| ᠣᠣᠬᠠᠨ · ᠬᠠᠭᠳᠠ ᠮᠣᠩᠭᠤᠯᠴᠢᠯᠠᠨ ᠨᠠᠶᠢᠷᠠᠭᠤᠯᠪᠠ | ᠲᠣᠰ ᠮᠠᠲ᠋ᠧᠷᠢᠶᠠᠯ ᠤᠨ ᠠᠭᠤᠯᠭ᠎ᠠ ᠭᠤᠣᠯᠳᠠᠭᠤ ᠸᠢᠺᠢᠫᠧᠳᠢᠶ᠎ᠠ ᠰᠦᠯᠵᠢᠶᠡᠨ ᠤ ᠴᠢᠯᠦᠭᠡᠳᠦ ᠨᠣᠮ ᠤᠨ ᠰᠠᠩ ᠲᠠᠬᠢ | ᠣᠮᠠᠷᠠᠳᠣ ᠸᠧᠢ ᠣᠯᠣᠰ ᠤᠨ ᠪᠢᠴᠢᠭ ᠪᠠ ᠡᠮᠦᠨᠡᠳᠦ᠂ ᠣᠮᠠᠷᠠᠳᠣ ᠴᠢ ᠣᠯᠣᠰ ᠤᠨ ᠪᠢᠴᠢᠭ ᠵᠡᠷᠭᠡ ᠲᠡᠣᠬᠡᠨ ᠨᠣᠮ | ᠠᠴᠠ ᠡᠰᠢᠯᠡᠵᠡᠢ᠃ ᠲᠣᠰ ᠨᠡᠶᠢᠳᠡᠯᠡᠯ ᠢ ᠬᠤᠶᠠᠷ ᠬᠡᠰᠡᠭ ᠬᠤᠪᠢᠶᠠᠨ᠂ ᠲᠦᠷᠦᠭᠦᠨ ᠤ ᠬᠡᠰᠡᠭ ᠲᠤ ᠷᠸᠣᠷᠠᠨ ᠭᠡᠳᠡᠭ | ᠨᠡᠷᠡᠶᠢᠳᠦᠯ ᠪᠠ ᠷᠸᠣᠷᠠᠨ ᠣᠯᠣᠰ ᠢ ᠲᠣᠪᠴᠢᠯᠠᠨ ᠲᠠᠨᠢᠯᠴᠠᠭᠤᠯᠵᠣ᠂ ᠬᠤᠶᠠᠳᠣᠭᠠᠷ ᠬᠡᠰᠡᠭ ᠲᠤ ᠢᠬᠢᠷᠢᠰ ᠣᠪᠣᠭ | ᠲᠠᠢ ᠷᠸᠣᠷᠠᠨ ᠬᠠᠭᠠᠳ ᠤᠨ ᠦᠶ᠎ᠡ ᠵᠠᠯᠭᠠᠮᠵᠢ ᠪᠣᠯᠣᠨ ᠲᠡᠣᠬᠡᠨ ᠬᠡᠷᠡᠭ ᠢ ᠲᠣᠪᠴᠢᠯᠠᠨ ᠶᠠᠷᠢᠨ᠎ᠠ᠃ | ᠨᠢᠭᠡ᠄ ᠷᠸᠣᠷᠠᠨ ᠬᠠᠭᠠᠨᠳᠣ ᠣᠯᠣᠰ ᠪᠠ ᠷᠸᠣᠷᠠᠨ ᠭᠡᠳᠡᠭ ᠨᠡᠷᠡᠶᠢᠳᠦᠯ ᠤᠨ ᠲᠣᠬᠠᠢ | ᠣᠷᠢᠳᠠᠪᠠᠷ ᠷᠸᠣᠷᠠᠨ ᠬᠠᠭᠠᠨᠳᠣ ᠣᠯᠣᠰ ᠤᠨ ᠲᠣᠬᠠᠢ ᠸᠢᠺᠢᠫᠧᠳᠢᠶ᠎ᠠ ᠰᠦᠯᠵᠢᠶᠡᠨ ᠳᠤ ᠲᠣᠪᠴᠢᠯᠠᠨ | ᠲᠠᠨᠢᠯᠴᠠᠭᠤᠯᠣᠭᠰᠠᠨ ᠠᠭᠤᠯᠭ᠎ᠠ ᠪᠠᠷ ᠡᠬᠢᠯᠡᠯᠳᠡ ᠪᠣᠯᠭᠠᠨ ᠶᠠᠷᠢᠵᠣ᠂ ᠲᠠᠷᠠᠭ᠎ᠠ ᠨᠢ ᠷᠸᠣᠷᠠᠨ ᠭᠡᠳᠡᠭ ᠨᠡᠷ᠎ᠡ ᠦᠭᠡ ᠶᠢ | ᠲᠠᠨᠢᠯᠴᠠᠭᠤᠯᠣᠶ᠎ᠠ᠃ ᠷᠸᠣᠷᠠᠨ ᠣᠯᠣᠰ ᠪᠣᠯ ᠨᠡᠶᠢᠳᠡ ᠶᠢᠨ ᠣᠨ ᠲᠣᠭᠠᠯᠠᠯ ᠤᠨ 330 ᠣᠨ ᠳᠤ ᠷᠸᠣᠷᠠᠨ ᠭᠡᠳᠭ | ᠨᠡᠷᠡᠶᠢᠳᠦᠯ ᠢᠶᠠᠷ ᠬᠠᠭᠠᠨᠳᠣ ᠣᠯᠣᠰ ᠢᠶᠠᠨ ᠪᠠᠶᠢᠭᠤᠯᠵᠣ᠂ 555 ᠣᠨ ᠪᠣᠯᠣᠭᠠᠳ ᠲᠦᠷᠺ ᠲᠤ ᠮᠦᠬᠦᠭᠡᠭᠳᠡᠬᠦ | ᠪᠣᠯᠳᠠᠯ᠎ᠠ᠂ ᠡᠷᠳᠡᠨ ᠤ ᠮᠣᠩᠭᠤᠯ ᠤᠨ ᠦᠨᠳᠦᠷᠯᠢᠭ ᠲᠤ 225 ᠵᠢᠯ ᠣᠷᠣᠰᠢᠵᠣ ᠪᠠᠶᠢᠭᠰᠠᠨ ᠲᠣᠪᠠ ᠰᠢᠶᠠᠨ ᠪᠸᠢ | ᠣᠭᠰᠠᠭᠠᠨ ᠤ ᠨᠢᠭᠡᠨ ᠣᠯᠣᠰ ᠪᠣᠯᠣᠨ᠎ᠠ ᠭᠡᠵᠡᠢ᠃ ᠲᠡᠳᠡᠨᠡᠷ ᠢ ᠰᠣᠶᠣᠯ ᠦᠭᠡ ᠬᠡᠯᠡ ᠶᠢᠨ ᠲᠠᠯ᠎ᠠ ᠪᠠᠷ ᠲᠣᠬᠠᠢ ᠶᠢᠨ | ᠦᠶ᠎ᠡ ᠶᠢᠨ ᠰᠢᠶᠠᠨ ᠪᠸᠢ ᠬᠦᠮᠦᠰ ᠲᠠᠢ ᠪᠠᠨ ᠨᠢᠭᠡᠨ ᠠᠳᠠᠯᠢ ᠪᠠᠶᠢᠵᠣ᠂ ᠮᠦᠨ ᠡᠷᠳᠡᠨ ᠤ ᠮᠣᠩᠭᠤᠯ ᠬᠡᠯᠡᠨ ᠤ ᠶᠠᠮᠠᠷ | ᠨᠢᠭᠡᠨ ᠨᠣᠳᠤᠭ ᠤᠨ ᠠᠶᠠᠯᠭᠤ ᠪᠠᠷ ᠶᠠᠷᠢᠯᠴᠠᠳᠠᠭ ᠣᠭᠰᠠᠭᠠᠳᠠᠨ ᠪᠠᠶᠢᠵᠠᠢ ᠭᠡᠵᠦ ᠦᠵᠡᠪᠡ᠃ ᠵᠣᠬᠢᠶᠠᠭᠴᠢ ᠶᠢᠨ ᠨᠡᠮᠡᠨ | ᠦᠭᠦᠯᠡᠬᠦ ᠪᠠᠷ ᠲᠣᠰ ᠣᠯᠣᠰ ᠤᠨ ᠲᠡᠣᠬᠡᠨ ᠳᠤ᠂ ᠲᠣᠪᠠ ᠰᠢᠶᠠᠨᠪᠸᠢ ᠬᠦᠮᠦᠰ ᠤᠨ ᠪᠠᠶᠢᠭᠤᠯᠣᠭᠰᠠᠨ ᠣᠮᠠᠷᠠᠳᠣ ᠸᠧᠢ | ᠣᠯᠣᠰ ᠤᠨ ᠲᠡᠣᠬᠡ ᠲᠠᠢ ᠨᠢᠭᠡᠨ ᠠᠳᠠᠯᠢ ᠪᠠᠷ ᠲᠣᠩ ᠣᠯᠠᠨ ᠡᠷᠳᠡᠨ ᠤ ᠣᠵᠣᠭᠤᠷ ᠮᠣᠩᠭᠤᠯ ᠬᠡᠯᠡᠨ ᠦᠭᠡᠰ | ᠬᠠᠳᠠᠭᠠᠯᠠᠭᠳᠠᠵᠣ ᠪᠠᠶᠢᠭ᠎ᠠ ᠶᠣᠮ᠃ ᠵᠢᠱᠢᠶᠡᠯᠡᠪᠡᠯ ᠠᠶᠢᠮᠠᠭ ᠣᠭᠰᠠᠭ᠎ᠠ ᠪᠠ ᠬᠦᠮᠦᠨ ᠠᠷᠠᠳ ᠤᠨ ᠣᠪᠣᠭ ᠨᠡᠷ᠎ᠡ ᠶᠢᠨ | ᠨᠡᠷᠡᠶᠢᠳᠦᠯ᠂ ᠭᠠᠵᠠᠷ ᠣᠰᠣᠨ ᠤ ᠨᠡᠷᠡᠰ᠂ ᠴᠡᠷᠢᠭ ᠲᠠᠶᠢᠨ ᠤ ᠲᠣᠰᠬᠠᠢ ᠦᠭᠡ ᠵᠡᠷᠭᠡ ᠲᠣᠩ ᠣᠯᠠᠨ ᠨᠡᠷᠡᠰ ᠦᠭᠡ | ᠪᠠᠶᠢᠨ᠎ᠠ᠃ ᠭᠡᠪᠡᠴᠦ ᠵᠠᠷᠢᠮ ᠲᠠᠯ᠎ᠠ ᠪᠠᠷ ᠨᠣᠳᠤᠭ ᠤᠨ ᠠᠪᠢᠶᠠᠨ ᠤ ᠵᠦᠷᠢᠶ᠎ᠡ ᠢᠯᠡᠷᠬᠡᠢ ᠪᠠᠶᠢᠭ᠎ᠠ ᠨᠢ ᠴᠦ ᠰᠣᠨᠢᠨ | ᠬᠡᠷᠡᠭ ᠪᠢᠰᠢ ᠶᠣᠮ᠃ ᠵᠢᠱᠢᠶᠡᠯᠡᠪᠡᠯ ᠮᠣᠩᠭᠤᠯᠴᠣᠳ ᠤᠨ ᠲᠡᠣᠬᠡᠨ ᠳᠤ ᠵᠠᠭᠤᠳᠣ ᠭᠡᠳᠡᠭ ᠴᠡᠷᠢᠭ ᠲᠠᠶᠢᠨ ᠤ ᠨᠢᠭᠡᠴᠢ | ᠦᠭᠡ ᠶᠢ ᠾᠦᠩᠨᠦ ᠬᠦᠮᠦᠰ 沮渠 ᠵᠦᠸ᠋ ᠭᠣ᠋ ︵ᠵᠠᠭᠤ︶ ᠭᠡᠬᠦ ᠪᠣᠶᠣ 斫句迦 ︵ᠵᠦᠸ᠋ ᠭᠦ᠋ ᠭᠠ᠂ | ᠵᠠᠭᠤᠭᠠᠳ︶ ᠭᠡᠵᠦ ᠪᠠᠶᠢᠬᠤ ᠳᠤ ᠰᠢᠶᠠᠨᠪᠸᠢᠴᠣᠳ ᠪᠣᠯᠣᠨ ᠷᠸᠣᠷᠠᠨᠴᠣᠳ ᠪᠣᠯ ᠰᠢᠭᠤᠳ ᠵᠠᠭᠤᠨ ︵ᠵᠣᠩ᠂ 偅︶ | ᠬᠡᠬᠦ ᠪᠣᠶᠣ ᠵᠣᠩ ᠵᠢᠶᠠᠩ ︵偅将︶ ᠭᠡᠵᠦ᠂ ᠵᠠᠭᠤᠨ ᠤ ᠲᠠᠷᠤᠭ᠎ᠠ ᠪᠣᠶᠣ ᠵᠠᠭᠤᠨ ᠤ ᠵᠠᠩᠵᠣᠨ ᠭᠡᠬᠦ ᠣᠳᠬ᠎ᠠ | ᠲᠠᠢ ᠰᠢᠶᠠᠨᠪᠸᠢ ᠬᠢᠳᠠᠳ ᠬᠤᠯᠢᠮᠠᠭ ᠦᠭᠡ ᠴᠦ ᠪᠠᠶᠢᠭ᠎ᠠ ᠶᠣᠮ᠂ ᠭᠡᠳᠡᠯ᠎ᠡ ᠬᠤᠵᠢᠮ ᠤᠨ ᠮᠣᠩᠭᠤᠯᠴᠣᠣᠳ ᠪᠣᠯ ᠮᠠᠰᠢ | ᠨᠢᠭᠡᠳᠦᠯ ᠲᠠᠢ ᠪᠠᠷ ᠵᠠᠭᠤᠳᠣ᠂ ᠮᠢᠩᠭᠠᠳᠣ᠂ ᠲᠦᠮᠡᠳᠦ ᠭᠡᠵᠦ ᠲᠣᠰᠬᠠᠢ ᠨᠡᠷᠡᠰ ᠦᠭᠡ ᠪᠣᠯᠭᠠᠨ ᠬᠦᠭᠵᠢᠭᠦᠯᠦᠨ | ᠬᠡᠷᠡᠭᠯᠡᠵᠦ ᠪᠠᠶᠢᠵᠠᠢ᠃ | ᠷᠸᠣᠷᠠᠨ ᠭᠡᠳᠡᠭ ᠨᠡᠷᠡᠶᠢᠳᠦᠯ ᠤᠨ ᠲᠣᠬᠠᠢ | ᠷᠸᠣᠷᠠᠨ ᠭᠡᠪᠡᠯ ᠡᠷᠳᠡᠨ ᠤ ᠣᠯᠣᠰ ᠤᠨ ᠨᠡᠷ᠎ᠡ᠂ ᠮᠦᠨ ᠣᠭᠰᠠᠭᠠᠳᠠᠨ ᠤ ᠨᠡᠷ᠎ᠡ ᠪᠠᠶᠢᠵᠠᠢ᠃ ᠵᠦᠪᠬᠡᠨ ᠬᠢᠳᠠᠳ | ᠰᠣᠷᠪᠣᠯᠵᠢ ᠶᠢ ᠦᠨᠳᠦᠰᠦᠯᠡᠭᠰᠡᠨ ᠴᠦ ᠡᠨᠡᠬᠦ ᠨᠡᠷᠡᠶᠢᠳᠦᠯ ᠲᠣᠩ ᠣᠯᠠᠨ ᠵᠦᠢᠯ ᠢᠶᠠᠷ ᠲᠡᠮᠳᠡᠭᠯᠡᠨ ᠪᠢᠴᠢᠭᠳᠡᠭᠰᠡᠨ | ᠪᠠᠶᠢᠳᠠᠭ᠃ ᠭᠡᠶ᠎ᠡ ᠬᠠᠮᠤᠭ ᠠᠩᠬ᠎ᠠ ᠣᠮᠠᠷᠠᠳᠣ ᠸᠧᠢ ᠣᠯᠣᠰ ᠤᠨ ᠲᠡᠣᠬᠡᠨ ᠳᠤ ᠲᠡᠮᠳᠡᠭᠯᠡᠭᠰᠡᠨ ᠨᠡᠷ᠎ᠡ ᠨᠢ ᠷᠦ᠋ ᠷᠦ᠋ 蠕 | 蠕 ᠭᠡᠵᠡᠢ᠃ ᠡᠨᠡ ᠷᠦ᠋ ᠷᠦ᠋ ᠨᠡᠷ᠎ᠡ ᠪᠣᠯ ᠬᠠᠮᠤᠭ ᠠᠩᠬ᠎ᠠ ᠣᠮᠠᠷᠠᠳᠣ ᠸᠧᠢ ᠣᠯᠣᠰ ᠤᠨ ᠱᠢᠽᠣ ᠬᠠᠭᠠᠨ ᠭᠡᠬᠦ ᠪᠣᠶᠣ | ᠪᠠᠰᠠ ᠲᠠᠢ ᠡᠣ ᠳ᠋ᠢ ᠬᠠᠭᠠᠨ ᠴᠣᠯᠠ ᠲᠠᠢ ᠲᠣᠪᠠ ᠲᠣᠣ ︵ᠲᠣᠪᠠ ᠲᠣᠣ 408 — 452 ᠣᠨ ᠪᠣᠯᠳᠠᠯ᠎ᠠ ᠣᠷᠳᠣ | ᠬᠤᠭᠤᠴᠠᠭ᠎ᠠ ᠪᠠᠷ ᠣᠮᠠᠷᠠᠳᠣ ᠸᠧᠢ ᠣᠯᠣᠰ ᠤᠨ ᠬᠠᠭᠠᠨ ᠰᠠᠭᠤᠷᠢᠨ ᠳᠤ ᠪᠠᠶᠢᠵᠠᠢ︶ ᠠᠴᠠ ᠷᠸᠣᠷᠠᠨᠴᠣᠳ ᠢ ᠮᠡᠳᠡᠯ | ᠣᠬᠠᠭᠠᠨ ᠦᠭᠡᠢ ᠬᠤᠷᠣᠬᠠᠢ ᠰᠢᠪᠠᠵᠢ ᠮᠡᠳᠦ ᠬᠡᠮᠡᠨ ᠲᠣᠷᠣᠮᠵᠢᠯᠠᠨ᠂ ᠬᠤᠷᠣᠬᠠᠢ ᠰᠢᠪᠠᠵᠢ ᠶᠢᠨ ᠠᠳᠣᠪᠠᠯᠵᠠᠨ | ᠭᠦᠷᠪᠡᠯᠵᠡᠬᠦ ᠬᠦᠳᠡᠯᠭᠡᠭᠡᠨ ᠢ ᠢᠯᠡᠳᠭᠡᠳᠡᠭ 蠕蠕 ᠭᠡᠳᠡᠭ ᠬᠢᠳᠠᠳ ᠦᠰᠦᠭ ᠢᠶᠠᠷ ᠨᠡᠷᠡᠶᠢᠳᠦᠪᠡ ᠭᠡᠵᠡᠢ᠃ ᠡᠭᠦᠨ | ᠠᠴᠠ ᠦᠵᠡᠬᠦᠯ᠎ᠡ 蠕蠕 ᠪᠣᠯ ᠷᠸᠣᠷᠠᠨ ᠬᠦᠮᠦᠰ ᠤᠨ ᠦᠪᠡᠷ ᠤᠨ ᠣᠭᠰᠠᠭᠠᠨ ᠤ ᠨᠡᠷᠡᠶᠢᠳᠦᠯ ᠪᠢᠰᠢ ᠭᠡᠳᠡᠭ ᠨᠢ | ᠢᠯᠡᠷᠬᠡᠢ᠂ ᠭᠡᠪᠡᠴᠦ ᠨᠦᠬᠦᠭᠡ ᠲᠠᠯ᠎ᠠ ᠪᠠᠷ ᠡᠨᠡᠬᠦ 蠕蠕 ᠭᠡᠳᠡᠭ ᠨᠡᠷ᠎ᠡ ᠦᠭᠡ ᠪᠠᠰᠠ ᠨᠢᠭᠡ ᠬᠡᠮᠵᠢᠶᠡᠨ ᠳᠤ | ᠷᠸᠣᠷᠠᠨ ᠨᠡᠷ᠎ᠡ ᠶᠢᠨ ᠢᠷᠡᠯᠳᠡ ᠶᠢᠨ ᠲᠣᠬᠠᠢ ᠶᠠᠮᠠᠷ ᠨᠢᠭᠡᠨ ᠰᠦᠪᠡᠭᠴᠢ ᠶᠢ ᠠᠬᠤᠭᠤᠯᠵᠣ ᠪᠠᠶᠢᠭ᠎ᠠ ᠪᠣᠯᠣᠯᠳᠠᠢ᠂ | ᠣᠴᠢᠷ ᠨᠢ ᠦᠷᠦᠨᠡᠳᠠᠬᠢᠨ ᠤ ᠬᠦᠮᠦᠰ ᠪᠣᠯ ᠷᠸᠣᠷᠠᠨᠴᠣᠳ ᠢ ᠠᠸᠠᠷ ︵Avares᠂ ᠠᠪᠠᠷ︶ ᠭᠡᠳᠡᠭ ᠶᠣᠮ᠃ | ᠵᠣᠬᠢᠶᠠᠭᠴᠢ ᠶᠢᠨ ᠦᠵᠡᠬᠦ ᠪᠠᠷ ᠠᠸᠠᠷ ᠪᠣᠶᠣ ᠠᠪᠠᠷ ᠨᠢ ᠠᠪᠠᠭᠠᠨᠠᠨ ᠠᠳᠣᠪᠠᠯᠵᠠᠬᠤ ᠭᠡᠳᠡᠭ ᠮᠣᠩᠭᠤᠯ ᠦᠭᠡ ᠲᠠᠢ | ᠠᠪᠢᠶ᠎ᠠ ᠣᠶᠢᠷᠠᠯᠴᠠᠭ᠎ᠠ ᠮᠦᠷᠳᠡᠭᠡᠨ ᠣᠨᠴᠠᠭᠠᠶᠢᠯᠠᠨ ᠬᠤᠷᠣᠬᠠᠢ ᠰᠢᠪᠠᠵᠢ ᠶᠢᠨ ᠬᠦᠳᠡᠯᠭᠡᠭᠡᠨ ᠢ ᠵᠢᠭᠠᠳᠠᠭ ᠦᠢᠯᠡ | ᠦᠭᠡ ᠲᠠᠢ ᠠᠪᠢᠶ᠎ᠠ ᠣᠶᠢᠷᠬᠠᠨ ᠪᠣᠯᠬᠤᠷ᠂ ᠲᠣᠪᠠ ᠲᠣᠣ ᠢᠩᠬᠢᠵᠦ ᠲᠣᠷᠣᠮᠵᠢᠯᠠᠨ ᠨᠡᠷᠡᠶᠢᠳᠦᠭᠰᠡᠨ ᠪᠣᠯᠣᠯᠴᠠᠭ᠎ᠠ ᠴᠦ | ᠪᠠᠶᠢᠭ᠎ᠠ ᠶᠣᠮ᠃ ᠲᠣᠬᠠᠢ ᠶᠢᠨ ᠦᠶ᠎ᠡ ᠶᠢᠨ ᠣᠮᠠᠷᠠᠳᠣ ᠸᠧᠢ ᠣᠯᠣᠰ ᠤᠨ ᠬᠠᠭᠠᠨ ᠲᠣᠪᠠ ᠲᠣᠣ ᠬᠡᠳᠦᠶᠢᠪᠡᠷ | ᠬᠢᠳᠠᠳᠵᠢᠵᠣ ᠡᠬᠢᠯᠡᠭᠰᠡᠨ ᠰᠢᠶᠠᠨ ᠪᠸᠢ ᠬᠦᠮᠦᠨ ᠪᠠᠶᠢᠭᠰᠠᠨ ᠪᠣᠯᠪᠠᠴᠣ᠂ ᠬᠠᠷᠬᠠᠨ ᠪᠦᠷᠢᠮᠦᠰᠦᠨ ᠬᠢᠳᠠᠳᠵᠢᠭᠠᠳᠣᠢ | ᠪᠣᠯᠬᠤᠷ᠂ ᠦᠪᠡᠷ ᠤᠨ ᠰᠢᠶᠠᠨ ᠪᠸᠢ ᠦᠭᠡ ᠬᠡᠯᠡ ᠪᠠᠨ ᠮᠠᠷᠳᠠᠭ᠎ᠠ ᠦᠭᠡᠢ ᠮᠦᠷᠳᠡᠭᠡᠨ ᠮᠦᠨ ᠷᠸᠣᠷᠠᠨᠴᠣᠳ ᠲᠠᠢ | ᠠᠳᠠᠯᠢᠬᠠᠨ ᠢᠶᠠᠷ ᠡᠷᠳᠡᠨ ᠤ ᠮᠣᠩᠭᠤᠯ ᠬᠡᠯᠡᠨ ᠤ ᠶᠠᠮᠠᠷ ᠨᠢᠭᠡᠨ ᠨᠣᠳᠤᠭ ᠤᠨ ᠠᠪᠢᠶ᠎ᠠ ᠪᠠᠷ ᠶᠠᠷᠢᠯᠴᠠᠳᠠᠭ ᠬᠦᠮᠦᠰ ᠲᠤ | ᠪᠠᠭᠳᠠᠳᠠᠭ ᠪᠠᠶᠢᠭᠰᠠᠨ ᠲᠣᠯᠠ᠂ ᠲᠡᠷᠡ ᠷᠸᠣᠷᠠᠨᠴᠣᠳ ᠢ ᠲᠣᠷᠣᠮᠵᠢᠯᠠᠨ ᠠᠳᠣᠭᠠᠨᠠᠨ ᠠᠪᠠᠭᠠᠨᠠᠬᠤ ᠭᠡᠳᠡᠭ ᠦᠭᠡ ᠲᠠᠢ | ᠠᠪᠢᠶ᠎ᠠ ᠣᠶᠢᠷᠬᠠᠨ ᠦᠭᠡ ᠷᠦ᠋ ᠷᠦ᠋ ᠭᠡᠵᠦ ᠨᠡᠷᠡᠶᠢᠳᠦᠭᠰᠡᠨ ᠪᠣᠯᠣᠯᠴᠠᠭ᠎ᠠ ᠶᠡᠭᠡ ᠪᠠᠶᠢᠭ᠎ᠠ ᠶᠣᠮ᠃ ᠨᠦᠭᠦᠭᠡ ᠲᠠᠯ᠎ᠠ ᠪᠠᠷ | ᠲᠣᠪᠠ ᠲᠣᠣ ᠶᠢᠨ ᠡᠨᠡᠬᠦ ᠷᠦ᠋ ᠷᠦ᠋ ᠭᠡᠳᠡᠭ ᠨᠡᠷᠡᠶᠢᠳᠦᠯ ᠤᠨ ᠡᠭᠦᠰᠦᠯᠳᠡ ᠪᠣᠯ ᠪᠠᠰᠠ ᠨᠢᠭᠡᠨ ᠵᠢᠵᠢᠭ ᠦᠯᠢᠭᠡᠷ ᠲᠠᠢ | ᠪᠠᠶᠢᠵᠠᠢ᠃ ᠣᠮᠠᠷᠠᠳᠣ ᠸᠧᠢ ᠣᠯᠣᠰ ᠤᠨ ᠲᠠᠶᠢᠽᠤ ᠬᠠᠭᠠᠨ ᠭᠡᠬᠦ ᠪᠣᠶᠣ ᠪᠠᠰᠠ ᠲᠠᠢ ᠡᠣ ᠳ᠋ᠢ ᠬᠠᠭᠠᠨ ᠭᠡᠳᠡᠭ ᠴᠣᠯᠠ | ᠲᠠᠢ ᠲᠣᠪᠠ ᠲᠣᠣ ᠬᠠᠭᠠᠨ ᠰᠠᠭᠤᠵᠣ᠂ ᠲᠦᠷᠦ ᠣᠯᠣᠰ ᠢᠶᠠᠨ ᠨᠡᠯᠢᠶᠡᠳ ᠵᠠᠰᠠᠨ ᠲᠦᠪᠰᠢᠷᠡᠭᠦᠯᠦᠭᠰᠡᠨ ᠤ ᠰᠡᠭᠦᠯᠡᠷ | ᠣᠯᠠᠨ ᠲᠠᠬᠢᠨ ᠷᠸᠣᠷᠠᠨᠴᠣᠳ ᠢ ᠲᠠᠶᠢᠯᠠᠵᠣ ᠪᠠᠶᠢᠵᠠᠢ᠃ ᠰᠢᠯᠳᠠᠭᠠᠨ ᠨᠢ ᠲᠣᠬᠠᠢ ᠶᠢᠨ ᠦᠶ᠎ᠡ ᠳᠤ ᠡᠮᠦᠨᠡᠳᠦ ᠣᠷᠣᠨ | ᠤ ᠬᠢᠳᠠᠳᠴᠣᠳ ᠴᠦ ᠣᠯᠠᠨ ᠣᠯᠣᠰ ᠲᠤ ᠬᠤᠪᠢᠶᠠᠭᠳᠠᠨ ᠪᠣᠳᠠᠷᠠᠵᠣ᠂ ᠣᠮᠠᠷᠠᠳᠣ ᠸᠧᠢ ᠣᠯᠣᠰ ᠲᠤ ᠣᠨᠴᠠ ᠶᠡᠭᠡ | ᠲᠦᠭᠰᠢᠭᠦᠷᠢ ᠪᠣᠯᠬᠤ ᠠᠶᠣᠯ ᠦᠭᠡᠢ ᠪᠣᠯᠵᠠᠢ᠃ ᠭᠡᠪᠡᠴᠦ ᠷᠸᠣᠷᠠᠨᠴᠣᠣᠳ ᠪᠣᠯ ᠬᠢᠳᠠᠳᠴᠣᠳ ᠲᠠᠢ ᠠᠳᠠᠯᠢ ᠦᠭᠡᠢ᠂ | ᠲᠡᠳᠡᠨᠡᠷ ᠲᠣᠪᠠ ᠰᠢᠶᠠᠨᠪᠸᠢ ᠲᠠᠢ ᠨᠢᠭᠡᠨ ᠠᠳᠠᠯᠢ ᠪᠠᠷ ᠰᠢᠨ᠎ᠡ ᠪᠠᠷ ᠮᠠᠨᠳᠣᠨ ᠬᠦᠭᠵᠢᠵᠦ ᠪᠠᠶᠢᠭ᠎ᠠ ᠣᠯᠣᠰ ᠲᠦᠷᠦ | ᠶᠢᠨ ᠬᠦᠴᠦᠨ ᠪᠣᠯᠬᠤᠷ ᠬᠢᠴᠢᠶᠡᠬᠦ ᠦᠭᠡᠢ ᠪᠣᠯ ᠣᠮᠠᠷᠠᠳᠣ ᠸᠧᠢ ᠣᠯᠣᠰ ᠲᠤ ᠮᠦᠬᠦᠯ ᠤᠨ ᠰᠦᠷᠳᠡᠭᠦᠯᠦᠯ ᠪᠣᠯᠵᠣ | ᠮᠡᠳᠡᠨ᠎ᠡ ᠭᠡᠳᠡᠭ ᠢ ᠲᠣᠪᠠ ᠲᠣᠣ ᠠᠨᠳᠣᠬᠤ ᠶᠣᠰᠣ ᠦᠭᠡᠢ᠃ ᠶᠠᠭ ᠡᠶᠢᠮᠦ ᠠᠴᠠ ᠲᠡᠷᠡ ᠲᠠᠬᠢᠨ ᠲᠠᠪᠳᠠᠨ | ᠷᠸᠣᠷᠠᠨᠴᠣᠳ ᠢ ᠲᠣᠪᠳᠣᠯᠵᠣ᠂ ᠲᠡᠳᠡᠨᠡᠷ ᠤᠨ ᠬᠦᠭᠵᠢᠯ ᠤᠨ ᠬᠦᠴᠦᠨ ᠢ ᠵᠣᠬᠢᠬᠤ ᠬᠡᠮᠵᠢᠶᠡᠨ ᠲᠣᠲᠣᠷ᠎ᠠ ᠬᠢᠵᠠᠭᠠᠷᠯᠠᠨ | ᠴᠢᠳᠠᠵᠣ ᠪᠠᠶᠢᠪᠠ᠃ ᠡᠶᠢᠮᠦ ᠠᠴᠠ ᠲᠣᠪᠠ ᠲᠣᠣ ᠦᠪᠡᠷ ᠤᠨ ᠦᠢᠯᠡᠰ ᠲᠡᠭᠡᠨ ᠰᠡᠳᠬᠢᠯ ᠨᠡᠯᠢᠶᠡᠳ ᠬᠠᠨᠣᠮᠵᠢᠳᠡᠢ | ᠪᠣᠯᠵᠣ᠂ ᠨᠡᠩ ᠣᠨᠴᠠᠭᠠᠶᠢᠯᠠᠨ ᠦᠪᠡᠷ ᠤᠨ ᠪᠡᠶ᠎ᠡ ᠪᠠᠨ ᠶᠡᠷᠦ ᠪᠣᠰᠣ ᠶᠢᠨ ᠬᠦᠮᠦᠨ᠂ ᠴᠢᠨᠠᠭᠰᠢᠯᠠᠪᠠᠯ ᠪᠣᠭᠳᠠ ᠮᠡᠷᠭᠡᠳ | ᠢᠶᠠᠷ ᠦᠵᠡᠬᠦ ᠨᠢ ᠠᠮᠵᠢᠯᠳᠠ ᠣᠯᠣᠭᠰᠠᠨ ᠬᠦᠮᠦᠰ ᠤᠨ ᠡᠩ ᠤᠨ ᠬᠡᠷᠡᠭ ᠶᠣᠮ᠃ ᠨᠢᠭᠡᠨ ᠣᠳᠭ᠎ᠠ ᠲᠡᠷᠡ ᠦᠪᠡᠷ | ᠤᠨ ᠲᠦᠷᠦ ᠶᠢᠨ ᠱᠠᠩᠱᠤ ᠲᠦᠰᠢᠮᠡᠯ ᠼᠦᠢ ᠰᠢᠥᠸᠠᠨ ᠪᠧ ︵ᠬᠢᠳᠠᠳ ᠬᠦᠮᠦᠨ︶ ᠲᠠᠢ ᠰᠣᠯᠠ ᠵᠣᠭᠤᠭ ᠲᠡᠯᠭᠡᠬᠦ | ᠵᠠᠭᠤᠷ᠎ᠠ ᠦᠭᠦᠯᠡᠭᠰᠡᠨ ᠨᠢ᠄ ︽ᠷᠦ᠋ ᠷᠦ᠋ ᠶᠢᠨ ᠬᠦᠮᠦᠰ ᠡᠷᠳᠡᠨ ᠠᠴᠠ ᠠᠪᠣᠭᠠᠳ ᠮᠣᠩᠬᠠᠭ ᠵᠠᠯᠢᠬᠠᠢ ︵頑嚚︶ | ᠬᠤᠣᠰᠯᠠᠭᠰᠠᠨ ᠠᠯᠳᠠᠷ ᠴᠣᠣ ᠲᠠᠢ ᠬᠦᠮᠦᠰ ᠶᠣᠮ ᠭᠡᠵᠡᠢ᠃ ᠲᠡᠷᠡ ᠠᠳᠡ 頑嚚 ᠬᠤᠶᠠᠷ ᠦᠰᠦᠭ ᠢ | ᠬᠡᠷᠡᠭᠯᠡᠭᠰᠡᠨ ᠨᠢ ᠦᠪᠡᠷ ᠤᠨ ᠲᠠᠯᠳᠠ ᠪᠣᠳᠣᠯ ᠢᠶᠠᠨ ᠢᠯᠡᠳᠭᠡᠬᠦ ᠶᠢᠨ ᠲᠦᠯᠦᠭᠡ ᠶᠣᠮ᠃ ᠡᠨᠡ ᠦᠭᠡ ᠦᠨᠡᠨᠳᠡᠭᠡᠨ | ᠲᠣᠩ ᠶᠡᠭᠡ ᠵᠦᠷᠢᠴᠡᠯ ᠲᠠᠢ ᠦᠭᠡ ᠶᠣᠮ᠂ 頑嚚 ᠭᠡᠪᠡᠯ ᠮᠣᠩᠬᠠᠭ ᠮᠦᠷᠳᠡᠭᠡᠨ ᠵᠠᠯᠢᠷᠬᠠᠭ ᠭᠡᠳᠡᠭ ᠣᠳᠬ᠎ᠠ | ᠲᠠᠢ᠂ ᠮᠣᠩᠬᠠᠭ ᠭᠡᠪᠡᠯ ᠦᠵᠡᠯ ᠪᠣᠳᠣᠯ ᠬᠠᠷᠠᠩᠭᠤᠢ ᠪᠦᠳᠦᠭᠦᠯᠢᠭ ᠢ ᠵᠢᠭᠠᠵᠣ᠂ ᠵᠠᠯᠢᠬᠠᠢ ᠭᠡᠪᠡᠯ ᠴᠢᠮ᠎ᠡ ᠠᠴᠠ | ᠲᠣᠣᠷᠳᠠᠬᠤ ᠦᠭᠡᠢ ᠣᠯᠠᠨ ᠠᠷᠪᠢᠨ ᠣᠬᠠᠭᠠᠨ ᠪᠣᠳᠣᠯᠭ᠎ᠠ ᠲᠠᠢ ᠮᠦᠷᠳᠡᠭᠡᠨ ᠬᠡᠯᠳᠦᠰᠬᠢᠪᠡᠯ ᠴᠢᠮ᠎ᠠ ᠶᠢ ᠲᠠᠪᠠᠭ᠋ᠣ | ᠠᠷᠭ᠎ᠠ ᠪᠣᠳᠣᠯᠭ᠎ᠠ ᠲᠠᠢ ᠬᠦᠮᠦᠰ ᠢ ᠵᠢᠭᠠᠳᠠᠭ ᠦᠭᠡ ᠪᠣᠯᠣᠨ᠎ᠠ᠃ ᠡᠶᠢᠮᠦ ᠠᠴᠠ ᠡᠨᠡᠬᠦ ᠦᠭᠡ ᠶᠢ ᠬᠡᠷᠡᠭᠯᠡᠭᠰᠡᠨ | ᠰᠢᠯᠳᠠᠭᠠᠨ ᠭᠡᠪᠡᠯ ᠵᠦᠪᠬᠡᠨ ᠲᠠᠶᠢᠰᠣᠨ ᠢᠶᠠᠨ ᠲᠣᠷᠣᠮᠵᠢᠯᠠᠬᠤ ᠪᠠ ᠦᠪᠡᠷ ᠢ ᠪᠠᠨ ᠮᠠᠭᠳᠠᠬᠤ ᠣᠳᠬ᠎ᠠ ᠪᠠᠷ ᠬᠡᠷᠡᠭᠯᠡᠵᠡᠢ | ᠃ ᠲᠡᠷᠡ ᠵᠠᠯᠭᠠᠨ ᠦᠬᠦᠯᠡᠭᠰᠡᠨ ᠨᠢ᠄ ᠲᠡᠳᠡ ᠦᠷᠬᠦᠯᠵᠢ ᠮᠠᠨ ᠤ ᠠᠷᠠᠳ ᠢᠷᠭᠡᠳ ᠢ ᠪᠣᠯᠢᠶᠠᠨ ᠲᠡᠭᠡᠷᠡᠮᠳᠡᠬᠦ ᠪᠦᠭᠡᠳ | ᠪᠣᠴᠠᠬᠤ ᠳᠠᠭᠠᠨ ᠣᠯᠵᠠᠯᠠᠭᠰᠠᠨ ᠡᠳ᠋ ᠲᠠᠸᠠᠷ ᠢᠶᠠᠨ ᠲᠡᠷᠭᠡᠨ ᠳᠤ ᠲᠡᠭᠡᠭᠡᠵᠦ᠂ ᠦᠨᠢᠶ᠎ᠡ ᠪᠠᠨ ᠬᠦᠯᠦᠭᠡᠳ᠂ ᠦᠬᠡᠷ | ᠢᠶᠠᠨ ᠲᠣᠭᠤᠵᠣ ᠲᠣᠳᠠᠭᠠᠨ ᠶᠠᠪᠣᠳᠠᠭ ᠪᠠᠶᠢᠯᠤᠭ᠎ᠠ᠃ ᠦᠨᠢᠶ᠎ᠡ ᠨᠢ ᠲᠠᠮᠢᠷ ᠲᠣᠷᠣᠢ ᠪᠣᠯᠬᠤᠷ ᠣᠯᠠᠩᠬᠢ ᠲᠠᠭᠠᠨ | ᠬᠤᠶᠢᠨ᠎ᠠ ᠠᠴᠠ ᠨᠢ ᠨᠡᠬᠡᠵᠦ ᠢᠷᠡᠭᠰᠡᠨ ᠲᠠᠶᠢᠰᠣᠨ ᠡᠳᠡᠭᠡᠳ ᠲᠡᠭᠡᠨ ᠨᠡᠬᠡᠭᠡᠭᠳᠡᠨ ᠭᠦᠢᠴᠡᠳᠡᠳᠡᠭ ᠪᠠᠶᠢᠯ᠎ᠠ᠃ ᠲᠡᠭᠡᠬᠦ | ᠳᠤ ᠵᠠᠷᠢᠮ ᠠᠶᠢᠮᠠᠭ ᠤᠨ ᠬᠦᠮᠦᠰ ᠲᠡᠳᠡᠨᠡᠷ ᠲᠤ ᠠᠷᠭ᠎ᠠ ᠣᠬᠠᠭᠠᠨ ᠭᠠᠷᠭᠠᠵᠣ ᠦᠭᠭᠦᠨ᠂ ᠦᠬᠡᠷ ᠢᠶᠠᠨ ᠲᠡᠷᠭᠡᠨ ᠳᠤ | ᠬᠦᠯᠦᠪᠡᠯ᠂ ᠦᠨᠢᠶᠡᠨ ᠠᠴᠠ ᠲᠠᠮᠢᠷ ᠲᠠᠢ ᠪᠣᠯᠬᠤᠷ ᠨᠡᠩ ᠲᠦᠷᠭᠡᠨ ᠨᠡᠩ ᠬᠤᠯᠠ ᠠᠶᠠᠯᠠᠵᠣ ᠴᠢᠳᠠᠨ᠎ᠠ ᠭᠡᠰᠡᠨ ᠳᠤ᠂ | ᠲᠡᠳᠡᠨᠡᠷ ᠲᠡᠭᠦᠨ ᠤ ᠡᠰᠡᠷᠭᠦ ᠠᠴᠠ ᠪᠢᠳᠡᠬᠡᠢ ᠬᠤᠳᠠᠯ ᠶᠠᠷᠢ᠂ ᠡᠬᠡ ᠨᠢ ᠲᠡᠶᠢᠯᠦᠬᠦ ᠦᠭᠡᠢ ᠶᠠᠭᠤᠮ᠎ᠠ ᠶᠢ ᠦᠷ᠎ᠡ ᠨᠢ | ᠨᠡᠩ ᠶᠠᠭᠠᠬᠢᠵᠣ ᠲᠡᠶᠢᠯᠦᠬᠦ ᠪᠣᠢ ᠭᠡᠵᠦ ᠲᠠᠭ ᠰᠣᠨᠣᠰᠬᠤ ᠦᠭᠡᠢ ᠪᠠᠶᠢᠯ᠎ᠠ ᠭᠡᠳᠡᠭ ᠶᠣᠮ᠃ ᠭᠡᠳᠡᠯ᠎ᠡ ᠡᠳᠦᠬᠡ ᠲᠣᠯᠣᠨ | ᠤ ᠦᠶ᠎ᠡ ᠪᠣᠯᠵᠣ ᠢᠷᠡᠭᠡᠳ᠂ ᠲᠡᠳᠡ ᠬᠠᠷᠢᠨ ᠲᠠᠶᠢᠨ ᠪᠠᠶᠢᠯᠳᠣᠭᠠᠨ ᠳᠤ ᠪᠣᠯᠪᠠᠰᠣᠷᠠᠨ᠂ ᠨᠢᠭᠡᠨᠳᠡ ᠮᠠᠨ ᠤ ᠬᠢᠵᠠᠭᠠᠷ | ᠤᠨ ᠵᠣᠪᠠᠯᠠᠩ ᠪᠣᠯᠵᠠᠢ᠃ ᠡᠷᠳᠡᠨ ᠤ ᠪᠣᠮᠪᠤ ᠶᠢᠨ ᠮᠡᠷᠭᠡᠳ ᠤᠨ ᠦᠬᠦᠯᠡᠭᠰᠡᠨ ᠢᠶᠠᠷ ︽ᠪᠣᠭᠳᠠᠰ ᠬᠦᠮᠦᠰ ᠮᠡᠨᠳᠦᠯᠡᠬᠦ | ᠳᠤ ᠵᠠᠪᠠᠯ ᠶᠡᠭᠡ ᠰᠠᠮᠠᠭᠤᠨ ᠲᠡᠭᠳᠡᠮᠣᠢ︾ ᠭᠡᠳᠡᠭ ᠦᠭᠡ ᠶᠢ ᠡᠳᠦᠬᠡ ᠮᠡᠭᠦᠰ ᠪᠢ ᠦᠨᠡᠬᠡᠷ ᠢᠳᠡᠭᠡᠵᠦᠬᠦᠢ ᠭᠡᠪᠡ᠃ | ᠡᠨᠡ ᠦᠭᠡᠨ ᠳᠤ ᠨᠠᠭᠠᠳᠣ ᠵᠠᠬ᠎ᠠ ᠨᠢ ᠬᠤᠶᠠᠷ ᠵᠦᠢᠯ ᠤᠨ ᠦᠵᠡᠯ ᠰᠠᠨᠠᠭ᠎ᠠ ᠶᠢ ᠠᠬᠤᠭᠤᠯᠵᠣ ᠪᠠᠶᠢᠨ᠎ᠠ᠃ ᠨᠨᠢᠭᠡ ᠳᠤ | ᠲᠣᠯᠣᠨ ᠦᠨᠡᠬᠡᠷ ᠲᠣᠬᠠᠢ ᠶᠢᠨ ᠦᠶ᠎ᠡ ᠳᠡᠭᠡᠨ ᠮᠠᠰᠢ ᠬᠦᠴᠦᠷᠬᠡᠭ ᠣᠯᠣᠰ ᠢ ᠪᠠᠶᠢᠭᠤᠯᠵᠣ᠂ ᠣᠮᠠᠷᠠᠳᠣ ᠸᠧᠢ ᠣᠯᠣᠰ | ᠲᠠᠢ ᠡᠩ ᠲᠡᠩᠴᠡᠵᠦ ᠡᠰᠡᠷᠭᠦᠴᠡᠯᠳᠦᠵᠦ ᠪᠠᠶᠢᠪᠠ᠃ ᠬᠤᠶᠠᠷ ᠲᠤ ᠡᠨᠡᠬᠦ ᠬᠡᠷᠡᠭ ᠢ ᠲᠣᠭᠠᠴᠢᠬᠤ ᠪᠠᠷ ᠲᠠᠮᠵᠢᠨ ᠲᠣᠪᠠ | ᠲᠣᠣ ᠦᠪᠡᠷ ᠤᠨ ᠪᠡᠶ᠎ᠡ ᠪᠠᠨ ᠬᠢᠳᠠᠳ ᠤᠨ ᠡᠷᠳᠡᠨ ᠤ ᠰᠣᠶᠣᠯ ᠳᠤ ᠨᠡᠪᠳᠡᠷᠬᠡᠢ ᠭᠡᠵᠦ ᠭᠠᠶᠢᠬᠠᠭᠤᠯᠬᠤ ᠶᠢᠨ ᠬᠠᠮᠳᠣ᠂ | ᠦᠪᠡᠷ ᠤᠨ ᠪᠡᠶ᠎ᠡ ᠪᠠᠨ ᠶᠡᠷᠦ ᠪᠣᠰᠣ ᠶᠢᠨ ︽ᠪᠣᠭᠳᠠ︾ ᠬᠦᠮᠦᠨ ᠭᠡᠵᠦ ᠮᠠᠭᠳᠠᠬᠤ ᠰᠠᠨᠠᠭ᠎ᠠ ᠪᠠᠨ ᠢᠯᠡᠳᠭᠡᠵᠡᠢ᠃ | ᠡᠨᠡ ᠵᠢᠵᠢᠭ ᠦᠯᠢᠭᠡᠷ ᠪᠣᠯ ᠲᠣᠪᠠ ᠲᠣᠣ ᠠᠴᠠ ᠷᠸᠣᠷᠠᠨᠴᠣᠳ ᠢ ᠷᠦ᠋ ᠷᠦ᠋ ᠭᠡᠵᠦ ᠲᠣᠷᠣᠮᠵᠢᠯᠠᠨ ᠨᠡᠷᠡᠶᠢᠳᠦᠭᠰᠡᠨ | ᠦᠶ᠎ᠡ ᠶᠢᠨ ᠦᠯᠢᠭᠡᠷ ᠶᠣᠮ᠃ ᠣᠳᠣᠬᠢ ᠲᠡᠯᠡᠬᠡᠢ ᠶᠢᠨ ᠲᠡᠣᠬᠡᠴᠢᠳ ᠰᠣᠳᠣᠯᠣᠭᠴᠢᠳ ᠤᠨ ᠦᠵᠡᠬᠦ ᠪᠠᠷ ᠷᠸᠣᠷᠠᠨ | ᠪᠣᠯ ᠮᠦᠨ ᠲᠣᠪᠠ ᠰᠢᠶᠠᠨ ᠪᠸᠢ ᠶᠢᠨ ᠨᠢᠭᠡᠨ ᠠᠶᠢᠮᠠᠭ ᠪᠦᠯᠦᠭ ᠪᠣᠯᠣᠨ᠎ᠠ ᠭᠡᠳᠡᠭ ᠲᠤ ᠣᠯᠠᠨ ᠤ ᠰᠠᠨᠠᠯ ᠨᠢᠭᠡᠨᠳᠡ | ᠨᠢᠭᠡᠳᠴᠦ ᠪᠠᠶᠢᠨ᠎ᠠ᠃ | ᠷᠸᠣᠷᠠᠨᠴᠣᠳ ᠲᠤ 蠕蠕 ᠠᠴᠠ ᠭᠠᠳᠠᠨ᠎ᠠ ᠪᠠᠰᠠ 柔然᠂ 芮芮᠂ 茹茹᠂ 蝚蠕᠂ 檀 | 檀᠂ 皇芮 ᠭᠡᠵᠦ ᠣᠯᠠᠨ ᠵᠦᠢᠯ ᠤᠨ ᠨᠡᠷ᠎ᠡ ᠲᠠᠢ᠂ ᠲᠡᠭᠦᠨ ᠤ ᠲᠣᠲᠣᠷ᠎ᠠ ᠬᠠᠮᠤᠭ ᠰᠡᠬᠦᠯ ᠤᠨ 皇芮 | ᠭᠡᠳᠡᠭ ᠦᠭᠡ ᠪᠣᠯ ᠷᠸᠣᠷᠠᠨᠴᠣᠳ ᠤᠨ ᠦᠪᠡᠷ ᠤᠨ ᠪᠡᠶ᠎ᠡ ᠪᠠᠨ ᠵᠢᠭᠠᠭᠰᠠᠨ ᠲᠦᠯᠦᠭᠡᠨ ᠤ ᠨᠡᠷ᠎ᠡ ᠪᠣᠯᠣᠨ᠎ᠠ᠂ ᠪᠣᠳᠠᠳᠠᠢ | ᠪᠠᠷ ᠬᠡᠯᠡᠪᠡᠯ᠂ ᠷᠸᠣᠷᠠᠨ ᠬᠠᠭᠠᠳ ᠠᠴᠠ ᠡᠮᠦᠨᠡᠳᠦ ᠴᠢ ᠣᠯᠣᠰ ᠲᠤ ᠦᠭᠭᠦᠭᠰᠡᠨ ᠣᠯᠣᠰ ᠤᠨ ᠪᠢᠴᠢᠭ ᠲᠤ ᠡᠨᠡᠬᠦ | ᠦᠭᠡ ᠭᠠᠷᠳᠠᠭ ᠶᠣᠮ᠃ ᠡᠶᠢᠮᠦ ᠠᠴᠠ 芮 ︵ᠷᠦᠢ︶ ᠶᠢᠨ ᠡᠷᠳᠡᠨ ᠤ ᠠᠪᠢᠶ᠎ᠠ ᠨᠢ ᠲᠣᠰ ᠦᠨᠳᠦᠰᠦᠳᠡᠨ ᠤ | ᠣᠭᠰᠠᠭ᠎ᠠ ᠭᠠᠷᠣᠯ ᠤᠨ ᠨᠡᠷ᠎ᠡ ᠴᠣᠯᠠ ᠲᠠᠢ ᠶᠠᠮᠠᠷ ᠨᠢᠭᠡᠨ ᠬᠡᠪᠴᠢᠶᠠᠨ ᠳᠤ ᠨᠢᠬᠳᠠ ᠬᠤᠯᠪᠣᠭ᠎ᠠ ᠲᠠᠢ ᠪᠠᠶᠢᠵᠣ ᠮᠡᠳᠡᠨ᠎ᠡ | ᠃ ᠲᠣᠰ ᠪᠢᠴᠢᠭ ᠤᠨ ᠣᠣᠯ ᠦᠭᠡ ᠨᠢ᠄ 皇芮承緒,肇自二儀,拓土載民, | 地越滄海,百代一族,大業天固。雖吳漠殊域,義同脣 | 齒 ᠁ ᠭᠡᠵᠡᠢ᠃ ᠮᠣᠩᠭᠤᠯᠴᠢᠯᠠᠪᠠᠯ ᠶᠡᠭᠡ ᠲᠦᠯᠦᠪ ᠣᠳᠬ᠎ᠠ ᠨᠢ᠄ ᠮᠠᠨ ᠤ ᠬᠠᠭᠠᠨᠳᠣ ᠷᠦᠢ ᠨᠡᠷ ᠲᠡᠭᠷᠢ ᠶᠢᠨ | ᠪᠣᠱᠤᠭ ᠢᠶᠠᠷ ᠣᠯᠠᠷᠢᠯ ᠢ ᠨᠡᠭᠡᠭᠡᠨ᠂ ᠨᠣᠳᠤᠭ ᠦᠷᠭᠡᠵᠢᠨ ᠢᠷᠭᠡᠳ ᠵᠣᠵᠠᠭᠠᠷᠠᠭᠠᠳ᠂ ᠵᠠᠭᠤᠨ ᠦᠶ᠎ᠡ ᠶᠢᠨ | ᠬᠦᠴᠦᠷᠭᠡᠭ ᠭᠦᠷᠦᠨ ᠤ ᠶᠡᠭᠡ ᠦᠢᠯᠡᠰ ᠢ ᠨᠢᠭᠡᠨᠳᠡ ᠪᠠᠳᠣᠳᠬᠠᠨ ᠴᠢᠳᠠᠵᠣᠬᠤᠢ᠃ ᠬᠡᠳᠦᠶᠢᠪᠡᠷ ᠡᠣ ︵吳︶ | ᠮᠦᠸᠧ ︵漠︶ ᠢᠵᠢᠯ ᠪᠣᠰᠣ ᠣᠯᠣᠰ ᠬᠡᠮᠡᠪᠡᠴᠦ᠂ ᠣᠷᠣᠭᠤᠯ ᠰᠢᠳᠦᠨ ᠮᠡᠳᠦ ᠰᠢᠳᠦᠯᠴᠡᠬᠦ ᠶᠣᠰᠣᠨ ᠠᠮᠣᠢ ᠁ | ᠭᠡᠵᠡᠢ᠃ ᠠᠳᠡ 吳漠 ᠭᠡᠳᠡᠭ ᠨᠢ ᠲᠣᠬᠠᠢ ᠶᠢᠨ ᠦᠶ᠎ᠡ ᠶᠢᠨ ᠡᠮᠦᠨᠡᠳᠦ ᠣᠷᠣᠨ ᠤ ᠡᠣ ︵吳︶ ᠭᠠᠵᠠᠷ | ᠪᠣᠯᠣᠨ ᠭᠤᠪᠢ ᠨᠣᠳᠤᠭ ︵漠︶ ᠭᠡᠰᠡᠨ ᠦᠭᠡ ᠪᠣᠯᠣᠨ᠎ᠠ᠃ 吳 ᠨᠢ ᠲᠠᠷᠣᠢ ᠬᠢᠳᠠᠳ ᠤᠨ ᠡᠷᠳᠡᠨ ᠤ | ᠭᠤᠷᠪᠠᠨ ᠣᠯᠣᠰ ᠤᠨ ᠦᠶ᠎ᠡ ᠶᠢᠨ ᠡᠣ ᠣᠯᠣᠰ ᠤᠨ ᠬᠠᠭᠤᠴᠢᠨ ᠨᠣᠳᠤᠭ ᠲᠡᠪᠢᠰᠭᠡᠷ ᠲᠤ ᠲᠣᠭᠳᠠᠨᠢᠵᠣ ᠪᠠᠶᠢᠭᠰᠠᠨ | ᠲᠣᠬᠠᠢ ᠶᠢᠨ ᠦᠶ᠎ᠡ ᠶᠢᠨ ᠡᠮᠦᠨᠡᠳᠦ ᠴᠢ ᠣᠯᠣᠰ ᠢ ᠵᠢᠭᠠᠵᠣ᠂ 漠 ᠭᠡᠳᠡᠭ ᠨᠢ ᠭᠤᠪᠢ ᠨᠣᠳᠤᠭ ᠲᠤ ᠪᠠᠶᠢᠭ᠎ᠠ | ᠦᠪᠡᠷ ᠤᠨ ᠷᠸᠣᠷᠠᠨ ᠣᠯᠣᠰ ᠢ ᠪᠠᠨ ᠵᠢᠭᠠᠭᠰᠠᠨ ᠲᠦᠯᠦᠭᠡᠨ ᠤ ᠨᠡᠷ᠎ᠡ ᠪᠠᠶᠢᠭ᠎ᠠ ᠨᠢ ᠮᠠᠰᠢ ᠲᠣᠲᠣᠷᠬᠠᠢ ᠬᠡᠷᠡᠭ ᠮᠦᠨ | ᠃ ᠭᠤᠣᠯ ᠠᠭᠤᠯᠭ᠎ᠠ ᠨᠢ ᠲᠠᠨ ᠤ ᠡᠣ ︵吳︶ ᠭᠠᠵᠠᠷ ᠤᠨ ᠡᠮᠦᠨᠡᠳᠦ ᠴᠢ ᠣᠯᠣᠰ ᠪᠣᠯᠣᠨ ᠮᠠᠨ ᠤ ᠶᠡᠭᠡ ᠭᠤᠪᠢ | ︵漠︶ ᠶᠢᠨ ᠷᠸᠣᠷᠠᠨ ᠣᠯᠣᠰ ᠬᠡᠷᠪᠡ ᠨᠢᠭᠡᠨᠳᠡ ᠬᠤᠯᠪᠣᠭᠠᠯᠠᠨ ᠴᠢᠳᠠᠪᠠᠯ᠂ ᠣᠷᠣᠭᠤᠯ ᠰᠢᠳᠣᠨ ᠤ ᠰᠢᠳᠦᠯᠴᠡᠯ | ᠲᠠᠢ ᠪᠣᠯᠵᠣ᠂ ᠬᠡᠨ ᠠᠯᠢᠨ ᠴᠦ ᠬᠦᠴᠦᠷᠭᠡᠭ ᠶᠡᠭᠡ ᠲᠣᠪᠠ ᠰᠢᠶᠠᠨ ᠪᠸᠢ ᠳᠤ ᠠᠮᠠᠷᠬᠠᠨ ᠲᠦᠷᠢᠮᠡᠬᠡᠶᠢᠯᠡᠭᠳᠡᠬᠦ ᠦᠭᠡᠢ᠂ | ᠠᠮᠣᠷ ᠲᠠᠪᠠᠳᠠᠢ ᠠᠵᠣ ᠲᠦᠷᠦᠵᠦ ᠴᠢᠳᠠᠨ᠎ᠠ ᠭᠡᠰᠡᠨ ᠰᠠᠨᠠᠭ᠎ᠠ ᠶᠢ ᠭᠠᠷᠭᠠᠭᠰᠠᠨ ᠦᠭᠡ ᠶᠣᠮ᠃ ᠡᠭᠦᠨ ᠢ ᠣᠳᠣ | ᠦᠶ᠎ᠡ ᠶᠢᠨ ᠵᠠᠷᠢᠮ ᠠᠯᠳᠠᠷᠲᠣ ᠬᠢᠳᠠᠳ ᠡᠷᠳᠡᠮᠳᠡᠨ ᠬᠦᠷᠳᠡᠯ᠎ᠡ ᠷᠸᠣᠷᠠᠨ ᠬᠦᠮᠦᠰ ᠦᠪᠡᠷ ᠤᠨ ᠣᠭᠰᠠᠭ᠎ᠠ ᠶᠠᠰᠣ ᠪᠠᠨ 漠 | ᠭᠡᠵᠦ ᠲᠣᠪᠴᠢᠯᠠᠨ ᠨᠡᠷᠡᠯᠡᠳᠡᠭ ᠭᠡᠵᠦ ᠠᠨᠳᠠᠭᠤ ᠪᠣᠷᠣᠭᠤ ᠣᠬᠠᠭᠳᠠᠬᠤᠨ ᠲᠠᠢ ᠦᠬᠦᠯᠡᠯ ᠵᠣᠬᠢᠶᠠᠯ ᠪᠢᠴᠢᠭᠡᠳ | ᠬᠦᠮᠦᠰ ᠢ ᠲᠦᠭᠡᠷᠢᠭᠳᠡᠬᠦᠯᠵᠦ ᠪᠠᠶᠢᠨ᠎ᠠ᠃ ᠭᠡᠶ᠎ᠡ ᠲᠡᠯᠡᠬᠡᠢ ᠲᠡᠭᠡᠷ᠎ᠡ ᠪᠣᠰᠣᠳ ᠤᠨ ᠨᠡᠷ᠎ᠡ ᠬᠦᠨᠳᠦ ᠲᠠᠢ ᠦᠬᠦᠯᠡᠯ ᠤᠨ | ᠠᠭᠤᠯᠭ᠎ᠠ ᠠᠴᠠ ᠦᠪᠡᠷ ᠤᠨ ᠬᠡᠷᠡᠭᠴᠡᠭᠡ ᠱᠠᠭᠠᠷᠳᠠᠯᠭ᠎ᠠ ᠪᠠᠨ ᠦᠨᠳᠦᠰᠦᠯᠡᠵᠦ ᠪᠠᠶᠢᠭᠠᠳ ᠲᠣᠷ᠎ᠠ ᠪᠠᠷ ᠬᠠᠭᠤᠯᠠᠵᠣ | ᠠᠪᠣᠴᠢᠬᠠᠭᠠᠳ᠂ ᠮᠢᠨᠦ ᠦᠪᠡᠷ ᠤᠨ ᠪᠦᠳᠦᠭᠡᠯ ᠭᠡᠵᠦ ᠣᠩᠬᠢᠷᠠᠳᠠᠭ᠂ ᠨᠡᠩ ᠠᠯᠳᠠᠷ ᠶᠡᠬᠡᠳᠡᠢ ᠬᠢᠳᠠᠳ ᠡᠷᠳᠡᠮᠳᠡᠳ ︵ | ᠵᠠᠷᠢᠮ ᠨᠢ ᠪᠦᠷ ᠠᠺᠠᠳᠧᠮᠢᠴᠢ ᠶᠢᠨ ᠲᠡᠰ ᠤᠨ ᠬᠦᠮᠦᠰ︶ ᠢᠶᠠᠨ ᠪᠣᠳᠣᠪᠠᠯ ᠪᠠᠰᠠ ᠰᠢᠳᠣᠷᠭᠤ ᠨᠢᠭᠡᠨ ᠳᠡᠭᠡᠨ | ᠲᠣᠭᠠᠴᠢᠭᠳᠠᠨ᠎ᠠ᠃ ᠰᠢᠯᠳᠠᠭᠠᠨ ᠨᠢ ᠨᠠᠭᠠᠳᠣ ᠵᠠᠬ᠎ᠠ ᠳᠠᠭᠠᠨ ᠲᠡᠯᠡᠬᠡᠢ ᠶᠢᠨ ︽ᠨᠢᠭᠤᠷ ᠠᠪᠬᠤ ᠦᠭᠡᠢ ᠱᠠᠩᠨᠠᠯ︾ ᠤᠨ | ᠨᠡᠷ᠎ᠡ ᠶᠢᠨ ᠵᠢᠬᠰᠠᠯ ᠳᠤ ᠣᠷᠣᠭᠰᠠᠨ ᠦᠭᠡᠢ ᠴᠢᠨᠢ ᠪᠠᠰᠠ ᠪᠣᠯᠵᠣ ᠪᠠᠶᠢᠨ᠎ᠠ ᠭᠡᠵᠦ ᠦᠵᠡᠬᠦ ᠬᠡᠷᠡᠭᠳᠡᠢ᠃ 芮芮 | ᠭᠡᠳᠡᠭ ᠨᠢ ᠲᠡᠭᠡᠷ᠎ᠡ ᠬᠡᠯᠡᠭᠰᠡᠨ ᠣᠯᠣᠰ ᠤᠨ ᠵᠠᠬᠢᠳᠠᠯ ᠲᠠᠭᠠᠨ ᠦᠪᠡᠷ ᠢ ᠪᠠᠨ ᠬᠠᠭᠠᠨᠳᠣ ᠷᠦᠢ ︵皇芮︶ ᠭᠡᠵᠦ | ᠠᠩᠬ᠎ᠠ ᠲᠣᠷᠠᠳᠣᠭᠰᠠᠨ ᠦᠭᠡ ᠲᠠᠢ ᠠᠳᠠᠯᠢ ᠣᠳᠬ᠎ᠠ ᠲᠠᠢ ᠦᠭᠡ ᠪᠣᠯᠣᠨ᠎ᠠ᠃ ᠭᠡᠳᠡᠯ᠎ᠡ 茹茹 ᠭᠡᠳᠡᠭ ᠨᠢ | ᠬᠤᠵᠢᠮ ᠷᠸᠣᠷᠠᠨᠴᠣᠳ ᠤᠨ ᠬᠤᠶᠢᠴᠢᠰ ᠪᠦᠷ ᠡᠶᠢᠮᠦᠷᠬᠦ ᠣᠪᠣᠭ ᠠᠪᠴᠠᠭᠠᠭᠰᠠᠨ ᠨᠢ ᠮᠦᠨ ᠲᠡᠣᠬᠡᠨ ᠦᠨᠡᠨᠳᠡᠢ | ᠬᠡᠷᠡᠭ ᠶᠣᠮ᠃ ᠣᠳᠣ ᠪᠣᠯᠳᠠᠯ᠎ᠠ ᠭᠤᠸᠠᠨᠵᠦ᠋ᠩ ᠭᠠᠵᠠᠷ ᠢᠶᠠᠷ ᠪᠠᠶᠢᠭ᠎ᠠ ᠵᠠᠷᠢᠮ ᠬᠢᠳᠠᠳᠵᠢᠭᠰᠠᠨ ᠷᠸᠣᠷᠠᠨ ᠬᠦᠮᠦᠰ | ᠦᠪᠡᠷ ᠢ ᠪᠠᠨ 茹 ᠣᠪᠣᠭ ᠢᠶᠠᠷ ᠣᠪᠣᠭᠯᠠᠵᠣ᠂ ᠦᠪᠡᠷ ᠤᠨ ᠪᠡᠶ᠎ᠡ ᠪᠠᠨ ᠡᠷᠳᠡᠨ ᠤ 茹茹 ᠶᠢᠨ ᠬᠤᠶᠢᠴᠢᠰ | ᠭᠡᠵᠦ ᠮᠡᠳᠡᠵᠦ ᠮᠡᠳᠡᠷᠡᠵᠦ ᠪᠠᠶᠢᠭᠰᠠᠭᠠᠷ ᠶᠣᠮ᠃ 檀檀 ᠢ ᠪᠣᠯ ᠷᠸᠣᠷᠠᠨ ᠬᠠᠭᠠᠨ 大檀 ᠤ ᠨᠡᠷ᠎ᠡ ᠠᠴᠠ | ᠬᠤᠵᠢᠮ ᠤᠨ ᠲᠠᠲ᠋ᠠᠷ ᠨᠡᠷ᠎ᠡ ᠡᠭᠦᠰᠴᠡᠢ ᠭᠡᠵᠦ ᠬᠤᠯᠪᠣᠨ ᠲᠠᠶᠢᠯᠪᠣᠷᠢᠯᠠᠬᠤ ᠬᠦᠮᠦᠰ ᠴᠦ ᠴᠦᠬᠡᠨ ᠦᠭᠡᠢ ᠪᠠᠶᠢᠳᠠᠭ᠃ | ᠲᠡᠯᠡᠬᠡᠢ ᠶᠢᠨ ᠲᠡᠣᠬᠡ ᠰᠣᠳᠣᠯᠣᠭᠴᠢᠳ ᠤᠨ ᠦᠵᠡᠬᠦ ᠪᠠᠷ ᠨᠡᠶᠢᠳᠡ ᠶᠢᠨ ᠣᠨ ᠲᠣᠭᠠᠯᠠᠯ ᠤᠨ 552 ᠣᠨ ᠤ | ᠪᠠᠷᠤᠭ ᠢᠶᠠᠷ ᠷᠸᠣᠷᠠᠨ ᠣᠯᠣᠰ᠂ ᠰᠢᠨ᠎ᠡ ᠪᠠᠷ ᠮᠠᠨᠳᠣᠭᠰᠠᠨ ᠲᠦᠷᠺᠴᠣᠳ ᠲᠤ ᠢᠯᠠᠭᠳᠠᠭᠰᠠᠨ ᠤ ᠲᠠᠷᠠᠭ᠎ᠠ᠂ ᠲᠡᠭᠦᠨ | ᠤ ᠨᠢᠭᠡ ᠰᠠᠯᠠᠭ᠎ᠠ ᠬᠦᠮᠦᠰ ᠨᠢ ᠪᠠᠷᠤᠭ 568 ᠣᠨ ᠢᠶᠠᠷ ᠧᠦ᠋ᠷᠣᠫᠠ ᠲᠤ ᠨᠡᠭᠦᠳᠡᠯᠯᠡᠨ ᠬᠦᠷᠴᠦ ᠠᠸᠠᠷ ᠬᠦᠮᠦᠨ | ᠪᠣᠯᠵᠠᠢ ᠭᠡᠳᠡᠭ ᠶᠣᠮ᠃ | ᠷᠸᠣᠷᠠᠨ ᠬᠦᠮᠦᠰ ᠮᠣᠬᠤᠯᠠᠢ ︵木骨闾 ᠲᠠᠷᠠᠭ᠎ᠠ ᠪᠠᠷ ᠡᠨᠡᠬᠦ ᠬᠦᠮᠦᠨ ᠤ ᠨᠡᠷ᠎ᠡ ᠶᠢ ᠲᠣᠪᠴᠢᠯᠠᠨ ᠶᠠᠷᠢᠨ᠎ᠠ︶ | ᠶᠢᠨ ᠦᠶ᠎ᠡ ᠠᠴᠠ ᠡᠬᠢᠯᠡᠨ ᠲᠡᠣᠬᠡᠨ ᠳᠤ ᠢᠯᠡᠷᠡᠭᠡᠳ᠂ ᠲᠡᠭᠦᠨ ᠤ ᠬᠦᠪᠡᠭᠦᠨ ᠴᠢᠷᠠᠬᠠᠢ ︵车鹿会︶ ᠶᠢᠨ | ᠦᠶ᠎ᠡ ᠳᠤ ᠰᠠᠶ᠋ᠢ ᠠᠶᠢᠮᠠᠭ ᠪᠦᠯᠦᠭ ᠲᠠᠢ ᠪᠣᠯᠵᠣ᠂ ᠦᠪᠡᠷ ᠤᠨ ᠠᠶᠢᠮᠠᠭ ᠢᠶᠠᠨ ᠷᠸᠣᠷᠠᠨ ︵柔然︶ ᠭᠡᠵᠦ | ᠨᠡᠷᠡᠶᠢᠳᠦᠪᠡ ᠭᠡᠵᠦ ᠣᠮᠠᠷᠠᠳᠣ ᠸᠧᠢ ᠣᠯᠣᠰ ᠤᠨ ᠲᠡᠣᠬᠡᠨ ᠨᠣᠮ ︽ᠸᠧᠢ ᠱᠦ᠋ ᠪᠢᠴᠢᠭ︾ ᠲᠤ ᠮᠠᠰᠢ ᠲᠣᠲᠣᠷᠬᠠᠢ | ᠲᠡᠮᠳᠡᠭᠯᠡᠵᠦ ᠪᠠᠶᠢᠨ᠎ᠠ᠃ ᠡᠭᠦᠨ ᠢᠶᠠᠷ ᠦᠵᠡᠪᠡᠯ ᠲᠡᠳᠡᠨᠡᠷ ᠤᠨ ᠲᠡᠣᠬᠡᠨ ᠳᠤ ᠢᠯᠡᠷᠡᠭᠰᠡᠨ ᠴᠠᠭ ᠬᠤᠭᠤᠴᠠᠭ᠎ᠠ ᠨᠢ | ᠭᠤᠷᠪᠠᠳᠣᠭᠠᠷ ᠵᠠᠭᠤᠨ ᠤ ᠲᠣᠮᠳᠠᠴᠢ ᠦᠶ᠎ᠡ ᠪᠠᠶᠢᠬᠤ ᠶᠣᠰᠣᠳᠠᠢ᠃ ᠭᠡᠶ᠎ᠡ ᠶᠦᠨ ᠭᠠᠩ ᠤᠨ ᠴᠢᠯᠠᠭᠤᠨ ᠠᠭᠤᠢ ᠳᠤ | ᠪᠠᠶᠢᠭ᠎ᠠ 《茹茹造像题记︾ ᠭᠡᠳᠡᠭ ᠴᠢᠯᠠᠭᠤᠨ ᠳᠤ ᠴᠠᠪᠴᠢᠭᠰᠠᠨ ᠲᠡᠮᠳᠡᠭᠯᠡᠯ ᠠᠴᠠ ᠦᠵᠡᠪᠡᠯ | ᠶᠡᠭᠡ ᠷᠣ᠋ ᠷᠣ᠋ ᠣᠯᠣᠰ ︵大茹茹国︶ ᠭᠡᠵᠦ ᠲᠡᠮᠳᠡᠭᠯᠡᠵᠦ ᠪᠠᠶᠢᠨ᠎ᠠ᠃ ᠡᠶᠢᠮᠦ ᠠᠴᠠ 茹茹 ᠭᠡᠳᠡᠭ | ᠨᠢ ᠰᠠᠶ᠋ᠢ ᠲᠡᠳᠡᠨᠡᠷ ᠤᠨ ᠵᠦᠪ ᠨᠡᠷᠡᠶᠢᠳᠦᠯ ᠪᠣᠯᠣᠨ᠎ᠠ ᠭᠡᠵᠦ ᠦᠵᠡᠬᠦ ᠡᠷᠳᠡᠮᠳᠡᠳ ᠴᠦ ᠣᠯᠠᠨ ᠪᠠᠶᠢᠭ᠎ᠠ ᠶᠣᠮ᠃ ᠭᠡᠶ᠎ᠡ | ᠵᠣᠬᠢᠶᠠᠭᠴᠢ ᠮᠢᠨᠦ ᠣᠶᠢᠯᠭᠠᠭᠰᠠᠨ ᠢᠶᠠᠷ ᠡᠨᠡᠬᠦ ᠶᠦᠨ ᠭᠠᠩ ᠤᠨ ᠴᠢᠯᠠᠭᠤᠨ ᠠᠭᠤᠢ ᠳᠤ ᠴᠠᠪᠴᠢᠨ ᠰᠡᠶᠢᠯᠪᠦᠷᠢᠭᠰᠡᠨ ︽ | 茹茹造像题记︾ ᠭᠡᠳᠡᠭ ᠤᠨ ᠪᠦᠬᠦᠯᠢ ᠨᠡᠷ᠎ᠡ ᠨᠢ ︽大茹茹可敦造像题记 | ︾ ︵ᠶᠡᠭᠡ ᠷᠣ᠋ ᠷᠣ᠋ ᠬᠠᠳᠣᠨ ᠤ ᠪᠣᠷᠬᠠᠨ ᠰᠡᠶᠢᠯᠪᠦᠷᠢᠯᠡᠭᠰᠡᠨ ᠲᠡᠮᠳᠡᠭᠯᠡᠯ︶ ᠭᠡᠵᠦ ᠷᠸᠣᠷᠠᠨᠴᠣᠳ ᠤᠨ ᠰᠡᠭᠦᠯᠴᠢ ᠶᠢᠨ | ᠦᠶ᠎ᠡ᠂ ᠲᠠᠷᠣᠢ ᠨᠡᠶᠢᠳᠡ ᠶᠢᠨ ᠣᠨ ᠲᠣᠭᠠᠯᠠᠯ ᠤᠨ ᠵᠢᠷᠭᠤᠳᠣᠭᠠᠷ ᠵᠠᠭᠤᠨ ᠤ ᠡᠬᠢᠨ ᠢᠶᠠᠷ ᠣᠮᠠᠷᠠᠳᠣ ᠸᠧᠢ ᠣᠯᠣᠰ | ᠴᠦ ᠵᠠᠳᠠᠷᠠᠨ᠂ ᠵᠡᠭᠦᠨ ᠪᠠᠷᠠᠭᠤᠨ ᠬᠤᠶᠠᠷ ᠸᠧᠢ ᠣᠯᠣᠰ ᠪᠣᠯᠵᠣ ᠬᠤᠪᠢᠶᠠᠭᠳᠠᠨ᠂ ᠪᠦᠷ ᠡᠷᠬᠡᠳᠡᠨ ᠳᠦᠰᠢᠮᠡᠳ ᠲᠤ | ᠡᠷᠬᠡᠰᠢᠶᠡᠭᠳᠡᠵᠦ ᠪᠠᠶᠢᠭᠰᠠᠨ ᠴᠠᠭ ᠦᠶ᠎ᠡ ᠳᠤ᠂ ᠷᠸᠣᠷᠠᠨᠴᠣᠳ ᠡᠨᠡ ᠬᠤᠶᠠᠷ ᠲᠠᠯ᠎ᠠ ᠲᠠᠢ ᠨᠡᠶᠢᠳᠡᠮ ᠣᠷᠣᠭᠴᠠᠨ | ᠡᠪᠰᠡᠵᠦ᠂ ᠦᠪᠡᠷ ᠢ ᠪᠠᠨ ᠬᠠᠮᠠᠭᠠᠯᠠᠬᠤ ᠠᠷᠭ᠎ᠠ ᠪᠣᠳᠣᠯᠭ᠎ᠠ ᠪᠣᠯᠭᠠᠵᠣ ᠪᠠᠶᠢᠭᠰᠠᠨ ᠴᠠᠭ ᠦᠶ᠎ᠡ ᠮᠦᠨ᠃ ᠡᠨᠡᠬᠦ ᠴᠠᠭ | ᠦᠶ᠎ᠡ ᠳᠤ ᠡᠳᠡᠨᠡᠷ ᠬᠡᠨ ᠠᠯᠢᠨ ᠴᠦ ᠪᠣᠷᠬᠠᠨ ᠪᠦᠳᠦᠭᠡᠬᠦ ᠦᠢᠯᠡᠰ ᠲᠤ ᠮᠠᠰᠢ ᠬᠠᠯᠠᠭᠤᠷᠠᠯ ᠲᠠᠢ ᠪᠣᠯᠵᠣ ᠡᠬᠢᠯᠡᠵᠡᠢ᠃ | ᠭᠡᠶ᠎ᠡ ᠠᠳᠡ ᠮᠠᠨ ᠤ ᠮᠡᠳᠡᠪᠡᠰᠦ ᠵᠣᠬᠢᠬᠤ ᠨᠢᠭᠡᠨ ᠠᠭᠤᠯᠭ᠎ᠠ ᠪᠣᠯ ᠷᠸᠣᠷᠠᠨ ᠬᠦᠮᠦᠰ ᠪᠣᠯᠣᠨ ᠲᠣᠪᠠ ᠰᠢᠶᠠᠨᠪᠸᠢ ᠶᠢᠨ | ᠬᠤᠶᠢᠴᠢᠰ ᠪᠦᠷ ᠨᠢᠭᠡᠨ ᠠᠳᠠᠯᠢ ᠪᠠᠷ ᠮᠠᠰᠢ ᠬᠠᠯᠠᠭᠤᠷᠠᠯ ᠲᠠᠢ ᠪᠣᠷᠬᠠᠨ ᠱᠠᠰᠢᠨ ᠢ ᠰᠢᠳᠦᠵᠦ ᠪᠠᠶᠢᠵᠠᠢ᠃ ᠱᠠᠰᠢᠨ | ᠰᠢᠳᠦᠯᠭᠡ ᠶᠠᠮᠠᠷ ᠦᠶ᠎ᠡ ᠳᠤ ᠨᠡᠭᠦᠳᠡᠯᠴᠢᠨ ᠮᠠᠯᠴᠢᠨ ᠪᠣᠯᠬᠤ ᠾᠦᠩᠨᠦᠴᠣᠳ᠂ ᠰᠢᠶᠠᠨᠪᠸᠢᠴᠣᠳ᠂ ᠷᠸᠣᠷᠠᠨᠴᠣᠳ | ᠬᠢᠳᠠᠨᠴᠣᠳ ᠲᠦᠷᠺᠴᠣᠳ ᠵᠢᠴᠢ ᠮᠣᠩᠭᠤᠯᠴᠣᠳ ᠲᠤ ᠡᠷᠬᠢᠮᠯᠡᠨ ᠰᠢᠳᠦᠭᠳᠡᠵᠦ ᠪᠠᠶᠢᠭᠰᠠᠨ ᠪᠣᠢ ᠭᠡᠪᠡᠯ᠂ ᠪᠦᠷ | ᠠᠳᠠᠯᠢ ᠨᠢᠭᠡᠨ ᠣᠨᠴᠠᠯᠢᠭ ᠲᠠᠢ ᠨᠢ ᠮᠠᠰᠢ ᠰᠣᠨᠢᠷᠬᠠᠯ ᠲᠠᠢ ᠶᠣᠮ᠂ ᠲᠠᠷᠣᠢ ᠲᠡᠳᠡᠨᠡᠷ ᠬᠦᠭᠵᠢᠯ ᠤᠨ ᠦᠶ᠎ᠡ ᠳᠡᠭᠡᠨ | ᠶᠠᠮᠠᠷ ᠨᠢᠭᠡᠨ ᠱᠠᠰᠢᠨ ᠢ ᠦᠬᠦᠨ ᠰᠢᠨᠦᠵᠦ ᠰᠢᠳᠦᠬᠦ ᠦᠭᠡᠢ᠂ ᠬᠠᠷᠢᠨ ᠣᠷᠳᠣ ᠬᠤᠭᠤᠴᠠᠭ᠎ᠠ ᠦᠷᠬᠦᠯᠵᠢᠯᠡᠭᠰᠡᠨ | ᠲᠠᠶᠢᠨ ᠲᠠᠵᠢᠨ ᠤ ᠰᠠᠮᠠᠭᠤᠷᠠᠯ ᠢᠶᠠᠷ ᠲᠠᠮᠵᠢᠵᠣ᠂ ᠪᠦᠬᠦᠶᠢᠯᠡ ᠣᠭᠰᠠᠭᠠᠳᠠᠨ ᠦᠨᠳᠦᠰᠦᠳᠡᠨ ᠲᠣᠷᠣᠶᠢᠳᠠᠨ ᠪᠠᠭᠤᠷᠠᠵᠣ | ᠪᠠᠶᠢᠭ᠎ᠠ ᠦᠶ᠎ᠡ ᠪᠣᠶᠣ ᠨᠢᠭᠡᠮᠦᠰᠦᠨ ᠲᠣᠶᠢᠯᠳᠠᠬᠤ ᠦᠶ᠎ᠡ ᠳᠡᠭᠡᠨ᠂ ᠡᠳᠡᠭᠡᠷ ᠨᠡᠭᠦᠳᠡᠯᠴᠢᠳ ᠰᠠᠶ᠋ᠢ ᠶᠠᠮᠠᠷ ᠨᠢᠭᠡᠨ ᠱᠠᠰᠢᠨ | ᠢ ᠡᠷᠬᠢᠰᠢ ᠦᠭᠡᠢ ᠦᠬᠦᠨ ᠰᠢᠳᠦᠬᠦ ᠪᠣᠯᠣᠨ᠎ᠠ᠃ | ᠰᠢᠶᠠᠨᠪᠸᠢᠴᠣᠳ ᠴᠦ ᠠᠳᠠᠯᠢ ᠪᠠᠷ ᠲᠡᠭᠦᠨ ᠤ ᠬᠦᠭᠵᠢᠯ ᠤᠨ ᠡᠬᠢᠨ ᠤ ᠬᠤᠭᠤᠴᠠᠭᠠᠨ᠎ᠠ ᠪᠣᠷᠬᠠᠨ ᠱᠠᠰᠢᠨ ᠢ ᠦᠵᠡᠨ | ᠶᠠᠳᠠᠵᠣ ᠡᠪᠳᠡᠨ ᠰᠦᠢᠳᠭᠡᠵᠦ ᠪᠠᠶᠢᠵᠠᠢ᠃ ᠭᠡᠳᠡᠯ᠎ᠡ ᠲᠣᠷᠣᠶᠢᠳᠠᠯ ᠳᠠᠭᠠᠨ ᠣᠷᠣᠩᠭᠤᠳᠠ ᠡᠬᠢᠯᠡᠨ ᠪᠣᠷᠬᠠᠨ ᠰᠢᠳᠦᠬᠦ | ᠪᠣᠯᠵᠣ᠂ ᠢᠳᠡᠭᠡᠭᠳᠡᠰᠢ ᠦᠭᠡᠢ ᠶᠡᠭᠡ ᠬᠠᠯᠠᠭᠤᠷᠠᠯ ᠢᠶᠠᠷ ᠦᠨᠳᠦᠷ ᠬᠠᠳᠠᠨ ᠳᠤ ᠠᠭᠤᠢ ᠴᠠᠪᠴᠢᠨ ᠲᠣᠲᠣᠷ᠎ᠠ ᠨᠢ | ᠲᠡᠶᠢᠮᠦ ᠣᠯᠠᠨ ᠠᠷᠪᠢᠨ ᠴᠢᠯᠠᠭᠤᠨ ᠪᠣᠷᠬᠠᠨ ᠰᠡᠶᠢᠯᠪᠦᠷᠢᠯᠡᠬᠦ ᠪᠣᠯᠵᠠᠢ᠃ ᠷᠸᠣᠷᠠᠨᠴᠣᠳ ᠴᠦ ᠰᠢᠶᠠᠨᠪᠸᠢᠴᠣᠳ ᠲᠠᠢ | ᠪᠠᠨ ᠨᠨᠢᠭᠡᠨ ᠠᠳᠠᠯᠢ ᠪᠠᠷ ᠡᠨᠡᠬᠦ ᠬᠠᠯᠠᠭᠤᠷᠠᠯ ᠳᠤ ᠣᠨᠠᠵᠠᠢ᠃ ᠡᠶᠢᠮᠦ ᠠᠴᠠ ᠷᠸᠣᠷᠠᠨ ᠤ ᠰᠢᠶᠠᠨᠪᠸᠢ ᠳᠤ ᠮᠣᠷᠳᠠᠭᠰᠠᠨ | ᠶᠠᠮᠠᠷ ᠨᠢᠭᠡᠨ ᠭᠦᠩᠵᠦ ᠨᠢ ᠬᠠᠳᠣᠨ ᠪᠣᠯᠣᠭᠠᠳ ᠦᠪᠡᠷ ᠤᠨ ᠨᠡᠷ᠎ᠡ ᠤᠨ ᠡᠮᠦᠨ᠎ᠡ ᠠᠴᠠ ᠮᠦᠨ ᠴᠢᠯᠠᠭᠤᠨ ᠠᠭᠤᠢ | ᠴᠠᠪᠴᠢᠨ ᠨᠡᠭᠡᠭᠡᠵᠦ᠂ ᠪᠣᠷᠬᠠᠨ ᠰᠡᠶᠢᠯᠪᠦᠷᠢᠯᠡᠭᠰᠡᠨ ᠮᠦᠷᠳᠡᠭᠡᠨ ᠲᠡᠮᠳᠡᠭᠯᠡᠯ ᠴᠠᠪᠴᠢᠨ ᠦᠯᠡᠳᠡᠭᠰᠡᠨ ᠠᠵᠠᠢ᠃ ᠡᠨᠡᠬᠦ | ᠲᠡᠮᠳᠡᠭᠯᠡᠯ ᠢᠶᠠᠨ ︽大茹茹可敦造像题记︾ ᠭᠡᠵᠦ ᠨᠡᠷᠡᠶᠢᠳᠦᠵᠠᠢ᠃ ᠡᠭᠦᠨ ᠢ | ᠦᠨᠳᠦᠰᠦᠯᠡᠪᠡᠯ 茹茹 ᠭᠡᠳᠡᠭ ᠦᠭᠡ ᠪᠣᠯ ᠷᠸᠣᠷᠠᠨᠴᠣᠳ ᠤᠨ ᠵᠢᠩᠬᠢᠨᠢ ᠨᠡᠷ᠎ᠡ ᠪᠠᠶᠢᠬᠤ ᠶᠣᠰᠣᠳᠠᠢ ᠭᠡᠵᠦ | ᠦᠵᠡᠬᠦ ᠬᠦᠮᠦᠨ ᠢᠯᠡᠷᠡᠬᠦ ᠪᠣᠯᠵᠠᠢ᠃ | ᠣᠷᠴᠢᠮ ᠪᠣᠯᠵᠣ ᠢᠷᠡᠭᠡᠳ ᠵᠠᠷᠢᠮ ᠬᠢᠳᠠᠳ ᠡᠷᠳᠡᠮᠳᠡᠳ 柔然 ᠭᠡᠳᠡᠭ ᠦᠭᠡ ᠶᠢ ᠬᠠᠷᠢᠨ ᠶᠠᠨ ᠷᠠᠨ ᠱᠠᠨ ︵燕 | 然︶ ᠠᠭᠤᠯᠠ ᠶᠢᠨ ᠶᠠᠨ ᠷᠠᠨ ᠨᠡᠷ᠎ᠡ ᠲᠠᠢ ᠬᠤᠯᠪᠣᠨ ᠲᠠᠶᠢᠯᠪᠣᠷᠢᠯᠠᠵᠣ᠂ ᠶᠠᠨ ᠷᠠᠨ ᠢ ᠬᠠᠩᠭᠠᠢ ᠨᠢᠷᠣᠭᠤᠨ ᠤ | ᠨᠢᠭᠡ ᠬᠡᠰᠡᠭ ᠭᠡᠵᠦ ᠠᠳᠡᠭᠦᠥ ᠪᠣᠷᠣᠭᠤ ᠶᠠᠷᠢᠵᠣ᠂ 柔然 ᠪᠣᠯ ᠡᠨᠡᠬᠦ ᠬᠠᠩᠭᠠᠢ ᠨᠢᠷᠣᠭᠤᠨ ᠤ ︽ᠨᠢᠷᠣᠭᠤᠨ︾ | ᠭᠡᠳᠡᠭ ᠦᠭᠡ ᠭᠡᠵᠦ ᠬᠦᠴᠦᠯᠡᠨ ᠬᠤᠯᠪᠣᠨ ᠦᠬᠦᠯᠡᠬᠦ ᠬᠦᠮᠦᠨ ᠭᠠᠷᠬᠤ ᠪᠣᠯᠵᠠᠢ᠃ ᠵᠠᠷᠢᠮ ᠮᠣᠩᠭᠤᠯ ᠬᠦᠮᠦᠰ ᠴᠦ | ᠡᠭᠦᠨ ᠢ ᠲᠠᠭᠠᠨ᠂ ᠷᠸᠣᠷᠠᠨ ᠪᠣᠯ ︽ᠨᠢᠷᠣᠭᠤᠨ︾ ᠭᠡᠳᠡᠭ ᠦᠭᠡ ᠭᠡᠵᠦ ᠬᠡᠯᠡᠬᠦ ᠬᠦᠮᠦᠨ ᠴᠦ ᠬᠠᠶᠠ ᠬᠠᠷᠠᠭᠳᠠᠨ᠂ | ᠨᠢᠷᠣᠭᠤᠨ ᠮᠣᠩᠭᠤᠯ ᠲᠠᠷᠯᠢᠬᠢᠨ ᠮᠣᠩᠭᠤᠯ ᠲᠠᠢ ᠬᠤᠯᠪᠣᠨ ᠦᠵᠡᠳᠡᠭ ᠬᠦᠮᠦᠰ ᠴᠦ ᠢᠯᠡᠷᠡᠬᠦ ᠪᠣᠯᠵᠠᠢ᠃ ᠦᠨᠡᠨᠳᠡᠭᠡᠨ | ᠬᠠᠨ ᠣᠯᠣᠰ ᠤᠨ ᠪᠢᠴᠢᠭ ᠲᠤ ᠭᠠᠷᠳᠠᠭ ᠶᠠᠨ ᠷᠠᠨ ᠱᠠᠨ ᠠᠭᠤᠯᠠ ᠪᠣᠯ ᠬᠠᠩᠭᠠᠢ ᠠᠭᠤᠯᠠ ᠲᠠᠢ ᠶᠠᠮᠠᠷᠴᠣ | ᠬᠤᠯᠪᠣᠭ᠎ᠠ ᠦᠭᠡᠢ᠂ ᠨᠢᠭᠡᠨ ᠪᠡᠶ᠎ᠡ ᠲᠠᠭᠠᠭᠠᠭᠰᠠᠨ ᠵᠢᠵᠢᠭ ᠠᠭᠤᠯᠠ ᠨᠢᠷᠣᠭᠤ ᠶᠣᠮ᠂ ᠲᠡᠭᠦᠨ ᠤ ᠣᠣᠯ ᠨᠡᠷ᠎ᠡ ᠨᠢ | ᠲᠠᠷᠣᠢ ᠶᠠᠨ ᠷᠠᠨ ︵ᠢᠨᠠᠯ︶ ᠱᠠᠨ ᠪᠠᠶᠢᠭᠰᠠᠨ ᠪᠣᠯᠣᠯᠴᠠᠭ᠎ᠠ ᠲᠠᠢ᠂ ᠰᠢᠯᠳᠠᠭᠠᠨ ᠨᠢ ᠡᠨᠡᠬᠦ ᠶᠠᠨ ᠷᠠᠨ ᠤ ᠷᠠᠨ ᠪᠣᠯᠣᠨ | ᠷᠸᠣᠷᠠᠨ ᠤ ᠷᠠᠨ ᠪᠣᠯ ᠠᠳᠠᠯᠢ ᠨᠢᠭᠡᠨ 然 ᠦᠰᠦᠭ ᠪᠠᠶᠢᠵᠣ ᠲᠡᠭᠡᠳᠦ ᠡᠷᠳᠡᠨ ᠤ ᠦᠶ᠎ᠡ ᠳᠤ ᠪᠦᠷ ᠣᠶᠢᠷᠠᠯᠴᠠᠭ᠎ᠠ | ᠪᠠᠷ ᠨᠢᠶᠠᠨ ᠢᠶᠠᠷ ᠣᠩᠰᠢᠳᠠᠭ ᠪᠠᠶᠢᠵᠠᠢ᠃ ᠶᠠᠨ ᠷᠠᠨ ᠱᠠᠨ ᠠᠭᠤᠯᠠ ᠪᠣᠯ ᠣᠳᠣ ᠶᠢᠨ ᠲᠡᠯᠭᠡᠷ ᠬᠠᠩᠭᠠᠢ ᠨᠢᠷᠣᠭᠤᠨ ᠤ | ᠨᠢᠭᠡ ᠬᠡᠰᠡᠭ ᠨᠢ ᠶᠣᠮ᠃ ᠲᠡᠭᠡᠭᠡᠳ ᠲᠡᠯᠭᠡᠷ ᠬᠠᠩᠭᠠᠢ ᠭᠡᠳᠡᠭ ᠨᠡᠷ᠎ᠡ ᠦᠭᠡ ᠴᠦ ᠠᠷᠪᠠᠨ ᠵᠢᠷᠭᠤᠭ᠎ᠠ ᠲᠣᠯᠣᠳᠣᠭᠠᠷ | ᠵᠠᠭᠤᠨ ᠳᠤ ᠰᠠᠶ᠋ᠢ ᠪᠣᠢ ᠪᠣᠯᠣᠭᠰᠠᠨ ᠰᠢᠨᠡᠪᠳᠦᠷᠬᠡᠨ ᠮᠣᠩᠭᠤᠯ ᠨᠡᠷᠡᠰ ᠦᠭᠡ ᠶᠣᠮ᠃ ᠶᠠᠨ ᠷᠠᠨ ᠱᠠᠨ ᠠᠭᠤᠯᠠ ᠶᠢ | ᠡᠷᠳᠡᠨ ᠤ ᠾᠦᠩᠨᠦ ᠬᠡᠯᠡᠨ ᠳᠤ ᠢᠨᠢᠯ ᠠᠭᠤᠯᠠ ᠭᠡᠬᠦ ᠪᠣᠶᠣ ᠢᠨᠠᠯ ᠠᠭᠤᠯᠠ ᠭᠡᠳᠡᠭ ᠪᠠᠶᠢᠵᠠᠢ᠃ ᠲᠣᠰ ᠠᠭᠤᠯᠠᠨ ᠤ | ᠪᠠᠶᠢᠷᠢᠰᠢᠯ ᠨᠢ ᠬᠠᠩᠭᠠᠢ ᠨᠢᠷᠣᠭᠤ ᠪᠠ ᠭᠤᠪᠢ ᠠᠯᠳᠠᠢ ᠨᠢᠷᠣᠭᠤ ᠶᠢᠨ ᠵᠡᠭᠦᠨ ᠦᠵᠦᠭᠦᠷ ᠤᠨ ᠵᠡᠭᠦᠨ ᠲᠠᠯ᠎ᠠ ᠪᠠᠷ | ᠣᠮᠠᠷ᠎ᠠ ᠵᠦᠭ ᠠᠴᠠ ᠡᠮᠦᠨᠡᠰᠢ ᠣᠷᠣᠰᠣᠨ ᠢᠷᠡᠵᠦ ᠪᠠᠶᠢᠭ᠎ᠠ ᠲᠣᠲᠣᠭᠠᠳᠣ ᠣᠷᠣᠰᠬᠠᠯ ᠲᠤ ᠭᠤᠣᠯ ᠪᠣᠯᠬᠤ ᠣᠩᠬᠢ | ᠶᠢᠨ ᠭᠤᠣᠯ ᠤᠨ ᠬᠦᠨᠳᠡᠢ ᠶᠢᠨ ᠵᠡᠭᠦᠨ ᠲᠠᠯ᠎ᠠ ᠳᠤ ᠪᠠᠶᠢᠭ᠎ᠠ ᠵᠡᠭᠦᠨᠰᠢ ᠪᠠᠷᠠᠭᠤᠨᠰᠢ ᠬᠦᠨᠳᠡᠯᠢᠰᠦᠭᠰᠡᠨ ᠲᠦᠴᠢ | ᠲᠠᠪᠢᠬᠠᠨ ᠺᠢᠯᠣᠮᠧᠲᠷ ᠣᠷᠳᠣ ᠵᠢᠵᠢᠭᠬᠡᠨ ᠠᠭᠤᠯᠠ ᠨᠢᠷᠣᠭᠤ ᠶᠣᠮ᠃ ᠲᠡᠭᠦᠨ ᠤ ᠴᠢᠬᠤᠯᠠ ᠴᠢᠨᠠᠷ ᠨᠢ ᠡᠨᠡᠬᠦ ᠠᠭᠤᠯᠠ | ᠨᠢᠷᠣᠭᠤ ᠣᠩᠬᠢ ᠶᠢᠨ ᠭᠤᠣᠯ ᠤᠨ ᠬᠦᠨᠳᠡᠢ ᠶᠢ ᠬᠦᠨᠳᠡᠯᠢᠰᠦᠨ᠂ ᠮᠣᠩᠭᠤᠯ ᠨᠣᠳᠤᠭ ᠵᠦᠭ ᠲᠠᠶᠢᠨ ᠬᠢᠬᠦ ᠬᠠᠨ | ᠣᠯᠣᠰ ᠤᠨ ᠴᠡᠷᠢᠭ ᠤᠨ ᠵᠠᠪᠠᠯ ᠦᠩᠭᠡᠷᠡᠬᠦ ᠵᠠᠮ ᠶᠠᠪᠣᠴᠠ ᠲᠠᠬᠢ ᠨᠢᠭᠡᠨ ᠵᠢᠵᠢᠭ ᠠᠭᠤᠯᠠ ᠨᠢᠷᠣᠭᠤ ᠪᠣᠯᠣᠨ᠎ᠠ᠃ | ᠡᠶᠢᠮᠦ ᠠᠴᠠ ᠮᠣᠩᠭᠤᠯᠴᠣᠳ ᠲᠣᠰ ᠠᠭᠤᠯᠠ ᠶᠢ ᠪᠠᠰᠠ ᠶᠡᠭᠡ ᠲᠠᠭ ᠭᠡᠵᠦ ᠨᠡᠷᠡᠶᠢᠳᠦᠨ᠂ ᠣᠩᠬᠢ ᠶᠢᠨ ᠭᠤᠣᠯ ᠤᠨ | ᠬᠦᠨᠳᠡᠢ ᠶᠢ ᠲᠠᠭᠯᠠᠵᠣ ᠪᠠᠶᠢᠭ᠎ᠠ ᠲᠠᠭᠯᠠᠭᠠᠰᠣ ᠭᠡᠵᠦ ᠦᠵᠡᠳᠡᠭ ᠨᠢ ᠪᠣᠷᠣᠭᠤ ᠦᠭᠡᠢ ᠶᠣᠮ᠃ | ᠬᠢᠳᠠᠳ ᠴᠡᠷᠢᠭ ᠲᠠᠶᠢᠨ ᠳᠤ ᠮᠣᠷᠳᠠᠬᠤ ᠲᠠᠭᠠᠨ ᠵᠠᠪᠠᠯ ᠴᠡᠷᠢᠭ ᠤᠨ ᠠᠮᠣ ᠬᠦᠨᠡᠰᠦ ᠪᠠᠨ ᠵᠠᠭᠤ ᠮᠢᠩᠭᠠᠨ ᠲᠡᠷᠭᠡᠨ | ᠳᠤ ᠠᠴᠢᠵᠣ ᠴᠡᠷᠢᠭ ᠢᠶᠠᠨ ᠲᠠᠭᠠᠯᠳᠣᠨ ᠶᠠᠪᠣᠳᠠᠭ ᠪᠣᠯᠬᠤᠷ᠂ ᠦᠨᠳᠦᠷ ᠠᠭᠤᠯᠠ ᠲᠠᠪᠠᠭ᠎ᠠ ᠲᠠᠢ ᠭᠠᠵᠠᠷ ᠢᠶᠠᠷ | ᠠᠶᠠᠯᠠᠬᠤ ᠪᠣᠯᠣᠮᠵᠢ ᠲᠣᠩ ᠪᠠᠭ᠎ᠠ ᠠᠵᠠᠢ᠃ ᠡᠶᠢᠮᠦ ᠠᠴᠠ ᠲᠡᠳᠡ ᠵᠠᠪᠠᠯ ᠠᠭᠤᠯᠠ ᠲᠠᠪᠠᠭ᠎ᠠ ᠴᠦᠬᠡᠨ ᠵᠠᠮ ᠢ | ᠰᠣᠩᠭᠤᠳᠠᠭ ᠪᠠᠶᠢᠵᠠᠢ᠃ ᠣᠩᠬᠢ ᠶᠢᠨ ᠭᠤᠣᠯ ᠤᠨ ᠬᠦᠨᠳᠡᠢ ᠪᠣᠯ ᠪᠠᠷᠠᠭᠤᠨ ᠲᠠᠯ᠎ᠠ ᠶᠢᠨ ᠭᠤᠪᠢ ᠠᠯᠳᠠᠢ ᠨᠢᠷᠣᠭᠤ | ᠪᠣᠯᠣᠨ ᠬᠠᠩᠭᠠᠢ ᠨᠢᠷᠣᠭᠤᠨ ᠤ ᠵᠡᠭᠦᠨ ᠲᠠᠯ᠎ᠠ ᠳᠤ ᠪᠠᠶᠢᠵᠣ᠃ ᠲᠡᠭᠦᠨ ᠠᠴᠠ ᠪᠠᠰᠠ ᠵᠡᠭᠦᠨᠰᠢ ᠪᠣᠯ ᠮᠦᠨ ᠦᠨᠳᠦᠷ | ᠰᠦᠷᠯᠢᠭ ᠠᠭᠤᠯᠠ ᠨᠢᠷᠣᠭᠤ ᠪᠦᠬᠦᠢ ᠬᠡᠨᠳᠡᠢ ᠨᠢᠷᠣᠭᠤᠳ ᠪᠣᠯᠣᠨ᠎ᠠ᠃ ᠡᠶᠢᠮᠦ ᠠᠴᠠ ᠣᠩᠬᠢ ᠶᠢᠨ ᠭᠤᠣᠯ ᠤᠨ | ᠬᠦᠨᠳᠡᠢ ᠪᠣᠯ ᠣᠮᠠᠷᠠᠰᠢ ᠴᠡᠷᠢᠭᠯᠡᠬᠦ ᠳᠤ ᠬᠠᠷᠢᠴᠠᠩᠭᠤᠢ ᠲᠠᠷᠳᠠᠩ ᠮᠦᠷᠳᠡᠭᠡᠨ ᠣᠰᠣ ᠡᠪᠡᠰᠦ ᠲᠠᠢ ᠴᠡᠷᠢᠭ ᠲᠠᠶᠢᠨ ᠤ | ᠴᠢᠬᠤᠯᠠ ᠵᠠᠮ ᠪᠣᠯᠵᠣ ᠪᠠᠶᠢᠵᠠᠢ᠃ ᠡᠨᠡᠬᠦ ᠰᠢᠯᠳᠠᠭᠠᠨ ᠢᠶᠠᠷ ᠬᠠᠨ ᠣᠯᠣᠰ ᠾᠦᠩᠨᠦ ᠣᠯᠣᠰ ᠵᠦᠭ ᠲᠤ | ᠲᠦᠷᠢᠮᠡᠬᠡᠶᠢᠯᠡᠨ ᠣᠷᠣᠬᠤ ᠶᠡᠭᠡ ᠴᠡᠷᠢᠭ ᠲᠠᠶᠢᠨ ᠨᠢ ᠣᠳᠠᠭ᠎ᠠ ᠪᠣᠯᠭᠠᠨ ᠶᠡᠷᠦ ᠨᠢ ᠪᠦᠷ ᠡᠨᠡᠭᠦᠷ ᠴᠡᠷᠢᠭ ᠣᠷᠣᠳᠠᠭ | ᠪᠣᠯᠬᠤᠷ᠂ ᠾᠦᠩᠨᠦᠴᠦᠳ ᠴᠦ ᠡᠨᠡᠬᠦ ᠭᠠᠵᠠᠷ ᠤᠨ ᠪᠠᠶᠢᠴᠠ ᠪᠠᠨ ᠠᠰᠢᠭᠯᠠᠨ᠂ ᠠᠳᠡ ᠰᠡᠷᠭᠡᠶᠢᠯᠡᠯᠳᠡ ᠬᠢᠵᠦ | ᠲᠠᠶᠢᠰᠣᠨ ᠲᠠᠢ ᠪᠠᠨ ᠲᠣᠯᠣᠯᠴᠠᠳᠠᠭ ᠪᠠᠶᠢᠵᠠᠢ᠃ ᠡᠶᠢᠮᠦ ᠠᠴᠠ ᠬᠠᠨ ᠣᠯᠣᠰ ᠪᠠ ᠾᠦᠩᠨᠦ ᠶᠢᠨ ᠬᠤᠭᠤᠷᠣᠨᠳᠣᠬᠢ | ᠣᠳᠠᠭ᠎ᠠ ᠪᠣᠯᠭᠠᠨ ᠤ ᠶᠡᠭᠡ ᠲᠠᠶᠢᠨ ᠪᠦᠷ ᠠᠳᠡ ᠡᠭᠦᠰᠳᠡᠭ ᠶᠣᠮ᠃ ᠵᠢᠱᠢᠶᠡᠯᠡᠪᠡᠯ᠂ ᠨᠡᠶᠢᠳᠡ ᠶᠢᠨ ᠣᠨ ᠲᠣᠭᠠᠯᠠᠯ | ᠤᠨ ᠡᠮᠦᠨ᠎ᠡ 119 ᠣᠨ ᠳᠤ ᠬᠠᠨ ᠣᠯᠣᠰ ᠤᠨ ᠶᠡᠭᠡ ᠵᠠᠩᠵᠣᠨ ᠸᠧᠢ ᠴᠢᠩ ᠤᠨ ᠲᠠᠶᠢᠴᠢᠯᠠᠭᠰᠠᠨ ᠶᠡᠭᠡ ᠴᠡᠷᠢᠭ | ᠮᠦᠨ ᠠᠳᠡ ᠾᠦᠩᠨᠦ ᠶᠢᠨ ᠢᠵᠢᠰᠡ ︵ᠡᠵᠡᠰ︶ ᠴᠠᠨ ᠢᠥᠢ ︵伊稚斜单于︶ ᠶᠢᠨ ᠬᠤᠷᠢᠭᠯᠠᠨ | ᠪᠠᠶᠢᠯᠳᠣᠷ᠎ᠠ ᠢᠷᠡᠭᠰᠡᠨ ᠾᠦᠩᠨᠦ ᠴᠡᠷᠢᠭ ᠲᠠᠢ ᠶᠡᠭᠡ ᠲᠠᠶᠢᠨ ᠪᠣᠯᠵᠠᠢ᠃ ᠨᠡᠶᠢᠳᠡ ᠶᠢᠨ ᠣᠨ ᠲᠣᠭᠠᠯᠠᠯ ᠤᠨ ᠡᠮᠦᠨ᠎ᠡ | 90 ᠣᠨ ᠳᠤ ᠬᠠᠨ ᠣᠯᠣᠰ ᠤᠨ ᠶᠡᠭᠡ ᠵᠠᠩᠵᠣᠨ ᠯᠢ ᠭᠤᠸᠠᠩ ᠯᠢ ᠶᠢᠨ ᠲᠠᠶᠢᠴᠢᠯᠠᠭᠰᠠᠨ ᠬᠤᠷᠢᠨ ᠬᠡᠳᠦᠨ ᠲᠦᠮᠡᠨ | ᠬᠦᠮᠦᠨ ᠲᠠᠢ ᠶᠡᠭᠡ ᠴᠡᠷᠢᠭ ᠮᠦᠨ ᠡᠨᠡᠭᠦᠷ ᠶᠡᠭᠡ ᠲᠠᠶᠢᠨ ᠪᠣᠯᠵᠣ᠂ ᠦᠯᠡᠬᠦᠥ ᠴᠠᠨ ᠢᠥᠢ ᠳᠤ ᠬᠢᠶᠠᠷ ᠬᠢᠳᠣᠭᠳᠠᠭᠰᠠᠨ | ᠪᠦᠭᠡᠳ ᠡᠵᠡᠨ ᠵᠠᠩᠵᠣᠨ ᠯᠢ ᠭᠤᠸᠠᠩ ᠯᠢ ᠬᠦᠷᠳᠡᠯ᠎ᠡ ᠾᠦᠩᠨᠦ ᠳᠤ ᠪᠠᠭᠤᠵᠣ ᠦᠭᠭᠦᠭᠰᠡᠨ ᠶᠣᠮ᠃ ᠬᠤᠵᠢᠮ | ᠨᠡᠶᠢᠳᠡ ᠶᠢᠨ ᠣᠨ ᠲᠣᠭᠠᠯᠠᠯ ᠤᠨ 87 ᠣᠨ ᠳᠤ ᠬᠠᠨ ᠣᠯᠣᠰ ᠤᠨ ᠶᠡᠭᠡ ᠵᠠᠩᠵᠣᠨ ᠳ᠋ᠸᠥ ᠰᠢᠶᠠᠨ ᠪᠣᠯᠣᠨ | ᠡᠮᠦᠨᠡᠳᠦ ᠾᠦᠩᠨᠦ ᠶᠢᠨ ᠣᠯᠠᠮ ᠰᠢᠳᠣᠷᠭᠤ ᠲᠠᠢ ᠴᠠᠨ ᠢᠥᠢ ︵休兰尸逐侯鞮单于 ᠬᠤᠯᠠᠮ | ᠰᠢᠳᠣᠷᠭᠤᠳᠡᠢ ᠴᠠᠨ ᠢᠥᠢ︶ ᠲᠣᠨᠳᠤᠬᠠ ᠶᠢᠨ ᠲᠠᠶᠢᠴᠢᠯᠠᠭᠰᠠᠨ ᠶᠡᠭᠡ ᠴᠡᠷᠢᠭ ᠪᠣᠯᠣᠨ ᠲᠣᠬᠠᠢ ᠶᠢᠨ ᠦᠶ᠎ᠡ ᠶᠢᠨ | ᠣᠮᠠᠷᠠᠳᠣ ᠾᠦᠩᠨᠦ ᠶᠢᠨ ᠬᠤᠭᠤᠷᠣᠨᠳᠣ ᠪᠣᠯᠣᠭᠰᠠᠨ ᠶᠡᠭᠡ ᠲᠠᠶᠢᠨ ᠮᠦᠨ ᠠᠳᠡ ᠶᠠᠪᠣᠭᠳᠠᠵᠠᠢ᠃ ᠲᠡᠭᠡᠭᠡᠳ ᠦᠨᠦ | ᠲᠡᠣᠬᠡᠨ ᠳᠤ ᠠᠯᠳᠠᠷ ᠲᠠᠢ ︽ᠶᠠᠨ ᠷᠠᠨ ᠱᠠᠨ ᠤ ᠮᠠᠭᠳᠠᠭᠤ︾ ᠭᠡᠳᠡᠭ ᠬᠠᠳᠠᠨ ᠪᠢᠴᠢᠭᠡᠰᠦ ᠶᠢ ᠠᠳᠡ | ᠰᠡᠶᠢᠯᠪᠦᠷᠢᠯᠡᠭᠰᠡᠨ ᠶᠣᠮ᠃ ᠪᠢ ᠶᠠᠨ ᠷᠠᠨ ᠱᠠᠨ ᠠᠭᠤᠯᠠᠨ ᠤ ᠪᠠᠶᠢᠷᠢᠰᠢᠯ ᠤᠨ ᠮᠠᠭᠠᠳᠯᠠᠯ ᠤᠨ ᠲᠣᠬᠠᠢ ᠨᠢᠭᠡᠨ ᠵᠢᠵᠢᠭ | ᠲᠣᠪᠬᠢᠮᠠᠯ ᠪᠢᠴᠢᠵᠣ᠂ ᠡᠳᠡᠭᠡᠷ ᠠᠭᠤᠯᠭ᠎ᠠ ᠶᠢ ᠬᠤᠯᠪᠣᠭ᠎ᠠ ᠰᠦᠯᠵᠢᠶ᠎ᠡ ᠪᠣᠯᠣᠨ ᠴᠢᠩᠬᠢᠰ ᠰᠦᠯᠵᠢᠶ᠎ᠡ ᠵᠡᠷᠭᠡ ᠪᠠᠷ | ᠨᠡᠶᠢᠳᠡᠯᠡᠵᠦ ᠦᠩᠭᠡᠷᠡᠭᠰᠡᠨ ᠶᠣᠮ᠃ ᠰᠣᠨᠢᠷᠬᠠᠯ ᠲᠠᠢ ᠬᠦᠮᠦᠰ ᠡᠷᠢᠵᠦ ᠦᠵᠡᠭᠡᠷᠡᠢ᠃ ᠠᠳᠡ ᠷᠸᠣᠷᠠᠨ ᠪᠣᠯᠣᠨ ᠶᠠᠨ | ᠷᠠᠨ᠂ ᠷᠸᠣᠷᠠᠨ ᠪᠣᠯᠣᠨ ᠨᠢᠷᠣᠭᠤᠨ ᠬᠤᠯᠪᠣᠭᠳᠠᠯ ᠦᠭᠡᠢ ᠭᠡᠰᠡ ᠣᠳᠬ᠎ᠠ ᠶᠢ ᠲᠠᠬᠢᠨ ᠢᠯᠡᠳᠭᠡᠶ᠎ᠡ᠃ | ᠷᠸᠣᠷᠠᠨ ᠭᠡᠳᠡᠭ ᠦᠭᠡ ᠶᠢ ᠬᠢᠳᠠᠳ ᠬᠡᠯᠡᠨ ᠤ ᠨᠣᠳᠤᠭ ᠨᠣᠳᠤᠭ ᠤᠨ ᠠᠪᠢᠶᠠᠨ ᠳᠤ ᠣᠯᠠᠨ ᠶᠠᠩᠵᠣ ᠪᠠᠷ | ᠠᠪᠢᠶᠠᠯᠠᠳᠠᠭ ᠶᠣᠮ᠃ ᠵᠢᠱᠢᠶᠡᠯᠡᠪᠡᠯ R ᠭᠡᠶᠢᠭᠦᠯᠦᠭᠴᠢ ᠶᠢ ᠵᠠᠷᠢᠮ ᠨᠣᠳᠤᠭ ᠨᠢ ︽ᠯᠠ︾ ᠪᠠᠷ ᠠᠪᠢᠶᠠᠯᠠᠬᠤ ᠳᠤ᠂ | ᠵᠠᠷᠢᠮ ᠨᠢ ︽ᠶᠠ︾ ᠪᠠᠷ ᠠᠪᠢᠶᠠᠯᠠᠵᠣ᠂ ᠪᠠᠰᠠ ᠵᠠᠷᠢᠮ ᠨᠢ ︽ᠨᠠ︾ ᠪᠠᠷ ᠠᠪᠢᠶᠠᠯᠠᠬᠤ ᠵᠡᠷᠭᠡ ᠦᠵᠡᠭᠳᠡᠯ ᠲᠣᠩ | ᠶᠡᠷᠦ ᠶᠢᠨ ᠬᠡᠷᠡᠭ ᠶᠣᠮ᠃ ᠣᠳᠣ ᠪᠣᠯᠳᠠᠯᠠᠬᠢ ᠬᠢᠳᠠᠳ ᠨᠣᠳᠤᠭ ᠤᠨ ᠠᠪᠢᠶᠠᠨ ᠳᠤ ᠮᠦᠨ ᠡᠨᠡ ᠮᠡᠳᠦ ᠪᠠᠷ | ᠠᠪᠢᠶᠠᠯᠠᠭᠰᠠᠭᠠᠷ ᠪᠠᠶᠢᠨ᠎ᠠ᠃ ᠡᠶᠢᠮᠦ ᠠᠴᠠ ᠷᠸᠣᠷᠠᠨ ᠢ ᠶᠦᠶᠠᠨ ᠭᠡᠵᠦ ᠣᠩᠰᠢᠬᠤ ᠲᠠᠳᠬᠠᠯ ᠴᠦ ᠪᠠᠶᠢᠭᠰᠠᠨ ᠪᠣᠯᠬᠤᠷ | ᠂ ᠲᠦᠷᠺᠴᠣᠳ ᠮᠠᠨᠳᠣᠭᠠᠳ᠂ ᠡᠭᠦᠨ ᠢ ᠮᠦᠷᠳᠡᠨ ᠦᠪᠡᠷ ᠤᠨ ᠶᠠ ᠶᠢ ᠵᠠ ᠪᠠᠷ ᠣᠩᠰᠢᠬᠤ ᠲᠠᠳᠬᠠᠯ ᠠᠴᠠ ᠪᠣᠯᠵᠣ᠂ | ᠶᠦᠶᠠᠨ ᠢ ᠵᠦᠵᠠᠨ ᠵᠦᠷᠵᠠᠨ ᠮᠡᠳᠦ ᠪᠠᠷ ᠣᠩᠰᠢᠳᠠᠭ ᠪᠣᠯᠣᠭᠰᠠᠨ ᠲᠣᠯᠠ᠂ ᠵᠠᠷᠢᠮ ᠬᠦᠮᠦᠰ ᠡᠭᠦᠨ ᠢ | ᠦᠨᠳᠦᠰᠦᠯᠡᠵᠦ ᠷᠸᠣᠷᠠᠨ ᠤ ᠣᠣᠯ ᠨᠡᠷ᠎ᠡ ᠨᠢ ᠲᠠᠷᠣᠢ ᠵᠣᠷᠵᠠᠨ ᠪᠣᠯᠣᠨ᠎ᠠ ᠭᠡᠵᠦ ᠬᠡᠯᠡᠬᠦ ᠬᠦᠮᠦᠨ ᠴᠦ ᠣᠯᠠᠨ ᠭᠠᠷᠴᠠᠢ | ᠃ | ᠡᠴᠦᠰ ᠲᠤ ᠮᠢᠨᠦ ᠬᠤᠪᠢ ᠬᠦᠮᠦᠨ ᠤ ᠦᠵᠡᠬᠦ ᠪᠠᠷ ᠷᠸᠣᠷᠠᠨ ᠭᠡᠳᠡᠭ ᠦᠭᠡ ᠪᠣᠯ ᠲᠠᠷᠣᠢ ᠠᠸᠠᠷ ᠭᠡᠳᠡᠭ ᠦᠭᠡ | ᠪᠣᠯᠬᠤ ᠮᠠᠭᠠᠳᠯᠠᠯ ᠶᠡᠭᠡ ᠪᠠᠶᠢᠨ᠎ᠠ᠃ ᠨᠠᠭᠠᠳᠣ ᠵᠠᠬ ᠨᠢ ᠠᠸᠠᠷ ᠲᠠᠢ ᠨᠢᠬᠳᠠ ᠬᠤᠯᠪᠣᠭ᠎ᠠ ᠲᠠᠢ ᠪᠠᠶᠢᠵᠣ ᠮᠡᠳᠡᠨ᠎ᠡ᠃ | ᠲᠡᠭᠡᠪᠡᠯ ᠠᠸᠠᠷ ᠨᠢ ᠶᠠᠮᠠᠷ ᠣᠳᠬ᠎ᠠ ᠲᠠᠢ ᠦᠭᠡ ᠪᠣᠢ ᠭᠡᠪᠡᠯ ᠮᠢᠨᠦ ᠬᠤᠪᠢ ᠬᠦᠮᠦᠨ ᠤ ᠵᠢᠱᠢᠵᠦ ᠪᠠᠶᠢᠭ᠎ᠠ ᠪᠠᠷ ︽ | ᠨᠦᠬᠦᠷ︾ ᠭᠡᠳᠡᠭ ᠦᠭᠡᠨ ᠤ ᠡᠷᠳᠡᠨ ᠤ ᠬᠡᠯᠪᠡᠷᠢ ᠶᠢᠨ ᠬᠤᠶᠢᠨ᠎ᠠ ᠬᠠᠭᠠᠰ ᠨᠢ ᠪᠠᠶᠢᠵᠣ ᠮᠠᠭᠠᠳ᠃ 柔然 ᠤ | ᠡᠷᠳᠡᠨ ᠤ ᠠᠪᠢᠶ᠎ᠠ ᠠᠶᠠᠯᠭᠤ ᠨᠢ ᠣᠶᠢᠷᠠᠯᠴᠠᠭ᠎ᠠ ᠪᠠᠷ ᠨᠢᠦ ᠨᠢᠶᠠᠨ ᠭᠡᠵᠦ᠂ ︽ᠨᠦᠬᠦᠷ︾ ᠪᠣᠶᠣ ︽ᠨᠦᠬᠦᠷ ᠨᠡᠷ︾ | ᠠᠴᠠ ᠮᠠᠰᠢ ᠣᠶᠢᠷᠠᠯᠴᠠᠭ᠎ᠠ ᠣᠩᠰᠢᠭᠳᠠᠨ᠎ᠠ᠃ ᠷᠸᠣᠷᠠᠨᠴᠣᠳ ᠪᠣᠯ ᠶᠠᠮᠠᠷ ᠨᠢᠭᠡᠨ ᠴᠡᠪᠡᠷ ᠴᠢᠰᠣᠨ ᠣᠳᠣᠮ ᠳᠤ | ᠲᠣᠯᠭᠠᠭᠤᠷᠢᠯᠠᠨ ᠡᠭᠦᠰᠦᠭᠰᠡᠨ ᠣᠪᠣᠭ ᠠᠶᠢᠮᠠᠭ ᠪᠢᠰᠢ ᠭᠡᠳᠡᠭ ᠨᠢ ᠲᠡᠣᠬᠡᠨ ᠳᠤ ᠦᠨᠡᠨᠳᠡᠢ ᠬᠡᠷᠡᠭ ᠶᠣᠮ᠃ ᠷᠸᠣᠷᠠᠨ | ᠠᠶᠢᠮᠠᠭ ᠤᠨ ᠡᠭᠦᠰᠦᠯ ᠭᠠᠷᠣᠯ ᠢ ᠬᠡᠯᠡᠪᠡᠯ᠂ ᠠᠩᠬ᠎ᠠ ᠡᠬᠢᠯᠡᠭᠡᠳ ᠲᠡᠳᠡ ᠪᠦᠷ ᠮᠣᠬᠤᠯᠠᠢ ᠲᠠᠢ ᠨᠢᠭᠡᠨ ᠠᠳᠠᠯᠢ ᠪᠠᠷ | ᠲᠣᠬᠠᠢ ᠶᠢᠨ ᠦᠶ᠎ᠡ ᠶᠢᠨ ᠲᠦᠷᠦ ᠵᠠᠰᠠᠭ ᠲᠠᠭᠠᠨ ᠶᠠᠯ᠎ᠠ ᠣᠰᠣᠯ ᠲᠠᠢ ᠪᠣᠯᠣᠭᠰᠠᠨ ᠬᠦᠮᠦᠰ᠂ ᠬᠦᠨᠳᠦ ᠶᠠᠯᠠᠳᠠᠭᠳᠠᠬᠤ | ᠪᠣᠶᠣ ᠴᠢᠨᠠᠭᠰᠢᠯᠠᠪᠠᠯ ᠠᠯᠠᠭᠳᠠᠬᠤ ᠠᠴᠠ ᠠᠶᠣᠬᠤ ᠲᠠᠭᠠᠨ ᠠᠭᠤᠯᠠ ᠰᠢᠭᠤᠢ ᠳᠤ ᠰᠢᠷᠭᠤᠨ ᠪᠣᠯᠳᠠᠵᠣ ᠪᠠᠶᠢᠭᠠᠳ᠂ | ᠬᠠᠷᠢᠯᠴᠠᠨ ᠨᠡᠶᠢᠯᠡᠵᠦ ᠪᠦᠷᠢᠯᠳᠦᠭᠰᠡᠨ ᠨᠢᠭᠡᠨ ᠡᠪᠰᠡᠯ ᠪᠦᠯᠬᠦᠮ ᠠᠴᠠ ᠦᠨᠳᠦᠰᠦᠯᠡᠭᠰᠡᠨ ᠠᠶᠢᠮᠠᠭ ᠪᠦᠯᠦᠭ ᠶᠣᠮ᠃ | ᠡᠨᠡᠬᠦ ᠣᠳᠬ᠎ᠠ ᠠᠴᠠ ᠲᠣᠬᠠᠢ ᠶᠢᠨ ᠦᠶ᠎ᠡ ᠶᠢᠨ ᠵᠠᠷᠢᠮ ᠬᠢᠳᠠᠳ ᠲᠡᠣᠬᠡᠴᠢᠳ ᠴᠦ ᠲᠡᠳᠡᠨᠡᠷ ᠢ ︽ᠬᠤᠯᠢᠮᠠᠭ ᠬᠣ᠋︾ | ︵杂胡︶ ᠭᠡᠵᠦ ᠨᠡᠷᠡᠶᠢᠳᠦᠵᠦ ᠪᠠᠶᠢᠵᠠᠢ᠃ ᠡᠭᠦᠨ ᠠᠴᠠ ᠦᠵᠡᠪᠡᠯ᠂ ᠲᠡᠳᠡᠨᠡᠷ ᠦᠪᠡᠷ ᠢ ᠪᠠᠨ ︽ᠨᠦᠬᠦᠷ︾ | ᠪᠣᠶᠣ ︽ᠨᠦᠬᠦᠷ ᠨᠡᠷ︾ ︵柔然︶ ᠭᠡᠵᠦ ᠨᠡᠷᠡᠶᠢᠳᠦᠬᠦ ᠪᠣᠯᠣᠮᠵᠢ ᠦᠭᠡᠢ ᠪᠢᠰᠢ᠃ ᠨᠦᠬᠦᠭᠡ ᠲᠠᠯ᠎ᠠ ᠪᠠᠷ 芮 | ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ ᠨᠢ ᠬᠠᠷᠢᠨ ᠶᠠᠭ ᠰᠠᠶᠢᠬᠠᠨ njiwar ︵ | ᠣᠶᠢᠷᠠᠯᠴᠠᠭ᠎ᠠ ᠪᠠᠷ ᠨᠢᠦ ᠸᠠᠷ ᠪᠣᠶᠣ ᠨᠢᠦ ᠠᠷ︶ ᠪᠠᠶᠢᠵᠠᠢ ᠭᠡᠵᠦ ᠬᠢᠳᠠᠳ ᠤᠨ ᠡᠷᠳᠡᠨ ᠤ ᠬᠢᠳᠠᠳ ᠬᠡᠯᠡᠨ ᠤ ᠠᠪᠢᠶ᠎ᠠ | ᠠᠶᠠᠯᠭᠤ ᠶᠢᠨ ᠡᠷᠳᠡᠮᠳᠡᠳ ᠮᠠᠰᠢ ᠨᠢᠭᠡᠳᠦᠯ ᠲᠠᠢ ᠲᠠᠶᠢᠯᠪᠣᠷᠢᠯᠠᠳᠠᠭ ᠶᠣᠮ᠃ ᠡᠶᠢᠮᠦ ᠠᠴᠠ ᠷᠸᠣᠷᠠᠨᠴᠣᠳ ᠡᠮᠦᠨᠡᠳᠦ | ᠴᠢ ᠣᠯᠣᠰ ᠲᠤ ᠦᠭᠭᠦᠭᠰᠡᠨ ᠬᠤᠯᠪᠣᠭ᠎ᠠ ᠪᠠᠷᠢᠬᠤ ᠣᠯᠣᠰ ᠤᠨ ᠪᠢᠴᠢᠭ ᠲᠡᠭᠡᠨ ᠦᠪᠡᠷ ᠤᠨ ᠣᠯᠣᠰ ᠢᠶᠠᠨ ᠪᠢᠳᠡᠨ | ᠤ ᠬᠠᠭᠠᠨᠳᠣ ᠷᠦᠢ ︵njiwar᠂ ᠬᠠᠭᠠᠨᠳᠣ ᠨᠦᠬᠦᠷ ᠨᠡᠷ︖︶ ᠭᠡᠰᠡᠨ ᠪᠣᠯᠣᠯᠳᠠᠢ᠃ ᠡᠨᠡᠬᠦ ᠨᠡᠷ᠎ᠡ ᠦᠷᠦᠨ᠎ᠡ | ᠲᠠᠬᠢᠨ ᠳᠤ ᠬᠦᠷᠦᠭᠡᠳ ᠠᠸᠠᠷ ᠪᠣᠶᠣ ᠠᠪᠠᠷ ᠪᠣᠯᠣᠭᠰᠠᠨ ᠪᠣᠯᠣᠯᠴᠠᠭ᠎ᠠ ᠲᠠᠢ ᠭᠡᠵᠦ ᠵᠣᠬᠢᠶᠠᠭᠴᠢ ᠠᠴᠠ ᠦᠵᠡᠵᠦ | ᠪᠠᠶᠢᠨ᠎ᠠ᠃ ᠭᠡᠶ᠎ᠡ ᠡᠨᠡ ᠪᠣᠯ ᠵᠦᠪᠬᠡᠨ ᠮᠢᠨᠦ ᠲᠠᠭᠠᠯᠳᠠ ᠠᠭᠤᠯᠭ᠎ᠠ ᠪᠣᠯᠭᠠᠭᠰᠠᠨ ᠬᠤᠪᠢ ᠬᠦᠮᠦᠨ ᠤ ᠦᠵᠡᠯᠳᠡ | ᠲᠡᠳᠦᠢ᠃ | ᠷᠸᠣᠷᠠᠨ ᠣᠯᠣᠰ ᠤᠨ ᠨᠣᠳᠤᠭ ᠲᠡᠪᠢᠰᠭᠡᠷ | ᠷᠸᠣᠷᠠᠨ ᠣᠯᠣᠰ ᠬᠦᠭᠵᠢᠯ ᠤᠨ ᠬᠠᠮᠤᠭ ᠣᠷᠭᠢᠯ ᠦᠶ᠎ᠡ ᠳᠡᠭᠡᠨ ᠲᠡᠭᠦᠨ ᠤ ᠨᠣᠳᠤᠭ ᠲᠡᠪᠢᠰᠭᠡᠷ ᠨᠢ ᠣᠮᠠᠷᠠᠰᠢ | ᠪᠠᠶᠢᠭᠠᠯ ᠲᠠᠯᠠᠢ ᠶᠢ ᠬᠠᠮᠣᠷᠴᠣ᠂ ᠡᠮᠦᠨᠡᠰᠢ ᠭᠤᠪᠢ ᠡᠯᠡᠰᠦ ᠪᠣᠯᠣᠨ ᠴᠠᠭᠠᠨ ᠬᠡᠷᠡᠮ ︵ᠣᠮᠠᠷᠠᠳᠣ ᠸᠧᠢ ᠣᠯᠣᠰ ᠴᠦ | ᠴᠠᠭᠠᠨ ᠬᠡᠷᠡᠮ ᠪᠠᠷᠢᠵᠣ ᠷᠸᠣᠷᠠᠨ ᠨᠡᠷ ᠢ ᠰᠡᠷᠭᠡᠶᠢᠯᠡᠵᠦ ᠪᠠᠶᠢᠵᠠᠢ︶ ᠢᠶᠠᠷ ᠣᠮᠠᠷᠠᠳᠣ ᠸᠧᠢ ᠣᠯᠣᠰ ᠲᠠᠢ ᠬᠢᠯᠢᠯᠡᠵᠦ᠂ | ᠵᠡᠭᠦᠨᠰᠢ ᠰᠣᠯᠣᠩᠭᠤᠰ ᠲᠠᠢ ᠵᠠᠬ᠎ᠠ ᠨᠡᠶᠢᠯᠡᠨ᠂ ᠪᠠᠷᠠᠭᠤᠨᠰᠢ ᠣᠳᠣ ᠶᠢᠨ ᠰᠢᠨᠵᠢᠶᠠᠩ ᠤᠨ ᠶᠠᠨ ᠴᠢ ᠬᠦᠷᠴᠦ᠂ | ᠪᠠᠷᠠᠭᠤᠨ ᠬᠤᠶᠢᠰᠢ ᠠᠯᠳᠠᠢ ᠲᠠᠪᠠᠨ᠂ ᠴᠢᠨᠠᠭᠰᠢ ᠨᠡᠩ ᠠᠯᠣᠰ ᠲᠤ ᠪᠠᠶᠢᠭ᠎ᠠ ᠪᠠᠯᠬᠠᠱ ᠨᠠᠭᠤᠷ ᠬᠦᠷᠴᠦ ᠪᠠᠶᠢᠪᠠ ᠭᠡᠵᠦ | ᠸᠢᠺᠢᠫᠧᠳᠢᠶ᠎ᠠ ᠰᠦᠯᠵᠢᠶᠡᠨ ᠳᠤ ᠲᠠᠨᠢᠯᠴᠠᠭᠤᠯᠵᠣ ᠪᠠᠶᠢᠳᠠᠭ᠃ ᠲᠣᠬᠠᠢ ᠶᠢᠨ ᠦᠶ᠎ᠡ ᠳᠤ ᠣᠳᠣᠬᠢ ᠰᠢᠨᠵᠢᠶᠠᠩ ᠢ | ᠪᠠᠭᠳᠠᠭᠠᠭᠰᠠᠨ ᠲᠣᠮᠳᠠᠳᠣ ᠠᠽᠢ᠂ ᠡᠮᠦᠨᠡᠳᠦ ᠠᠽᠢ ᠬᠦᠷᠳᠡᠯᠡᠬᠢ ᠦᠷᠭᠡᠨ ᠠᠭᠤᠳᠠᠮ ᠨᠣᠳᠤᠭ ᠲᠡᠪᠢᠰᠭᠡᠷ ᠪᠦᠷ ᠶᠧ | ᠳ᠋ᠠ ︵嚈噠︶ ᠬᠦᠮᠦᠰ ᠤᠨ ᠨᠣᠶᠠᠷᠬᠠᠯ ᠳᠤ ᠪᠠᠶᠢᠵᠣ᠂ ᠶᠧ ᠳ᠋ᠠ᠂ ᠷᠸᠣᠷᠠᠨ ᠬᠤᠭᠤᠷᠣᠨᠳᠣ ᠪᠠᠨ ᠮᠠᠰᠢ ᠰᠠᠶᠢᠨ | ᠡᠪ ᠨᠠᠶᠢᠷᠠᠮᠳᠠᠯ ᠲᠠᠢ ᠪᠦᠭᠡᠳ ᠦᠷᠬᠦᠯᠵᠢ ᠣᠷᠤᠭ ᠰᠠᠳᠣᠨ ᠤ ᠬᠠᠷᠢᠴᠠᠭ᠎ᠠ ᠪᠠᠶᠢᠭᠤᠯᠵᠣ᠂ ᠣᠯᠣᠰ ᠲᠦᠷᠦ ᠢᠶᠠᠨ | ᠨᠢᠬᠳᠠ ᠬᠤᠯᠪᠣᠭ᠎ᠠ ᠲᠠᠢ ᠪᠠᠶᠢᠵᠠᠢ᠃ ᠠᠳᠡ ᠦᠬᠦᠯᠡᠵᠦ ᠪᠠᠶᠢᠭ᠎ᠠ ᠶᠧ ᠳ᠋ᠠ ᠶᠢ ᠪᠠᠰᠠ ᠶᠠᠨ ᠳ᠋ᠠ ᠭᠡᠳᠡᠭ᠂ ᠬᠢᠳᠠᠳ | ᠦᠰᠦᠭ ᠤᠨ ᠠᠭᠤᠯᠭ᠎ᠠ ᠨᠢ ᠮᠦᠨ ᠲᠣᠷᠣᠮᠵᠢᠯᠠᠬᠤ᠂ ᠬᠠᠷᠢᠶᠠᠵᠣ ᠵᠦᠭᠡᠬᠦ ᠰᠣᠶᠣᠯ ᠠᠴᠠ ᠡᠭᠦᠰᠦᠭᠰᠡᠨ ᠨᠡᠷ᠎ᠡ ᠦᠭᠡ | ᠶᠣᠮ᠂ 嚈 ᠦᠰᠦᠭ ᠬᠡᠳᠦᠶᠢᠪᠡᠷ ᠣᠳᠣ ᠪᠣᠯ ᠵᠦᠪᠬᠡᠨ ︽ᠶᠧ︾ ᠭᠡᠵᠦ ᠭᠠᠭᠴᠠᠬᠠᠨ ᠣᠩᠰᠢᠯᠭ᠎ᠠ ᠲᠠᠢ ᠭᠡᠳᠡᠭ | ᠪᠣᠯᠪᠠᠴᠣ᠂ ᠡᠷᠳᠡ ᠦᠶ᠎ᠡ ᠶᠢᠨ ᠣᠩᠰᠢᠯᠭ᠎ᠠ ᠨᠢ ᠦᠨᠡᠬᠡᠷ yàn ᠪᠠᠶᠢᠵᠣ᠂ 嚈气 ᠭᠡᠳᠡᠭ ᠦᠭᠡᠨ ᠳᠤ | ᠬᠡᠷᠡᠭᠯᠡᠳᠡᠭ ᠪᠠᠶᠢᠵᠠᠢ᠃ 嚈气 ᠨᠢ ᠲᠠᠷᠣᠢ ᠣᠳᠣᠬᠢ 咽气 ᠭᠡᠰᠡᠨ ᠦᠭᠡ ᠪᠣᠯᠣᠨ᠎ᠠ᠂ ᠣᠳᠬ᠎ᠠ ᠨᠢ | ᠠᠳᠠᠯᠢᠬᠠᠨ ᠢᠶᠠᠷ ᠠᠮᠢᠰᠬᠤᠯ ᠬᠤᠷᠢᠶᠠᠬᠤ ︵ᠦᠬᠦᠬᠦ︶ ᠶᠢ ᠵᠢᠭᠠᠳᠠᠭ ᠦᠭᠡ ᠠᠵᠠᠢ᠃ ᠶᠧ ᠳ᠋ᠠ ᠨᠡᠷ ᠢ ᠵᠠᠷᠢᠮ ᠨᠣᠮ | ᠳᠤ ᠾᠢᠶᠧ ᠳ᠋ᠠ ᠭᠡᠬᠦ ᠪᠣᠶᠣ ᠰᠢᠶᠧ ᠳ᠋ᠠ ᠭᠡᠬᠦ ᠳᠤ ᠵᠠᠷᠢᠮ ᠨᠢ ᠺᠢᠶᠧ ᠳ᠋ᠠ ᠭᠡᠵᠦ ᠪᠠᠰᠠ ᠵᠠᠷᠢᠮ ᠨᠢ ᠰᠢᠭᠤᠳ ᠺᠠᠢ ︵ | 開︶ ᠳ᠋ᠠ ᠭᠡᠵᠦ ᠪᠢᠴᠢᠳᠡᠭ ᠴᠦ ᠪᠠᠶᠢᠨ᠎ᠠ᠃ ᠲᠣᠬᠠᠢ ᠶᠢᠨ ᠦᠶ᠎ᠡ ᠶᠢᠨ ᠫᠧᠷᠰ ᠠᠷᠠᠪ ᠵᠡᠷᠭᠡ ᠦᠷᠦᠨ᠎ᠡ ᠵᠦᠭ ᠤᠨ | ᠣᠯᠣᠰ ᠣᠷᠣᠨ ᠢᠶᠠᠷ ᠪᠣᠯ ᠲᠡᠳᠡᠨᠡᠷ ᠢ Hephthalite ᠭᠡᠳᠡᠭ ᠠᠵᠠᠢ᠃ ᠭᠡᠳᠡᠯ᠎ᠡ ᠡᠷᠳᠡᠨ ᠤ ᠡᠨᠡᠳᠬᠡᠭ ᠲᠤ ᠪᠣᠯ | ᠶᠧ ᠳ᠋ᠠ ᠶᠢ ᠴᠠᠭᠠᠨ ᠾᠦᠩᠨᠦ ᠭᠡᠬᠦ ᠪᠣᠶᠣ ᠰᠢᠭᠤᠳ ᠾᠦᠩᠨᠦ ᠭᠡᠳᠡᠭ ᠪᠠᠶᠢᠨ᠎ᠠ᠃ ᠶᠠᠮᠠᠷ ᠪᠠᠶᠢᠭᠰᠠᠨ ᠴᠦ ᠲᠡᠳᠡ | ᠪᠣᠯ ᠬᠤᠵᠢᠮ ᠤᠨ ᠬᠢᠳᠠᠨ ᠦᠨᠳᠦᠰᠦᠳᠡᠨ ᠲᠠᠢ ᠨᠢᠭᠡᠨ ᠣᠭᠰᠠᠭ᠎ᠠ ᠲᠦᠷᠦᠯ ᠤᠨ ᠬᠦᠮᠦᠰ ᠪᠠᠶᠢᠵᠠᠢ᠃ ᠲᠡᠣᠬᠡᠨ ᠳᠤ | ᠲᠡᠳᠡᠨᠡᠷ ᠤᠨ ᠡᠭᠦᠰᠦᠯ ᠢ ᠪᠦᠷ ᠬᠠᠮᠤᠭ ᠠᠩᠬ᠎ᠠ ᠭᠤᠪᠢ ᠶᠢᠨ ᠠᠷᠣ ᠠᠴᠠ ᠮᠠᠨᠳᠣᠨ᠂ ᠪᠠᠷᠠᠭᠤᠨᠰᠢ ᠠᠯᠳᠠᠢ ᠲᠠᠪᠠᠨ | ᠡᠮᠦᠨᠡᠰᠢ ᠪᠠᠭᠤᠵᠣ᠂ ᠲᠣᠮᠳᠠᠳᠣ ᠠᠽᠢ ᠡᠮᠦᠨᠡᠳᠦ ᠠᠽᠢ ᠬᠦᠷᠳᠡᠯ᠎ᠡ ᠦᠷᠭᠡᠵᠢᠨ᠂ ᠪᠠᠷᠠᠭᠤᠨᠰᠢ ᠫᠧᠷᠰ ᠠᠷᠠᠪ ᠲᠠᠢ | ᠲᠡᠮᠡᠴᠡᠯᠳᠦᠨ᠂ ᠡᠮᠦᠨᠡᠰᠢ ᠣᠳᠣᠬᠢ ᠠᠹᠭᠠᠨᠢᠰᠲ᠋ᠠᠨ᠂ ᠫᠠᠺᠢᠰᠲ᠋ᠠᠨ ᠢ ᠡᠵᠡᠯᠡᠨ ᠡᠨᠡᠳᠬᠡᠭ ᠤᠨ ᠳ᠋ᠧᠯᠢ ᠳᠤ ᠲᠦᠷᠢᠨ | ᠣᠷᠣᠵᠣ ᠪᠠᠶᠢᠭᠰᠠᠨ ᠨᠢᠭᠡᠨ ᠦᠶ᠎ᠡ ᠶᠢᠨ ᠬᠦᠴᠦᠷᠬᠡᠭ ᠣᠯᠣᠰ ᠭᠡᠵᠦ ᠨᠢᠭᠡᠳᠦᠯ ᠲᠠᠢ ᠦᠵᠡᠳᠡᠭ ᠶᠣᠮ᠃ ᠡᠨᠡᠳᠬᠡᠭ | ᠤᠨ ᠨᠡᠪᠳᠡᠷᠬᠡᠢ ᠲᠡᠣᠬᠡᠨ ᠳᠤ ᠲᠡᠳᠡᠨᠡᠷ ᠤᠨ ᠲᠡᠣᠬᠡ ᠪᠠ ᠲᠣᠮᠤᠭ ᠤᠨ ᠲᠣᠬᠠᠢ ᠲᠣᠰᠬᠠᠶᠢᠯᠠᠨ ᠨᠢᠭᠡᠨ ᠪᠦᠯᠦᠭ | ᠰᠣᠨᠢᠷᠬᠠᠯ ᠲᠠᠢ ᠲᠠᠨᠢᠯᠴᠠᠭᠤᠯᠭ᠎ᠠ ᠪᠠᠶᠢᠳᠠᠭ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |