᠣᠷᠬᠠᠢ ᠪᠣᠯᠵᠠᠢ᠃ ᠭᠡᠪᠡᠴᠦ ᠠᠪᠢᠶᠠᠴᠢᠯᠠᠨ ᠣᠷᠴᠢᠭᠤᠯᠬᠤ ᠳᠤ ᠬᠡᠷᠡᠭᠯᠡᠭᠰᠡᠨ ᠦᠰᠦᠭ ᠨᠢ ᠣᠨᠳᠣᠣ ᠪᠣᠯᠬᠤᠷ᠂ ᠬᠦᠮᠦᠰ ᠲᠤ ᠵᠢᠭᠠᠬᠠᠨ ᠲᠦᠭᠡᠷᠢᠭᠳᠡᠯ ᠠᠪᠴᠢᠷᠠᠭᠰᠠᠨ ᠠᠵᠠᠢ᠃ ᠭᠡᠪᠡᠴᠦ ᠦᠨᠡᠨᠳᠡᠭᠡᠨ ᠪᠦᠷ ᠬᠣ᠋ ᠬᠦᠮᠦᠰ ᠤᠨ ᠦᠷᠬᠦᠯᠵᠢ ᠬᠡᠷᠡᠭᠯᠡᠳᠡᠭ ᠠᠷᠠᠰᠣᠨ ᠪᠦᠰᠡᠨ ᠤ ᠬᠦᠷᠡᠯ ᠭᠤᠬ᠎ᠠ ᠶᠢᠨ ᠬᠣ᠋ ᠬᠡᠯᠡᠨ ᠳᠠᠬᠢ ᠨᠡᠷ᠎ᠡ ᠦᠭᠡ ᠶᠢ ᠬᠢᠳᠠᠳ ᠬᠡᠯᠡᠨ ᠳᠤ ᠠᠪᠢᠶᠠᠴᠢᠯᠠᠨ ᠣᠷᠴᠢᠭᠤᠯᠣᠭᠰᠠᠨ ᠦᠰᠦᠭ ᠪᠣᠯᠣᠨ᠎ᠠ ᠭᠡᠳᠡᠭ ᠨᠢ ᠰᠡᠵᠢᠭᠯᠡᠰᠢ ᠦᠭᠡᠢ ᠪᠣᠯᠵᠠᠢ᠃ ᠡᠨᠡᠬᠦ ᠰᠡᠳᠦᠪ ᠤᠨ ᠲᠣᠬᠠᠢ᠂ ᠠᠳᠡ ᠬᠦᠷᠦᠭᠡᠳ ᠪᠢᠳᠡ ᠶᠡᠭᠡ ᠲᠦᠯᠦᠪ ᠨᠡᠯᠢᠶᠡᠳ ᠲᠣᠲᠣᠷᠬᠠᠢ ᠣᠶᠢᠯᠭᠠᠯᠳᠠ ᠲᠠᠢ ᠪᠣᠯᠣᠭᠰᠠᠨ ᠪᠠᠶᠢᠨ᠎ᠠ᠃ ᠬᠠᠨ ᠸᠧᠨ ᠳ᠋ᠢ ᠬᠠᠭᠠᠨ ᠠᠴᠠ ᠨᠡᠩ ᠡᠷᠳᠡᠨ ᠤ ᠬᠦᠮᠦᠨ᠂ ᠵᠣᠣ ᠡᠣ ᠯᠢᠩ ᠸᠠᠩ ᠤᠨ ᠦᠶ᠎ᠡ ᠎ ᠳᠤ ᠡᠨᠡᠬᠦ ᠡᠳ᠋ ᠢ ᠲᠠᠷᠣᠢ ︽师比︾ ᠭᠡᠵᠦ ᠨᠡᠷᠡᠶᠢᠳᠦᠵᠦ᠂ ᠲᠡᠭᠦᠨ ᠢᠶᠠᠨ ᠬᠣ᠋ ᠬᠦᠮᠦᠰ ᠤᠨ ᠠᠷᠠᠰᠣᠨ ᠪᠦᠰᠡᠨ ᠤ ᠭᠤᠬ᠎ᠠ ᠪᠣᠯᠣᠨ᠎ᠠ ᠭᠡᠳᠡᠭ ᠢ ᠲᠣᠲᠣᠷᠬᠠᠢ ᠮᠡᠳᠡᠵᠦ ᠪᠠᠶᠢᠵᠠᠢ᠃ ᠬᠡᠳᠦᠶᠢᠪᠡᠷ ᠬᠡᠷᠡᠭᠯᠡᠭᠰᠡᠨ ᠦᠰᠦᠭ ᠨᠢ ᠠᠳᠠᠯᠢ ᠦᠭᠡᠢ ᠪᠣᠯᠪᠠᠴᠣ᠂ ︽ᠬᠣ᠋ ᠬᠦᠮᠦᠰ ᠤᠨ ᠠᠷᠠᠰᠣᠨ ᠪᠦᠰᠡᠨ ᠤ ᠭᠤᠬ᠎ᠠ︾ ᠭᠡᠳᠡᠭ ᠣᠶᠢᠯᠭᠠᠯᠳᠠ ᠨᠢ ᠠᠳᠠᠯᠢᠬᠠᠨ ᠠᠵᠠᠢ᠃ ᠠᠩᠬᠠᠷᠬᠤ ᠨᠢ ᠠᠳᠡ ᠦᠬᠦᠯᠡᠵᠦ ᠪᠠᠶᠢᠭ᠎ᠠ ᠠᠷᠠᠰᠣᠨ ᠪᠦᠰᠡᠨ ᠤ ᠭᠤᠬ᠎ᠠ ᠭᠡᠳᠡᠭ ᠦᠭᠡ ᠪᠣᠯ ᠲᠡᠭᠦᠨ ᠤ ᠬᠡᠯᠪᠡᠷᠢ ᠲᠦᠷᠰᠦ ᠶᠢ ᠦᠨᠳᠦᠰᠦᠯᠡᠨ ᠬᠢᠳᠠᠳ ᠦᠭᠡ ᠪᠠᠷ ᠢᠯᠡᠳᠭᠡᠭᠰᠡᠨ ᠬᠡᠷᠡᠭ ᠶᠣᠮ᠃ ᠦᠨᠡᠨᠳᠡᠭᠡᠨ ᠬᠣ᠋ ᠬᠦᠮᠦᠰ ᠶᠠᠭᠠᠬᠢᠵᠣ ᠢᠯᠡᠳᠭᠡᠵᠦ ᠪᠠᠶᠢᠭᠰᠠᠨ ᠪᠣᠢ ᠭᠡᠪᠡᠯ ᠬᠡᠯᠡᠯᠭᠡᠨ ᠦᠭᠡᠢ ︽师比᠂ ᠰᠢᠯᠪᠢ︾ ᠪᠣᠯᠣᠨ᠎ᠠ ᠃ ᠵᠣᠬᠢᠶᠠᠭᠴᠢ ᠠᠴᠠ ᠡᠨᠡᠬᠦ ︽ᠬᠣ᠋ ᠬᠦᠮᠦᠰ ᠤᠨ ᠠᠷᠠᠰᠣᠨ ᠪᠦᠰᠡᠨ ᠤ ᠭᠤᠬ᠎ᠠ︾᠎ ᠶᠢᠨ ᠪᠣᠳᠠᠳᠣ ᠡᠳ᠋ ᠢ ᠦᠨᠡᠬᠡᠷ ᠣᠯᠵᠣ ᠦᠵᠡᠵᠡᠢ᠃ ᠲᠠᠷᠣᠢ ᠪᠠᠶᠢᠯᠳᠣᠭᠠᠨᠳᠣ ᠣᠯᠣᠰ ᠤᠨ ᠦᠶ᠎ᠡ ᠶᠢᠨ ᠣᠮᠠᠷᠠᠳᠣ ᠳ᠋ᠢ ᠶᠢᠨ ᠨᠢᠭᠡᠨ ᠲᠦᠷᠦᠳᠦ ᠣᠯᠣᠰ ᠪᠣᠯᠬᠤ ︽ᠵᠦᠩ ᠱᠠᠨ ᠣᠯᠣᠰ︾᠎ ᠤᠨ ᠸᠠᠩ ᠤᠨ ᠣᠩᠭᠤᠨ ᠠᠴᠠ ᠢᠯᠡᠷᠡᠭᠰᠡᠨ ᠠᠯᠳᠠᠨ ᠭᠠᠷᠣᠳᠢ ᠰᠢᠭᠢᠳᠭᠡᠭᠰᠡᠨ ᠴᠣᠯᠣ ᠮᠦᠩᠭᠦᠨ ᠪᠦᠰᠡᠨ ᠭᠤᠬ᠎ᠠ ︵镶金凤纯银带钩︶᠎ ᠶᠢ ᠮᠦᠽᠸᠢ ᠳᠤ ᠬᠠᠷᠠᠭᠰᠠᠨ ᠶᠣᠮ᠃ ᠵᠢᠷᠤᠭ ᠨᠢᠭᠡ ᠲᠤ ᠦᠵᠡ᠃ ᠲᠣᠣᠷ᠎ᠠ ᠪᠢᠳᠡ 犀比 ᠬᠤᠶᠠᠷ ᠦᠰᠦᠭ ᠤᠨ ᠵᠦᠪᠬᠡᠨ ᠡᠷᠳᠡᠨ ᠤ ᠠᠪᠢᠶ᠎ᠠ ᠶᠢ ᠵᠢᠬᠰᠠᠭᠠᠨ ᠬᠠᠷᠢᠴᠠᠭᠤᠯᠵᠣ ᠦᠵᠡᠶ᠎ᠡ᠃ 犀比 ᠬᠤᠶᠠᠷ ᠦᠰᠦᠭ ᠤᠨ ᠡᠷᠳᠡᠨ ᠤ ᠠᠪᠢᠶ᠎ᠠ ᠠᠶᠠᠯᠭᠤ ᠶᠢᠨ ᠮᠠᠲ᠋ᠧᠷᠢᠶᠠᠯ᠄ ᠭᠤᠣᠯᠳᠠᠭᠤ ᠪᠦᠷ ︽ᠬᠠᠨ ᠳ᠋ᠢᠶᠠᠨ ᠰᠦᠯᠵᠢᠶ᠎ᠡ︾ ᠪᠣᠯᠣᠨ ︽ᠸᠢᠺᠢ ᠰᠦᠯᠵᠢᠶ᠎ᠡ︾᠎ ᠠᠴᠠ ᠯᠠᠪᠯᠠᠵᠠᠢ᠃ 犀 ︵ᠪᠠᠰᠠ 胥 ᠪᠣᠯᠣᠨ 师᠎ ᠶᠢ ᠪᠠᠭᠳᠠᠭᠠᠨ᠎ᠠ︶᠄ ᠸᠢᠺᠢ ᠰᠦᠯᠵᠢᠶ᠎ᠡ᠄ 犀᠄ ᠲᠡᠭᠡᠳᠦ ᠡᠷᠳᠡᠨ ᠤ ᠠᠪᠢᠶ᠎ᠠ /*s.lˁəj/᠃ ᠲᠣᠮᠳᠠᠳᠣ ᠡᠷᠳᠡᠨ ᠤ ᠠᠪᠢᠶ᠎ᠠ sej᠃ ᠣᠳᠣ ᠦᠶ᠎ᠡ ᠶᠢᠨ ᠠᠪᠢᠶ᠎ᠠ xī᠃ 胥᠄ ᠲᠡᠭᠡᠳᠦ ᠡᠷᠳᠡᠨ ᠤ ᠠᠪᠢᠶ᠎ᠠ ᠶᠢ ᠡᠷᠢᠵᠦ ᠣᠯᠣᠭᠰᠠᠨ ᠦᠭᠡᠢ᠃ ᠶᠠᠫᠣᠨ ᠬᠡᠯᠡᠨ ᠤ ᠠᠪᠢᠶᠠᠨ ᠣᠩᠰᠢᠯᠭ᠎ᠠ ᠪᠠᠷ しょ (sho)᠂ そ (so)᠃ ᠺᠣᠷᠢᠶ᠎ᠠ ᠬᠡᠯᠡᠨ ᠳᠤ 서 (se)᠃ ᠣᠳᠣ ᠦᠶ᠎ᠡ ᠶᠢᠨ ᠬᠢᠳᠠᠳ ᠠᠪᠢᠶ᠎ᠠ xū ᠪᠣᠯᠣᠨ xǔ᠃ 师᠄ ᠲᠡᠭᠡᠳᠦ ᠡᠷᠳᠡᠨ ᠤ ᠠᠪᠢᠶ᠎ᠠ /*srij/᠃ ᠲᠣᠮᠳᠠᠳᠣ ᠡᠷᠳᠡᠨ ᠤ ᠠᠪᠢᠶ᠎ᠠ srij᠃ ᠣᠳᠣ ᠦᠶ᠎ᠡ ᠶᠢᠨ ᠠᠪᠢᠶ᠎ᠠ shī᠃ ᠬᠠᠨ ᠳᠢᠶᠠᠨ ᠰᠦᠯᠵᠢᠶ᠎ᠡ᠄ 犀᠄ ᠲᠡᠭᠡᠳᠦ ᠡᠷᠳᠡᠨ ᠤ ᠠᠪᠢᠶ᠎ᠠ sliːl᠃ ᠴᠢᠨ ᠠᠴᠠ ᠡᠮᠦᠨᠡᠬᠢ ᠠᠪᠢᠶ᠎ᠠ ᠠᠶᠠᠯᠭᠤ siər᠂ siei᠂ sied ᠵᠡᠷᠭᠡ ᠪᠣᠢ᠃ 《说文解字》从牛㞑聲。 ᠲᠠᠩ ᠣᠯᠣᠰ ᠤᠨ ᠦᠶ᠎ᠡ ᠶᠢᠨ ᠠᠪᠢᠶ᠎ᠠ sei ᠭᠡᠵᠡᠢ᠃ ᠣᠳᠣ ᠦᠶ᠎ᠡ ᠶᠢᠨ ᠠᠪᠢᠶ᠎ᠠ xī ᠭᠡᠪᠡ᠃ 胥᠄ ᠲᠡᠭᠡᠳᠦ ᠡᠷᠳᠡᠨ ᠤ ᠠᠪᠢᠶ᠎ᠠ sŋa᠃ ᠴᠢᠨ ᠠᠴᠠ ᠡᠮᠦᠨᠡᠬᠢ ᠠᠪᠢᠶ᠎ᠠ ᠠᠶᠠᠯᠭᠤ sŋa᠂ sǐa᠂ sjaɡ ᠵᠡᠷᠭᠡ᠃ 《说文解字》从肉疋聲᠃ ᠲᠠᠩ ᠣᠯᠣᠰ ᠤᠨ ᠦᠶ᠎ᠡ ᠶᠢᠨ ᠠᠪᠢᠶ᠎ᠠ siu᠃ ᠣᠳᠣ ᠦᠶ᠎ᠡ ᠶᠢᠨ ᠠᠪᠢᠶ᠎ᠠ xī᠃ 师᠄ ᠲᠡᠭᠡᠳᠦ ᠡᠷᠳᠡᠨ ᠤ ᠠᠪᠢᠶ᠎ᠠ sri᠃ ᠴᠢᠨ ᠠᠴᠠ ᠡᠮᠦᠨᠡᠬᠢ ᠠᠪᠢᠶ᠎ᠠ ᠠᠶᠠᠯᠭᠤ srjid᠂ ʂi̯ər᠂ s ier ᠵᠡᠷᠭᠡ᠃ 《说文解字》从肉疋聲᠃ ᠲᠠᠩ ᠣᠯᠣᠰ ᠤᠨ ᠦᠶ᠎ᠡ ᠶᠢᠨ ᠠᠪᠢᠶ᠎ᠠ ᠠᠶᠠᠯᠭᠤ ʃjei᠃ ᠣᠳᠣ ᠦᠶ᠎ᠡ ᠶᠢᠨ ᠠᠪᠢᠶ᠎ᠠ shī ᠭᠡᠪᠡ᠃ 比 ︵纰 ᠪᠣᠯᠣᠨ 毗᠎ ᠶᠢ ᠪᠠᠭᠳᠠᠭᠠᠨ᠎ᠠ︶᠄ ᠸᠢᠺᠢ ᠰᠦᠯᠵᠢᠶ᠎ᠡ᠄ 比᠄ ᠲᠡᠭᠡᠳᠦ ᠡᠷᠳᠡᠨ ᠤ ᠠᠪᠢᠶ᠎ᠠ᠄ /*C.pijʔ/᠃ ᠲᠣᠮᠳᠠᠳᠣ ᠡᠷᠳᠡᠨ ᠤ ᠠᠪᠢᠶ᠎ᠠ pjijX᠃ ᠶᠠᠫᠣᠨ ᠬᠡᠯᠡᠨ ᠎ ᠤ ᠠᠪᠢᠶᠠᠨ ᠤ ᠣᠩᠰᠢᠯᠭ᠎ᠠ ひ (hi)᠃ ᠺᠣᠷᠢᠶ᠎ᠠ ᠬᠡᠯᠡᠨ ᠳᠤ 비 (pi)᠃ ᠸᠶ᠋ᠢᠶᠧᠲᠨᠠᠮ ᠬᠡᠯᠡᠨ ᠳᠤ bí, bì, bỉ, tị, tỷ, tỵ, tí, tì, tý, tỳ ᠵᠡᠷᠭᠡ᠃ ᠣᠳᠣ ᠦᠶ᠎ᠡ ᠶᠢᠨ ᠬᠢᠳᠠᠳ ᠬᠡᠯᠡᠨ ᠳᠤ bǐ ᠪᠣᠯᠣᠨ bì᠃ 纰᠄ ᠲᠡᠭᠡᠳᠦ ᠲᠣᠮᠳᠠᠳᠣ ᠡᠷᠳᠡᠨ ᠤ ᠠᠪᠢᠶ᠎ᠠ ᠶᠢ ᠡᠷᠢᠵᠣ ᠣᠯᠣᠭᠰᠠᠨ ᠦᠭᠡᠢ᠃ ᠣᠳᠣ ᠦᠶ᠎ᠡ ᠶᠢᠨ ᠠᠪᠢᠶ᠎ᠠ pī᠂ pí᠂ bǐ᠃ 毗᠄ ᠲᠡᠭᠡᠳᠦ ᠡᠷᠳᠡᠨ ᠤ ᠠᠪᠢᠶ᠎ᠠ /*big {*[b]ij}/᠃ ᠲᠣᠮᠳᠠᠳᠣ ᠡᠷᠳᠡᠨ ᠤ ᠠᠪᠢᠶ᠎ᠠ bjij᠃ ᠣᠳᠣ ᠦᠶ᠎ᠡ ᠎ ᠶᠢᠨ ᠠᠪᠢᠶ᠎ᠠ pí᠃ ᠬᠠᠨ ᠳ᠋ᠢᠶᠠᠨ ᠰᠦᠯᠵᠢᠶ᠎ᠡ᠄ 比᠄ ᠲᠡᠭᠡᠳᠦ ᠡᠷᠳᠡᠨ ᠤ ᠠᠪᠢᠶ᠎ᠠ piʔ᠂ bi᠃ ᠲᠣᠮᠳᠠᠳᠣ ᠡᠷᠳᠡᠨ ᠤ ᠠᠪᠢᠶ᠎ᠠ bi᠂ bji᠃ ᠲᠠᠩ ᠣᠯᠣᠰ ᠎ ᠤᠨ ᠦᠶ᠎ᠡ ᠶᠢᠨ ᠠᠪᠢᠶ᠎ᠠ *bǐ᠂ bhi᠂ bì ᠵᠡᠷᠭᠡ᠃ ᠣᠳᠣ ᠦᠶ᠎ᠡ ᠶᠢᠨ ᠠᠪᠢᠶ᠎ᠠ bǐ᠃ 纰᠄ ᠲᠡᠭᠡᠳᠦ ᠡᠷᠳᠡᠨ ᠤ ᠠᠪᠢᠶ᠎ᠠ be᠃ 《说文解字》从糸比聲᠃ ᠲᠣᠮᠳᠠᠳᠣ ᠡᠷᠳᠡᠨ ᠤ ᠠᠪᠢᠶ᠎ᠠ pʰji᠃ ᠣᠳᠣ ᠦᠶ᠎ᠡ ᠶᠢᠨ ᠠᠪᠢᠶ᠎ᠠ pī᠂ pí᠂ bǐ᠃ 毗᠄ ᠲᠡᠭᠡᠳᠦ ᠡᠷᠳᠡᠨ ᠤ ᠠᠪᠢᠶ᠎ᠠ bi᠂ Biei᠂ bjer᠃ ᠲᠣᠮᠳᠠᠳᠣ ᠡᠷᠳᠡᠨ ᠤ ᠠᠪᠢᠶ᠎ᠠ bi᠂ Bjir᠃ 《说文解字》从比聲᠃ ᠣᠳᠣ ᠦᠶ᠎ᠡ ᠶᠢᠨ ᠠᠪᠢᠶ᠎ᠠ pí᠃ 犀毗᠂ 胥纰 ᠪᠣᠯᠣᠨ 师比᠎ ᠶᠢᠨ ᠡᠷᠳᠡᠨ ᠤ ᠠᠪᠢᠶᠠᠨ ᠤ ᠰᠡᠷᠭᠦᠭᠡᠯᠳᠡ᠄ 犀(胥 ᠪᠣᠯᠣᠨ 师)᠎ ᠶᠢᠨ ᠡᠷᠳᠡᠨ ᠤ ᠠᠪᠢᠶ᠎ᠠ ᠭᠡᠪᠡᠯ ᠣᠶᠢᠷᠠᠯᠴᠠᠭ᠎ᠠ ᠪᠠᠷ sri ᠪᠣᠶᠣ /*s.lˁəj/ ᠪᠠᠶᠢᠵᠣ᠂ ᠲᠡᠭᠦᠨ ᠤ ᠠᠪᠢᠶᠠᠨ ᠤ ᠡᠬᠢᠯᠡᠪᠦᠷᠢ ᠨᠢ sr ᠪᠣᠶᠣ sl ᠭᠡᠳᠡᠭ ᠬᠤᠣᠰ ᠭᠡᠶᠢᠭᠦᠯᠦᠭᠴᠢ ᠪᠠᠶᠢᠵᠣ᠂ ᠠᠪᠢᠶᠠᠨ ᠎ ᠤ ᠪᠡᠶ᠎ᠡ ᠨᠢ i᠂ iei᠂ jei ᠵᠡᠷᠭᠡ ᠪᠠᠶᠢᠵᠣ᠂ ᠬᠠᠶᠠ ᠵᠠᠷᠢᠮ ᠨᠢ ǐa ᠪᠠᠶᠢᠵᠠᠢ᠃ ᠠᠪᠢᠶᠠᠨ ᠤ ᠰᠡᠭᠦᠯ ᠨᠢ ᠶᠡᠷᠦ ᠎ ᠨᠢ h ᠪᠣᠶᠣ ɡ ᠪᠠᠶᠢᠬᠤ ᠳᠤ᠂ ᠣᠨᠴᠠᠭᠠᠢ ᠵᠠᠷᠢᠮ r᠂ d ᠵᠡᠷᠭᠡ ᠪᠠᠶᠢᠵᠠᠢ᠃ ᠪᠦᠬᠦᠶᠢᠯᠡ ᠪᠠᠶᠢᠳᠠᠯ ᠠᠴᠠ ᠦᠵᠡᠪᠡᠯ 犀(胥 ᠪᠣᠯᠣᠨ 师)᠎ ᠶᠢᠨ ᠡᠷᠳᠡᠨ ᠤ ᠠᠪᠢᠶ᠎ᠠ ᠨᠢ ᠣᠶᠢᠷᠠᠯᠴᠠᠭ᠎ᠠ ᠪᠠᠷ sri ᠪᠣᠶᠣ ᠡᠰᠡᠬᠦᠯ᠎ᠡ sli ᠭᠡᠪᠡᠯ ᠲᠣᠬᠠᠢ ᠶᠢᠨ ᠦᠶ᠎ᠡ ᠶᠢᠨ ᠵᠦᠪ ᠣᠨᠣᠪᠴᠢᠳᠠᠢ ᠠᠪᠢᠶ᠎ᠠ ᠲᠠᠢ ᠪᠠᠨ ᠣᠶᠢᠷᠠᠳᠴᠣ ᠪᠠᠶᠢᠬ᠎ᠠ ᠭᠡᠵᠦ ᠪᠣᠳᠣᠵᠣ ᠪᠠᠶᠢᠨ᠎ᠠ᠃ 比(纰 ᠪᠣᠯᠣᠨ 毗)᠎ ᠶᠢᠨ ᠡᠷᠳᠡᠨ ᠤ ᠠᠪᠢᠶ᠎ᠠ ᠣᠨᠴᠠ ᠶᠢᠨ ᠣᠯᠠᠨ ᠪᠣᠳᠣᠯᠢᠶᠠᠨ ᠲᠠᠢ ᠬᠤᠪᠢᠷᠠᠯᠳᠠ ᠪᠠᠶᠢᠬᠤ ᠦᠭᠡᠢ᠂ ᠲᠡᠭᠦᠨ ᠤ ᠠᠪᠢᠶ᠎ᠠ ᠠᠶᠠᠯᠭᠤ ᠶᠢᠨ ᠲᠠᠯ᠎ᠠ ᠠᠴᠠ ᠦᠵᠡᠪᠡᠯ ᠨᠡᠯᠢᠶᠡᠳ ᠲᠣᠲᠣᠷᠬᠠᠢ ᠠᠵᠠᠢ᠃ ᠬᠡᠳᠦᠶᠢᠪᠡᠷ ᠬᠠᠶ᠎ᠠ ᠵᠠᠷᠢᠮ ᠨᠢ ᠡᠳᠦᠬᠡ pi ᠭᠡᠵᠦ ᠠᠪᠢᠶᠠᠯᠠᠵᠣ ᠪᠠᠶᠢᠪᠠᠴᠣ᠂ ᠲᠣᠬᠠᠢ ᠶᠢᠨ ᠦᠶ᠎ᠡ ᠳᠤ bi᠎ ᠠᠴᠠ ᠣᠶᠢᠷᠬᠠᠨ ᠠᠪᠢᠶᠠᠯᠠᠵᠣ ᠪᠠᠶᠢᠭᠰᠠᠨ ᠪᠠᠶᠢᠨ᠎ᠠ᠃ ᠪᠣᠰᠣᠳ ᠣᠯᠠᠩᠬᠢ ᠶᠢᠨ ᠠᠪᠢᠶ᠎ᠠ ᠨᠢ ᠪᠦᠷ bi ᠪᠣᠶᠣ bji᠎ ᠪᠠᠷ ᠠᠪᠢᠶᠠᠯᠠᠭᠳᠠᠵᠣ ᠪᠠᠶᠢᠵᠠᠢ᠃ ᠡᠶᠢᠮᠦ ᠠᠴᠠ 比(纰 ᠪᠣᠯᠣᠨ 毗)᠎ ᠶᠢᠨ ᠡᠷᠳᠡᠨ ᠤ ᠠᠪᠢᠶ᠎ᠠ ᠶᠢ bi ᠪᠣᠶᠣ bji ᠭᠡᠵᠦ ᠰᠡᠷᠭᠦᠭᠡᠬᠦ ᠨᠢ ᠨᠡᠯᠢᠶᠡᠳ ᠪᠠᠳᠣᠯᠠᠭ᠎ᠠ ᠲᠠᠢ ᠠᠵᠠᠢ᠃ ᠲᠡᠭᠡᠷᠡᠬᠢ ᠪᠠᠶᠢᠳᠠᠯ ᠢ ᠬᠤᠷᠢᠶᠠᠩᠭᠤᠶᠢᠯᠠᠵᠣ ᠦᠵᠡᠪᠡᠯ 犀毗᠂ 师比 ᠡᠰᠡᠬᠦᠯ᠎ᠡ 胥纰 ᠭᠡᠳᠡᠭ ᠦᠭᠡ ᠪᠣᠯ ᠠᠷᠠᠰᠣᠨ ᠪᠦᠰᠡᠨ ᠤ ᠭᠤᠬ᠎ᠠ ᠶᠢ ᠨᠡᠷᠡᠶᠢᠳᠦᠬᠦ ᠬᠣ᠋ ᠬᠦᠮᠦᠰ ᠤᠨ ︽ᠰᠢᠯᠪᠢ︾ ︵silbi) ᠭᠡᠳᠡᠭ ᠦᠭᠡᠨ ᠤ ᠬᠢᠳᠠᠳ ᠬᠡᠯᠡᠨ ᠳᠠᠬᠢ ᠠᠳᠠᠯᠢ ᠪᠣᠰᠣ ᠦᠰᠦᠭ ᠢᠶᠠᠷ ᠢᠯᠡᠳᠭᠡᠭᠰᠡᠨ ᠠᠪᠢᠶᠠᠨ ᠤ ᠣᠷᠴᠢᠭᠤᠯᠭ᠎ᠠ ᠪᠣᠯᠬᠤ ᠨᠢ ᠰᠡᠵᠢᠭᠯᠡᠰᠢ ᠦᠭᠡᠢ ᠬᠡᠷᠡᠭ ᠭᠡᠵᠦ ᠦᠵᠡᠵᠦ ᠪᠠᠶᠢᠨ᠎ᠠ᠃ ᠡᠨᠡᠬᠦ silbi ᠭᠡᠳᠡᠭ ᠦᠭᠡ ᠬᠠᠨ ᠣᠯᠣᠰ ᠤᠨ ᠦᠶ᠎ᠡ ᠳᠤ ᠰᠠᠶ᠋ᠢ ᠲᠡᠣᠬᠡᠨ ᠳᠤ ᠲᠡᠮᠳᠡᠭᠯᠡᠭᠳᠡᠭᠰᠡᠨ ᠾᠦᠩᠨᠦ ᠦᠭᠡ ᠪᠢᠰᠢ᠂ ᠬᠠᠷᠢᠨ ᠪᠠᠶᠢᠯᠳᠣᠭᠠᠨᠳᠣ ᠣᠯᠣᠰ ᠤᠨ ᠦᠶ᠎ᠡ ᠶᠢᠨ ᠵᠣᠣ ᠡᠣ ᠯᠢᠩ ᠸᠠᠩ ᠤᠨ ᠴᠠᠭ ᠦᠶ᠎ᠡ ᠳᠤ ᠨᠢᠭᠡᠨᠳᠡ ᠬᠢᠳᠠᠳ ᠲᠡᠣᠬᠡᠨ ᠳᠤ ᠲᠡᠮᠳᠡᠭᠯᠡᠭᠳᠡᠨ ᠦᠯᠡᠳᠡᠵᠡᠢ᠃ silbi ᠎ ᠶᠢ ᠣᠳᠣ ᠦᠶ᠎ᠡ ᠳᠤ ᠴᠦ ᠮᠣᠩᠭᠤᠯ ᠬᠡᠯᠡᠨ ᠳᠤ ᠢᠳᠡᠪᠬᠢᠳᠡᠢ ᠬᠡᠷᠡᠭᠯᠡᠭᠰᠡᠭᠡᠷ ᠪᠠᠶᠢᠭ᠎ᠠ ᠠᠮᠢᠳᠣ ᠦᠭᠡ ᠶᠣᠮ᠃ ᠰᠢᠯᠪᠢ ᠪᠣᠯ ᠣᠳᠣ ᠦᠶ᠎ᠡ ᠶᠢᠨ ᠮᠣᠩᠭᠤᠯ ᠬᠡᠯᠡᠨ ᠳᠤ ᠬᠡᠯᠡᠯᠭᠡᠨ ᠦᠭᠡᠢ ᠨᠡᠯᠢᠶᠡᠳ ᠣᠯᠠᠨ ᠰᠠᠯᠪᠣᠷᠢ ᠣᠳᠬ᠎ᠠ ᠲᠠᠢ ᠪᠣᠯᠣᠭᠰᠠᠨ ᠪᠣᠯᠪᠠᠴᠣ᠂ ᠮᠦᠨᠴᠦ ᠲᠡᠭᠦᠨ ᠤ ᠣᠵᠣᠭᠤᠷ ᠣᠳᠬ᠎ᠠ ᠪᠠᠨ ᠠᠯᠳᠠᠯ ᠦᠭᠡᠢ ᠬᠡᠪ ᠢᠶᠠᠷ ᠪᠠᠶᠢᠭᠰᠠᠭᠠᠷ ᠶᠣᠮ ᠃ ᠵᠢᠱᠢᠶᠡᠯᠡᠪᠡᠯ ᠲᠣᠣᠷᠠᠬᠢ ᠮᠡᠳᠦ ᠬᠡᠳᠦᠨ ᠵᠢᠱᠢᠶ᠎ᠡ ᠶᠢ ᠲᠣᠷᠠᠳᠣᠵᠣ ᠪᠣᠯᠣᠨ᠎ᠠ᠃ ᠲᠣᠪᠴᠢ ᠶᠢᠨ ᠰᠢᠯᠪᠢ᠂ ᠱᠠᠭᠠᠢ ᠎ ᠶᠢᠨ ᠰᠢᠯᠪᠢ᠂ ᠭᠠᠩᠰᠠᠨ ᠰᠢᠯᠪᠢ ᠭᠡᠬᠦ ᠮᠡᠳᠦ ᠪᠠᠷ ᠶᠠᠷᠢᠭᠳᠠᠵᠣ ᠬᠡᠷᠡᠭᠯᠡᠭᠳᠡᠭᠰᠡᠭᠡᠷ ᠪᠠᠶᠢᠨ᠎ᠠ᠃ ᠲᠡᠭᠡᠪᠡᠯ ᠮᠠᠨ ᠤ ᠦᠬᠦᠯᠡᠵᠦ ᠪᠠᠶᠢᠭ᠎ᠠ ᠡᠨᠡ ᠬᠡᠰᠡᠭ ᠲᠤ ᠣᠣᠯ ᠨᠢ ᠲᠠᠷᠣᠢ ︽ᠪᠦᠰᠡᠨ ᠰᠢᠯᠪᠢ︾ ᠭᠡᠳᠡᠭ ᠦᠭᠡ ᠪᠠᠶᠢᠭᠰᠠᠨ ᠪᠣᠯᠬᠤᠷ ᠬᠢᠳᠠᠳ ᠲᠡᠣᠬᠡᠨ ᠳᠤ ᠰᠠᠶ᠋ᠢ 犀毗᠂ 师比 ᠡᠰᠡᠬᠦᠯ᠎ᠡ 胥纰 ᠭᠡᠳᠡᠭ ᠦᠭᠡ ᠪᠠᠷ ᠠᠪᠢᠶᠠᠴᠢᠯᠠᠨ ᠣᠷᠴᠢᠭᠤᠯᠵᠣ ᠵᠢᠭᠡᠯᠡᠨ ᠬᠡᠷᠡᠭᠯᠡᠵᠦ ᠪᠠᠶᠢᠪᠠ᠃ ᠡᠳᠦᠬᠡ ᠡᠨᠡ ᠦᠭᠡ ᠲᠣᠪᠴᠢ ᠶᠢᠨ ᠰᠢᠯᠪᠢ ᠶᠢᠨ ᠬᠡᠯᠪᠡᠷᠢ ᠪᠠᠷ ᠣᠳᠣ ᠪᠣᠯᠳᠠᠯ᠎ᠠ ᠬᠡᠷᠡᠭᠯᠡᠭᠰᠡᠭᠡᠷ ᠪᠠᠶᠢᠨ᠎ᠠ᠃ ᠡᠷᠳᠡ ᠴᠠᠭ ᠦᠶ᠎ᠡ ᠳᠤ ᠡᠨᠡᠬᠦ ᠬᠦᠷᠡᠯ᠂ ᠵᠡᠰ᠂ ᠠᠯᠳᠠ᠂ ᠮᠦᠩᠭᠦ ᠵᠡᠷᠭᠡ ᠪᠠᠷ ᠦᠢᠯᠡᠳᠦᠳᠡᠭ ᠪᠦᠰᠡᠨ ᠤ ᠰᠢᠯᠪᠢ ᠪᠣᠯ ᠬᠦᠮᠦᠨ ᠪᠦᠬᠦᠨ ᠤ ᠬᠡᠷᠡᠭᠯᠡᠬᠦ ᠡᠳᠦᠷ ᠲᠣᠲᠣᠮ ᠤᠨ ᠡᠳ᠋ ᠪᠣᠯᠬᠤᠷ᠂ ᠲᠡᠭᠦᠨ ᠎ ᠢ ᠦᠢᠯᠡᠳᠬᠦ ᠡᠳ᠋ ᠤᠨ ᠴᠢᠨᠠᠷ᠂ ᠣᠷᠠᠯᠠᠨ ᠵᠣᠬᠢᠶᠠᠬᠤ ᠬᠡᠪ ᠶᠠᠩᠵᠣ᠂ ᠵᠠᠰᠠᠯ ᠴᠢᠮᠡᠭᠯᠡᠯ ᠬᠡ ᠣᠭᠠᠯᠵᠠ᠂ ᠶᠡᠭᠡ ᠪᠠᠭ᠎ᠠ ᠵᠡᠷᠭᠡ ᠶᠢᠨ ᠣᠯᠠᠨ ᠲᠠᠯ᠎ᠠ ᠪᠠᠷ ᠵᠦᠢᠯ ᠵᠢᠰᠣᠮ ᠤᠨ ᠢᠯᠭᠠᠭ᠎ᠠ ᠲᠠᠢ ᠪᠠᠶᠢᠭᠰᠠᠨ ᠨᠢ ᠣᠶᠢᠯᠭᠠᠮᠵᠢ ᠲᠠᠢ ᠬᠡᠷᠡᠭ ᠶᠣᠮ᠃ ᠲᠠᠭᠠᠯᠳᠠ ᠵᠢᠷᠤᠭ ᠨᠢᠭᠡ ᠳᠤ ᠵᠦᠩ ᠱᠠᠨ ᠣᠯᠣᠰ ᠤᠨ ᠸᠠᠩ ᠤᠨ ᠣᠩᠭᠤᠨ ᠠᠴᠠ ᠢᠯᠡᠷᠡᠭᠰᠡᠨ ᠠᠯᠳᠠᠨ ᠭᠠᠷᠣᠳᠢ ᠰᠢᠭᠢᠳᠭᠡᠭᠰᠡᠨ ᠴᠣᠯᠣ ᠮᠦᠩᠭᠦᠨ ᠪᠦᠰᠡᠨ ᠰᠢᠯᠪᠢ ︵ᠭᠤᠬ᠎ᠠ︶᠎ ᠶᠢᠨ ᠵᠢᠷᠤᠭ ᠪᠣᠯᠣᠨ ᠲᠡᠭᠦᠨ ᠤ ᠬᠡ ᠣᠭᠠᠯᠵᠠ ᠶᠢ ᠬᠠᠷᠠᠭᠤᠯᠣᠭᠰᠠᠨ ᠵᠢᠷᠤᠭ ᠢ ᠰᠣᠨᠢᠷᠬᠠᠭᠠᠷᠠᠢ᠃ ᠮᠢᠨᠦ ᠣᠶᠢᠯᠭᠠᠵᠣ ᠪᠠᠶᠢᠭ᠎ᠠ ᠪᠠᠷ ᠡᠶᠢᠮᠦᠷᠬᠦ ᠬᠢᠳᠠᠳ ᠬᠡᠯᠡᠨ ᠳᠤ ᠪᠦᠰᠡᠨ ᠭᠤᠬ᠎ᠠ ᠭᠡᠵᠦ ᠨᠡᠷᠡᠶᠢᠳᠦᠵᠦ ᠪᠠᠶᠢᠭ᠎ᠠ ᠪᠦᠰᠡᠨ ᠤ ᠰᠢᠯᠪᠢ ᠪᠣᠯ᠂ ᠯᠠᠪᠳᠠᠢ ᠪᠦᠰ ᠪᠦᠰᠡᠨ ᠳᠤ ᠵᠣᠷᠢᠭᠤᠯᠣᠯᠳᠠ ᠎ ᠲᠠᠢ ᠬᠢᠭᠰᠡᠨ ᠡᠳ᠋ ᠪᠢᠰᠢ ᠶᠣᠮ᠃ ᠰᠢᠯᠳᠠᠭᠠᠨ ᠨᠢ ᠲᠡᠭᠦᠨ ᠤ ᠪᠦᠳᠦᠴᠡ ᠠᠴᠠ ᠬᠠᠷᠠᠪᠠᠯ ᠲᠣᠰᠬᠠᠶᠢᠯᠠᠨ ᠠᠷᠠᠰᠣᠨ ᠪᠦᠰᠡᠨ ᠳᠤ ᠵᠣᠷᠢᠭᠤᠯᠣᠯᠳᠠ ᠲᠠᠢ ᠵᠣᠬᠢᠶᠠᠵᠣ ᠪᠠᠶᠢᠭᠰᠠᠨ ᠨᠢ ᠲᠣᠲᠣᠷᠬᠠᠢ ᠪᠠᠶᠢᠭ᠎ᠠ᠃ ᠡᠭᠦᠨ ᠠᠴᠠ ᠵᠢᠭᠠᠬᠠᠨ ᠬᠤᠵᠢᠮ ᠦᠶ᠎ᠡ ᠶᠢᠨ ᠬᠠᠨ ᠣᠯᠣᠰ ᠤᠨ ᠦᠶ᠎ᠡ ᠳᠤ ᠢᠯᠡᠷᠡᠭᠰᠡᠨ ᠬᠠᠰ ᠪᠦᠰᠡᠨ ᠰᠢᠯᠪᠢ ᠶᠢ ᠡᠭᠦᠨ ᠲᠠᠢ ᠬᠠᠷᠢᠴᠠᠭᠤᠯᠪᠠᠯ᠂ ᠬᠡᠯᠪᠡᠷᠢ ᠲᠦᠷᠰᠦ ᠶᠢᠨ ᠲᠠᠯ᠎ᠠ ᠪᠠᠷ ᠠᠳᠠᠯᠢᠪᠳᠣᠷ ᠪᠣᠯᠪᠠᠴᠣ᠂ ᠬᠠᠰ ᠪᠦᠰᠡᠨ ᠰᠢᠯᠪᠢ ᠪᠣᠯ ᠵᠦᠪᠬᠡᠨ ᠵᠠᠰᠠᠯ ᠴᠢᠮᠡᠭᠯᠡᠯ ᠪᠣᠶᠣ ᠵᠡᠷᠭᠡ ᠲᠡᠰ ᠢ ᠢᠯᠭᠠᠷᠠᠭᠤᠯᠬᠤ ᠡᠭᠦᠳᠡᠨ ᠠᠴᠠ ᠦᠢᠯᠡᠳᠦᠭᠰᠡᠨ ᠪᠣᠯᠬᠤᠷ ᠵᠢᠭᠠᠬᠠᠨ ᠪᠠᠭ᠎ᠠ ᠪᠦᠭᠡᠳ ᠨᠢᠮᠭᠡᠨ ᠬᠡᠪᠷᠡᠭ ᠪᠠᠶᠢᠳᠠᠭ ᠴᠦ ᠪᠣᠯᠪᠠᠣ ᠭᠡᠳᠡᠭ ᠲᠦᠷᠦᠭᠳᠡᠯ ᠦᠭᠳᠡᠭ ᠶᠣᠮ᠃ ᠵᠢᠷᠤᠭ ᠬᠤᠶᠠᠷ ᠪᠣᠯ ᠵᠦᠩ ᠱᠠᠨ ᠣᠯᠣᠰ ᠤᠨ ᠸᠠᠩ ᠤᠨ ᠣᠩᠭᠤᠨ ᠠᠴᠠ ᠢᠯᠡᠷᠡᠭᠰᠡᠨ ᠰᠦᠯᠳᠡ ᠪᠣᠯᠣᠨ᠎ᠠ᠃ ᠡᠶᠢᠮᠦᠷᠬᠦ ᠰᠦᠯᠳᠡ ᠮᠠᠰᠢ ᠣᠯᠠᠨ ᠲᠤᠭ᠎ᠠ ᠪᠠᠷ ᠢᠯᠡᠷᠡᠵᠡᠢ᠂ ᠬᠠᠶᠠ ᠵᠠᠷᠢᠮ ᠨᠢ ᠴᠣᠯᠣ ᠵᠡᠰ ᠢᠶᠠᠷ ᠴᠢᠳᠬᠤᠭᠰᠠᠨ ᠪᠠᠶᠢᠬᠤ ᠳᠤ ᠨᠡᠩ ᠣᠯᠠᠨ ᠨᠢ ᠬᠦᠷᠡᠯ ᠢᠶᠠᠷ ᠴᠢᠳᠬᠤᠭᠰᠠᠨ ᠠᠵᠠᠢ᠃ ᠮᠣᠩᠭᠤᠯ ᠬᠦᠮᠦᠨ ᠳᠤ ᠰᠦᠯᠳᠡ ᠭᠡᠳᠡᠭ ᠡᠳ᠋ ᠎ ᠢ ᠲᠠᠶᠢᠯᠪᠣᠷᠢᠯᠠᠬᠤ ᠴᠢᠬᠤᠯᠠ ᠨᠢᠭᠡᠴᠦ ᠪᠠᠶᠢᠬᠤ ᠦᠭᠡᠢ᠃ ᠠᠳᠡ ᠢᠯᠡᠬᠦᠴᠡ ᠬᠡᠯᠡᠬᠦ ᠠᠴᠠ ᠡᠳᠡᠭᠡᠷ ᠪᠣᠯᠠᠰᠢᠨ ᠠᠴᠠ ᠢᠯᠡᠷᠡᠭᠰᠡᠨ ᠵᠡᠰ ᠢᠶᠠᠷ ᠴᠢᠳᠬᠤᠭᠰᠠᠨ ᠲᠠᠪᠣᠨ ᠰᠢᠳᠣ ᠲᠠᠢ ᠭᠠᠯ ᠤᠨ ᠮᠠᠯᠳᠠᠭᠤᠷ᠂ ᠶᠡᠭᠡ ᠪᠠᠭ᠎ᠠ ᠨᠢ ᠵᠦᠳᠡᠵᠦ ᠵᠢᠷᠭᠤᠭ᠎ᠠ ᠲᠣᠯᠣᠭᠠᠬᠠᠨ cm ᠦᠷᠭᠡᠨ ᠪᠣᠯᠪᠠᠴᠣ᠂ ᠲᠠᠪᠣᠨ ᠰᠢᠳᠣ ᠲᠠᠢ᠂ ᠣᠷᠳᠣ ᠪᠠᠷ ᠭᠤᠴᠢᠭᠠᠳ cm ᠪᠠᠶᠢᠵᠣ᠂ ᠲᠡᠭᠦᠨ ᠲᠠᠢ ᠬᠠᠮᠳᠣ ᠢᠯᠡᠷᠡᠭᠰᠡᠨ ᠦᠨᠡᠰᠦ ᠶᠢ ᠨᠢ ᠭᠤᠭᠤᠵᠢᠭᠤᠯᠵᠣ ᠭᠠᠷᠭᠠᠳᠠᠭ ᠨᠦᠬᠡ ᠨᠦᠭᠦᠳ ᠲᠠᠢ᠂ ᠭᠠᠯ ᠤᠨ ᠴᠤᠭ ᠤᠨ ᠵᠢᠵᠢᠭ ᠬᠤᠰᠣᠭᠤᠷ ᠴᠦ ᠪᠠᠶᠢᠵᠠᠢ᠃ ᠡᠳᠡᠭᠡᠷ ᠡᠳ ᠢ ᠣᠯᠠᠩᠬᠢ ᠶᠢ ᠨᠢ ᠵᠡᠰ ᠢᠶᠠᠷ ᠦᠢᠯᠡᠳᠦᠭᠰᠡᠨ ᠠᠵᠠᠢ᠃ ᠰᠣᠨᠢᠷᠬᠠᠯ ᠲᠠᠢ ᠬᠦᠮᠦᠰ ᠰᠦᠯᠵᠢᠶᠡᠨ ᠠᠴᠠ ᠡᠷᠢᠵᠦ ᠦᠵᠡᠵᠦ ᠪᠣᠯᠣᠨ᠎ᠠ᠃ᠵᠢᠷᠤᠭ ᠨᠢᠭᠡ
ᠵᠢᠷᠤᠭ ᠬᠤᠶᠠᠷ
ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号