ᠰᠢᠨᠠᠭ᠎ᠠ᠂ ᠬᠡᠪᠬᠡᠭᠦᠷ᠄ ᠰᠢᠨᠠᠭ᠎ᠠ ᠭᠡᠳᠡᠭ ᠨᠢ ᠠᠶᠢᠷᠠᠭ ᠴᠡᠭᠡ᠂ ᠤᠰᠤ ᠰᠦ ᠮᠡᠲᠦ ᠰᠢᠩᠭᠡᠨ ᠪᠡᠶᠡᠲᠦ ᠶᠢ | ᠬᠤᠳᠬᠤᠵᠤ ᠠᠪᠬᠤ ᠳᠤ ᠬᠡᠷᠡᠭᠯᠡᠬᠦ ᠪᠠᠷᠢᠭᠤᠯ ᠡᠰᠢ ᠲᠠᠢ ᠡᠳ᠋ᠯᠡᠮᠤᠰᠢ ᠶᠢ ᠬᠡᠯᠡᠳᠡᠭ᠃ ᠭᠡᠲᠡᠯ᠎ᠡ ᠶᠡᠭᠡ ᠪᠠᠭ᠎ᠠ | ᠰᠢᠨᠠᠭ᠎ᠠ ᠶᠢᠨ ᠪᠠᠭᠲᠠᠭᠠᠮᠵᠢ ᠨᠢ ᠠᠳᠠᠯᠢ ᠦᠭᠡᠢ ᠠᠴᠠ ᠪᠣᠯᠵᠤ ᠪᠠᠭ᠋ᠠᠷ᠂ ᠤᠭᠤᠭᠤᠷ᠂ ᠤᠵᠢᠤ᠂ ᠶᠡᠩᠬᠡ ᠭᠡᠬᠦ ᠮᠡᠲᠦ | ᠣᠯᠠᠨ ᠵᠦᠢᠯ ᠳᠤ ᠬᠤᠪᠢᠶᠠᠭᠳᠠᠭ ᠪᠠᠶᠢᠨ᠎ᠠ᠃ ᠡᠭᠦᠨ ᠳᠤ ᠵᠠᠷᠢᠮ ᠭᠠᠵᠠᠷ ᠤᠨ ᠤᠯᠤᠰ ᠰᠢᠨᠠᠭ᠎ᠠ ᠪᠠᠨ ᠤᠭᠤᠭᠤᠷ᠂ | ᠶᠡᠩᠬᠡ ᠭᠡᠵᠦ ᠬᠡᠯᠡᠬᠦ ᠪᠤᠶᠤ ᠵᠠᠷᠢᠮ ᠭᠠᠵᠠᠷ ᠤᠨ ᠬᠦᠮᠦᠰ ᠤᠵᠢᠤ ᠶᠡᠩᠬᠡ ᠪᠠᠨ ᠴᠤ ᠰᠢᠨᠠᠭ᠎ᠠ ᠭᠡᠵᠦ ᠬᠡᠯᠡᠳᠡᠭ | ᠦᠵᠡᠭᠳᠡᠯ ᠪᠠᠶᠢᠳᠠᠭ ᠪᠠᠶᠢᠨ᠎ᠠ᠃ ᠬᠠᠷᠢᠨ ᠵᠠᠷᠢᠮ ᠨᠢ ᠨᠢᠭᠡ ᠺᠢᠯᠣᠭ᠍ᠷᠠᠮ ᠪᠠᠭᠲᠠᠭᠠᠮᠵᠢ ᠲᠠᠢ ᠪᠠᠨ ᠰᠢᠨᠠᠭ᠎ᠠ ᠭᠡᠵᠦ᠂ | ᠬᠡᠳᠦᠨ ᠪᠠᠯᠭᠤ ᠶᠠᠭᠤᠮ᠎ᠠ ᠰᠠᠪᠠᠯᠠᠬᠤ ᠪᠠᠭ᠎ᠠ ᠭᠠᠷ ᠤᠨ ᠰᠢᠨᠠᠭ᠎ᠠ ᠪᠠᠨ ᠤᠵᠢᠤ ᠭᠡᠵᠦ ᠬᠡᠯᠡᠳᠡᠭ᠃ ᠡᠶᠢᠮᠦ ᠠᠴᠠ | ᠨᠤᠲᠤᠭ ᠨᠤᠲᠤᠭ ᠤᠨ ᠣᠶᠢᠯᠠᠭᠠᠮᠵᠢ ᠳᠤ ᠰᠢᠨᠠᠭ᠎ᠠ᠂ ᠤᠵᠢᠤ᠂ ᠤᠭᠤᠭᠤᠷ᠂ ᠶᠡᠩᠬᠡ ᠭᠡᠳᠡᠭ ᠤᠨ ᠤᠬᠠᠭᠳᠠᠬᠤᠨ | ᠠᠳᠠᠯᠢ ᠦᠭᠡᠢ ᠪᠠᠶᠢᠳᠠᠭ ᠪᠠᠶᠢᠨ᠎ᠠ᠃ ᠡᠨᠡ ᠡᠳ᠋ᠯᠡᠯ ᠢ ᠢᠷᠦᠭᠡᠯ ᠳᠤ᠄ ︽ᠸᠴᠢᠷ ᠬᠤᠩᠬ᠎ᠠ ᠶᠢ ᠳᠠᠭᠤᠷᠢᠶᠠᠯᠭᠠᠵᠤ | ᠬᠢᠭᠰᠡᠨ᠂ ᠤᠯᠠᠭᠠᠨ ᠵᠡᠰ ᠢᠶᠠᠷ ᠳᠡᠪᠳᠡᠵᠦ ᠬᠢᠭᠰᠡᠨ᠂ ᠰᠠᠷ᠎ᠠ ᠨᠠᠷᠠ ᠶᠢ ᠳᠠᠭᠤᠷᠢᠶᠠᠯᠭᠠᠵᠤ ᠬᠢᠭᠰᠡᠨ᠂ ᠰᠢᠷ᠎ᠠ ᠵᠡᠰ ᠢ | ᠡᠯᠳᠡᠨ ᠬᠢᠭᠰᠡᠨ᠂ ᠣᠯᠠᠨ ᠪᠦᠬᠦᠨ ᠳᠤ ᠲᠦᠭᠡᠭᠡᠯᠲᠡ ᠲᠠᠢ ᠬᠢᠭᠰᠡᠨ᠂ ᠣᠨᠴᠠ ᠶᠡᠭᠡ ᠶᠡᠩᠭᠡ ︵ᠰᠢᠨᠠᠭ᠎ᠠ︶ ᠨᠢ | ᠦᠯᠵᠡᠶᠢᠲᠡᠢ ᠪᠣᠯᠲᠤᠭᠠᠢ︕︾ ᠭᠡᠵᠦ ᠬᠡᠯᠡᠳᠡᠭ᠃ | | | ᠦᠩᠭᠡᠷᠡᠭᠰᠡᠨ ᠳᠤ ᠪᠣᠯᠪᠠᠯ ᠡᠳᠡᠭᠡᠷ ᠡᠳ᠋ᠯᠡᠯ ᠢ ᠮᠣᠳᠤ ᠪᠠᠷ ᠬᠢᠳᠡᠭ ᠪᠠᠶᠢᠭᠰᠠᠨ ᠪᠠ ᠰᠢᠭᠤᠳ ᠰᠢᠨᠠᠭ᠎ᠠ | ᠬᠤᠯᠤ ᠶᠢᠨ ᠨᠢᠭᠡ ᠲᠠᠯ᠎ᠠ ᠶᠢ ᠨᠢ ᠴᠤᠭᠤᠯᠵᠤ ᠳᠤᠲᠤᠷᠠᠬᠢ ᠦᠷ᠎ᠡ ᠶᠢ ᠨᠢ ᠠᠪᠴᠤ ᠬᠠᠶᠠᠭᠠᠳ ᠰᠢᠨᠠᠭ᠎ᠠ ᠶᠢᠨ | ᠣᠷᠤᠨ ᠳᠤ ᠵᠠᠷᠤᠳᠠᠭ ᠪᠠᠶᠢᠵᠡᠢ᠃ ᠰᠡᠭᠦᠯ ᠤᠨ ᠦᠶ᠎ᠡ ᠪᠣᠯᠵᠤ ᠢᠷᠡᠬᠦ ᠳᠤ ᠮᠣᠳᠤ ᠪᠣᠯᠤᠨ ᠬᠠᠪᠤᠭ ︵ᠬᠤᠯᠤ︶ ᠢᠶᠠᠷ | ᠬᠢᠭᠰᠡᠨ ᠰᠢᠨᠠᠭ᠎ᠠ ᠠᠮᠢᠳᠤᠷᠠᠯ ᠳᠤᠮᠳᠠ ᠦᠵᠡᠭᠳᠡᠬᠦ ᠦᠭᠡᠢ ᠪᠣᠯᠵᠤ ᠭᠤᠣᠯᠴᠢᠯᠠᠨ ᠲᠡᠮᠦᠷ᠂ ᠴᠠᠶᠢᠷ᠂ ᠵᠡᠰ᠂ ᠬᠦᠩᠭᠡᠨ | ᠴᠠᠭᠠᠨ ᠮᠡᠲᠦ ᠲᠡᠮᠦᠷᠯᠢᠭ ᠢᠶᠠᠷ ᠬᠢᠭᠰᠡᠨ ᠰᠢᠨᠠᠭ᠎ᠠ ᠪᠣᠯᠤᠨ ᠬᠤᠪᠠ ᠪᠠᠷ ᠬᠢᠭᠰᠡᠨ ᠰᠢᠨᠠᠭ᠎ᠠ ᠶᠢ ᠬᠡᠷᠡᠭᠯᠡᠬᠦ ᠵᠠᠩᠰᠢᠯ ᠲᠠᠢ | ᠪᠤᠯᠤᠭᠰᠠᠨ ᠪᠠᠶᠢᠳᠠᠭ᠃ ᠡᠶᠢᠮᠦ ᠠᠴᠠ ᠢᠷᠦᠭᠡᠯ ᠳᠤ ᠄ ︽ᠲᠠᠯ᠎ᠠ ᠲᠠᠢ ᠪᠣᠯᠤᠳ ᠲᠡᠮᠦᠷ ᠢᠶᠠᠷ᠂ ᠳᠠᠪᠳᠠᠨ ᠴᠣᠬᠢᠵᠤ | ᠬᠢᠭᠰᠡᠨ᠂ ᠲᠠᠪᠦᠨ ᠵᠦᠢᠯ ᠤᠨ ᠢᠳᠡᠭᠡᠨ᠂ ᠲᠠᠰᠤᠷᠠᠯᠲᠠ ᠦᠭᠡᠢ ᠳᠤᠲᠤᠷ᠎ᠠ ᠨᠢ ᠣᠷᠤᠭᠠᠳ ᠪᠠᠶᠢᠳᠠᠭ᠂ ᠲᠠᠲᠠᠨ | ᠲᠦᠯᠬᠢᠨ ᠤᠳᠬᠤᠭᠠᠳ ᠬᠢᠪᠡᠯ ᠲᠠᠪᠤ ᠭᠤᠷᠪᠠ ᠶᠢ ᠲᠠᠭᠠᠷᠠᠭᠤᠯᠤᠭᠠᠳ ᠪᠠᠶᠢᠳᠠᠭ᠂ ᠲᠠᠭᠠᠲᠠᠢ ᠰᠠᠶᠢᠬᠠᠨ ᠰᠢᠨᠠᠭ᠎ᠠ ᠨᠢ | ᠦᠯᠵᠡᠶᠢᠲᠡᠢ ᠪᠣᠯᠲᠤᠭᠠᠢ︕︾ ᠭᠡᠵᠦ ᠬᠡᠯᠡᠬᠦ ᠪᠣᠯᠤᠭᠰᠠᠨ ᠪᠠᠶᠢᠳᠠᠭ᠃ | | | ᠬᠡᠪᠬᠡᠭᠦᠷ ᠭᠡᠳᠡᠭ ᠨᠢ ᠰᠠᠪᠠᠨ ᠳᠤᠲᠤᠷ᠎ᠠ ᠠᠴᠠ ᠦᠳᠬᠡᠨ ᠶᠠᠭᠤᠮ᠎ᠠ ᠶᠢ ᠰᠢᠭᠦᠵᠦ ᠠᠪᠬᠤ ᠳᠤ ᠬᠡᠷᠡᠭᠯᠡᠳᠡᠭ | ᠰᠢᠭᠦᠭᠦᠷ ᠢ ᠵᠢᠭᠠᠳᠠᠭ᠃ ᠡᠨᠡ ᠬᠦ ᠡᠳ᠋ᠯᠡᠯ ᠨᠢ ᠬᠠᠶᠢᠰᠤ ᠲᠦᠮᠫᠡᠨ ᠵᠡᠷᠭᠡ ᠰᠠᠪᠠ ᠳᠤᠲᠤᠷ᠎ᠠ ᠠᠴᠠ ᠦᠳᠬᠡᠨ ᠶᠠᠭᠤᠮ᠎ᠠ | ᠪᠤᠶᠤ ᠰᠢᠩᠭᠡᠨ ᠪᠡᠶᠡᠲᠦ ᠲᠤᠲᠤᠷ᠎ᠠ ᠠᠴᠠ ᠪᠦᠬᠦᠯᠢ ᠶᠠᠭᠤᠮ᠎ᠠ ᠶᠢ ᠰᠢᠭᠦᠵᠦ ᠠᠪᠬᠤ ᠳᠤ ᠪᠠ ᠮᠢᠬ᠎ᠠ ᠱᠦᠯᠦ ᠴᠢᠨᠠᠬᠤ | ᠦᠶ᠎ᠡ ᠳᠤ ᠳᠡᠭᠡᠷ᠎ᠡ ᠨᠢ ᠬᠦᠪᠦᠭᠰᠡᠨ ᠬᠦᠭᠡᠰᠦ ᠮᠡᠲᠦ ᠵᠦᠢᠯᠡᠰ ᠢ ᠢᠯᠭᠠᠵᠤ ᠠᠪᠬᠤ ᠳᠤ ᠬᠡᠷᠡᠭᠯᠡᠳᠡᠭ᠃ ᠬᠡᠪᠬᠡᠭᠦᠷ ᠢ | ᠭᠤᠷᠪᠠᠨ ᠵᠦᠢᠯ ᠢᠶᠠᠷ ᠬᠢᠳᠡᠭ᠃ ᠨᠢᠭᠡ ᠨᠢ ᠰᠢᠭᠤᠳ ᠰᠢᠨᠠᠭ᠎ᠠ ᠶᠢᠨ ᠬᠡᠯᠪᠡᠷᠢ ᠲᠠᠢ ᠵᠦᠢᠯ ᠳᠤ ᠣᠯᠠᠨ ᠰᠡᠭᠡᠷᠬᠡᠢ | ᠨᠦᠬᠡ ᠭᠠᠷᠭᠠᠵᠦ ᠬᠢᠳᠡᠭ᠃ ᠨᠦᠭᠦᠭᠡ ᠨᠢ ᠨᠠᠷᠢᠨ ᠲᠡᠮᠦᠷ ᠤᠲᠠᠰᠦ ᠪᠠᠷ ᠰᠦᠯᠵᠢᠵᠦ᠂ ᠮᠤᠳᠤ ᠪᠠᠷ ᠪᠤᠶᠤ | ᠲᠡᠮᠦᠷ ᠤᠨ ᠪᠡᠶ᠎ᠡ ᠪᠠᠷ ᠨᠢ ᠡᠰᠢ ᠪᠠᠷᠢᠭᠤᠯ ᠬᠢᠳᠡᠭ᠃ ᠪᠠᠰᠠ ᠨᠢᠭᠡ ᠨᠢ ᠪᠣᠯᠪᠠᠯ ᠨᠠᠷᠢᠨ ᠨᠠᠶᠢᠳᠠᠭ ᠪᠤᠷᠭᠠᠰᠦ ᠪᠠᠷ | ᠰᠢᠨᠠᠭ᠎ᠠ ᠬᠡᠯᠪᠡᠷᠢ ᠲᠠᠢ ᠰᠦᠯᠵᠢᠨ ᠨᠡᠬᠡᠵᠦ᠂ ᠠᠳᠬᠤ ᠪᠠᠷᠢᠮ᠎ᠠ ᠮᠣᠳᠤ ᠪᠠᠷ ᠡᠰᠢ ᠪᠠᠷᠢᠭᠤᠯ ᠵᠡᠭᠦᠵᠦ ᠬᠢᠳᠡᠭ᠃ ᠡᠨᠡ | ᠬᠡᠷᠡᠭᠯᠡᠭᠦᠷ ᠢ ᠵᠠᠷᠢᠮ ᠨᠤᠲᠤᠭ ᠤᠨ ᠬᠦᠮᠦᠰ ︽ᠰᠢᠭᠦᠭᠦᠯ︾ ᠭᠡᠵᠦ ᠬᠡᠯᠡᠳᠡᠭ᠃ ᠵᠠᠷᠢᠮ ᠭᠠᠵᠠᠷ ᠤᠨ ᠬᠦᠮᠦᠰ ᠬᠠᠷᠢᠨ | ︽ᠵᠤᠤᠯᠢ︾ ᠭᠡᠬᠦ ᠪᠤᠶᠤ ︽ᠱᠦᠭᠦᠷ︾ ᠭᠡᠵᠦ ᠬᠡᠯᠡᠳᠡᠭ ᠪᠠᠶᠢᠨ᠎ᠠ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |