ᠵᠤᠯᠤᠮ ᠭᠡᠷ
ᠨᠡᠶᠢᠲᠡᠯᠡᠭᠰᠡᠨ ᠴᠠᠭ᠄
2021/3/19
    ︽ᠵᠤᠯᠤᠮ︾ ᠭᠡᠳᠡᠭ ᠦᠭᠡ ᠨᠢ ᠵᠠᠮ ᠭᠡᠬᠦ ᠤᠳᠬ᠎ᠠ ᠲᠠᠢ ︽ᠵᠣᠯ︾ ᠭᠡᠬᠦ ᠢᠵᠠᠭᠤᠷ ᠠᠴᠠ ᠪᠦᠲᠦᠭᠰᠡᠨ ᠦᠭᠡ ᠪᠠᠶᠢᠵᠤ ᠮᠡᠳᠡᠬᠦ ᠶᠤᠮ᠃ ᠵᠤᠯᠤᠮ ᠭᠡᠷ ᠪᠣᠯᠪᠠᠯ ᠨᠠᠭᠦᠵᠦ ᠰᠠᠭᠤᠬᠤ ᠳᠤ ᠳᠦᠭᠦᠮ᠂ ᠪᠠᠷᠢᠵᠤ ᠴᠤᠴᠠᠬᠤ ᠳᠤ ᠠᠮᠠᠷ᠂ ᠵᠦᠭᠡᠭᠡᠵᠦ ᠶᠠᠪᠤᠬᠤ ᠳᠤ ᠬᠦᠩᠭᠡᠨ᠂ ᠡᠪᠬᠡᠵᠦ ᠬᠤᠷᠢᠶᠠᠬᠤ ᠳᠤ ᠬᠢᠯᠪᠡᠷ ᠪᠠᠶᠢᠳᠠᠭ ᠣᠨᠴᠠᠯᠢᠭ ᠲᠠᠢ ᠪᠦᠭᠡᠳ ᠬᠤᠰᠢ ᠪᠠᠷ ᠶᠠᠪᠤᠵᠤ ᠠᠪᠠ ᠬᠢᠬᠦ᠂ ᠮᠠᠯ ᠮᠠᠯᠯᠠᠬᠤ᠂ ᠠᠶᠠᠨ ᠲᠠᠢ ︵ᠳᠠᠶᠢᠨ︶ ᠬᠢᠬᠦ ᠳᠤ ᠳᠤᠲᠠᠭᠳᠠᠵᠤ ᠪᠣᠯᠤᠰᠢ ᠦᠭᠡᠢ ᠦᠢᠯᠡᠳᠦᠯ ᠲᠠᠢ ᠣᠷᠤᠨ ᠰᠠᠭᠤᠴᠠ ᠶᠢᠨ ᠨᠢᠭᠡ ᠨᠢ ᠪᠠᠶᠢᠭᠰᠠᠨ ᠪᠠᠶᠢᠨ᠎ᠠ᠃ ᠡᠨᠡ ᠬᠦ ᠵᠣᠯᠤᠮ ᠢ ᠬᠠᠷᠠᠭᠠᠴᠢ᠂ ᠣᠨᠢᠨ᠂ ᠬᠠᠰᠠᠪᠴᠢ᠂ ᠡᠭᠦᠳᠡᠨ᠂ ᠡᠷᠦᠬᠡ᠂ ᠳᠡᠭᠡᠪᠦᠷ ᠵᠡᠷᠭᠡ ᠠᠴᠠ ᠪᠦᠷᠢᠯᠳᠦᠳᠡᠭ᠃ ᠡᠭᠦᠨ ᠳᠤ ᠲᠣᠳᠣᠭᠤ ᠶᠢᠨ ᠳᠦᠷᠪᠡᠨ ᠤᠨᠢᠨ ᠨᠢ ᠰᠠᠯᠲᠤᠷᠭ᠎ᠠ ᠲᠠᠢ ᠪᠠᠶᠢᠵᠤ ᠪᠤᠰᠤᠩᠬᠢ ᠤᠨᠢᠨ ᠨᠢ ᠰᠢᠭᠤᠳ ᠭᠠᠵᠠᠷ ᠲᠤ ᠲᠤᠯᠳᠠᠭ ᠤᠨ ᠤᠴᠢᠷ ᠠᠴᠠ ᠰᠠᠯᠲᠤᠷᠭ᠎ᠠ ᠦᠭᠡᠢ ᠪᠣᠯᠳᠠᠭ᠃ ᠵᠤᠯᠤᠮ ᠤᠨ ᠤᠨᠢᠨ ᠨᠢ ᠪᠠᠷᠢᠭ᠎ᠠ ᠭᠡᠷ ᠤᠨ ᠤᠨᠢᠨ ᠠᠴᠠ ᠪᠦᠳᠦᠭᠦᠨᠴᠡᠷ ᠪᠦᠭᠡᠳ ᠤᠷᠲᠤ ᠪᠠᠶᠢᠵᠤ᠂ ᠨᠢᠭᠡ ᠵᠤᠯᠤᠮ ᠳᠤ ᠪᠠᠷᠤᠭ ᠳᠠᠯᠠ ᠰᠢᠬᠠᠮ ᠤᠨᠢ ᠬᠡᠷᠡᠭᠯᠡᠳᠡᠭ᠃ ᠭᠡᠬᠦ ᠳᠡᠭᠡᠨ ᠤᠨᠢᠨ ᠤ ᠲᠤᠭ᠎ᠠ ᠨᠢ ᠬᠠᠷᠠᠭᠠᠴᠢ ᠶᠢᠨ ᠵᠠᠳᠢ ᠪᠠᠷ ᠪᠣᠯᠳᠠᠭ ᠲᠤᠯᠠ ᠴᠠᠭᠠᠷᠢᠭ ᠨᠢ ᠶᠡᠭᠡ ᠪᠣᠯᠬᠤ ᠶᠤᠮ ᠪᠣᠯ ᠵᠠᠳᠢ ᠨᠢ ᠣᠯᠠᠨ ᠪᠣᠯᠳᠠᠭ ᠲᠤᠯᠠ  ᠤᠯᠠᠨ ᠤᠨᠢ ᠬᠡᠷᠡᠭᠯᠡᠵᠦ᠂ ᠴᠠᠭᠠᠷᠢᠭ ᠨᠢ ᠪᠠᠭ᠎ᠠ ᠬᠠᠷᠠᠭᠠᠴᠢ ᠪᠣᠯ ᠵᠠᠳᠢ ᠨᠢ ᠴᠦᠬᠡᠨ ᠪᠣᠯᠳᠠᠭ ᠲᠤᠯᠠ ᠴᠦᠬᠡᠨ ᠤᠨᠢ ᠬᠡᠷᠡᠭᠯᠡᠳᠡᠭ᠃   ᠵᠠᠷᠢᠮ ᠨᠢᠭᠡ ᠵᠤᠯᠤᠮ ᠤᠨ ᠬᠠᠷᠠᠭᠠᠴᠢ ᠨᠢ ᠪᠠᠷᠢᠭ᠎ᠠ ᠭᠡᠷ ᠠᠴᠠ ᠪᠠᠭ᠎ᠠ ᠪᠦᠳᠦᠭᠦᠨ ᠪᠣᠯᠳᠠᠭ ᠪᠣᠯᠪᠠᠴᠤ ᠤᠨᠢᠨ ᠤ ᠵᠠᠳᠢ ᠶᠢ ᠨᠢ ᠴᠦᠬᠡᠨ  ᠬᠢᠭᠰᠡᠨ ᠠᠴᠠ ᠪᠣᠯᠵᠤ ᠴᠦᠬᠡᠨ ᠤᠨᠢ ᠲᠠᠢ ᠪᠣᠯᠳᠠᠭ᠃ ᠮᠣᠳᠤᠨ ᠬᠠᠰᠠᠪᠴᠢ ᠶᠢᠨ ᠨᠢ ᠲᠤᠳᠤᠭᠤ ᠶᠢ ᠪᠠᠷᠢᠭ᠎ᠠ ᠭᠡᠷ ᠤᠨ ᠬᠢ ᠠᠴᠠ ᠦᠨᠳᠦᠷ ᠰᠢᠭ ᠬᠢᠳᠡᠭ ᠪᠦᠭᠡᠳ ᠦᠷᠭᠡᠨ ᠪᠣᠯᠳᠠᠭ᠃ ᠶᠡᠷᠦ ᠨᠢ ᠵᠤᠯᠤᠮ ᠲᠤᠲᠤᠭᠤ ᠶᠢ ᠪᠦᠲᠡᠭᠡᠵᠦ ᠢᠷᠡᠳᠡᠭ ᠵᠡᠭᠦᠨ ᠪᠠᠷᠠᠭᠤᠨ ᠬᠤᠶᠠᠷ ᠳᠡᠭᠡᠪᠦᠷ ᠬᠡᠷᠡᠭᠯᠡᠳᠡᠭ᠃    ᠵᠠᠷᠢᠮ ᠨᠣᠮ ᠳᠤ ︽ᠵᠤᠯᠤᠮ ᠭᠡᠳᠡᠭ ᠨᠢ ᠲᠡᠷᠡᠮ ᠦᠭᠡᠢ ᠭᠠᠷᠠᠶᠢᠴᠠ ︵ᠲᠣᠭᠤᠨᠤ︶ ᠦᠭᠡᠢ᠂ ᠬᠦᠵᠦᠷ ︵ᠪᠠᠲᠤ ︶ ᠰᠢᠭ ᠨᠠᠶᠢᠳᠠᠭ ︵ᠨᠠᠷᠢᠨ ᠬᠠᠷᠭᠠᠢ︶ ᠢᠶᠠᠷ ᠬᠢᠭᠰᠡᠨ ᠬᠡᠳᠦᠨ ᠱᠤᠤᠷᠠᠭ ᠢ ᠬᠤᠭᠤᠷᠤ ᠬᠤᠭᠤᠷᠤᠨᠳᠦ ᠨᠢ ᠰᠣᠯᠪᠢᠴᠠᠭᠤᠯᠵᠤ ᠨᠠᠷᠢᠨ ᠬᠦᠵᠦᠭᠦᠦ ᠪᠠᠷ ᠨᠢ ᠳᠡᠭᠡᠰᠦ ᠣᠷᠢᠶᠠᠵᠤ ᠪᠣᠭᠤᠭᠠᠳ᠂ ᠳᠤᠮᠳᠠ ᠬᠤᠪᠢᠶᠠᠷᠢ ᠪᠠᠷ ᠨᠢ ᠬᠤᠮ ᠠᠷᠭᠠᠮᠵᠢ ᠪᠠᠷ ᠬᠡᠷᠡᠵᠦ ᠪᠦᠭᠰᠡ ᠶᠢ ᠨᠢ ᠭᠠᠵᠠᠷ ᠲᠤ ᠪᠤᠯᠠᠵᠤ ᠵᠤᠮᠪᠣᠶᠢᠯᠭᠠᠭᠠᠳ ᠪᠣᠰᠬᠠᠵᠤ ᠨᠢᠭᠡ ᠯᠡ ᠳᠡᠭᠡᠪᠤᠷ ᠢᠶᠠᠷ ᠪᠦᠷᠢᠶᠡᠰᠦᠯᠡᠵᠦ᠂ ᠬᠤᠰᠢᠯᠠᠩ ᠬᠢᠬᠦ ᠶᠠᠭᠤᠮ᠎ᠠ ᠶᠢ ᠳᠡᠭᠡᠰᠦᠨ ᠪᠦᠴᠡ ᠲᠠᠢ᠂ ᠢᠰᠡᠭᠡᠢ ᠡᠭᠦᠳᠡ ᠲᠠᠢ ᠤᠷᠢᠶᠠᠩᠬᠠᠢ ᠰᠢᠭ᠋ ᠦᠷᠦᠴᠡ ᠶᠢ ᠵᠤᠯᠤᠮ ᠭᠡᠨ᠎ᠡ︾ ᠭᠡᠵᠦ ᠪᠢᠴᠢᠭᠰᠡᠨ ᠤ ᠬᠠᠮᠲᠤ ᠪᠠᠰᠠ ︽ᠭᠠᠷᠠᠶᠢᠴᠠ ᠲᠠᠢ᠂ ᠲᠡᠷᠡᠮ᠎ᠡ ︵ᠲᠡᠷᠡᠮ— ᠡᠰᠢ ᠲᠠᠲᠠᠭᠴᠢ︶ ᠦᠭᠡᠢ ᠢᠰᠡᠭᠡᠢ ᠭᠡᠷ ᠢ ᠵᠤᠯᠤᠮ ᠭᠡᠨ᠎ᠡ᠃ ᠵᠤᠯᠤᠮ ᠢ ᠬᠤᠰᠢ ᠭᠡᠵᠦ ᠪᠠᠰᠠ ᠬᠡᠯᠡᠳᠡᠭ᠃  ᠭᠡᠲᠡᠯ᠎ᠡ ᠬᠤᠰᠢ  ᠪᠠ ᠵᠤᠯᠤᠮ ᠨᠢ ᠪᠠᠭ᠎ᠠ ᠢᠯᠭᠠᠭ᠎ᠠ ᠲᠠᠢ ᠪᠠᠶᠢᠳᠠᠭ᠃ ᠵᠤᠯᠤᠮ ᠭᠡᠪᠡᠯ ᠲᠡᠷᠡᠮ ᠦᠭᠡᠢ ᠢᠰᠡᠭᠡᠢ ᠭᠡᠷ ᠢ ᠬᠡᠯᠡᠳᠡᠭ ᠭᠡᠵᠦ ᠳᠡᠭᠡᠷ᠎ᠡ ᠨᠢᠭᠡᠨᠲᠡ ᠶᠠᠷᠢᠯ᠎ᠠ᠃ ᠲᠡᠭᠡᠪᠡᠯ ᠬᠤᠰᠢ ᠨᠢ ᠵᠤᠯᠤᠮ ᠢ ᠬᠡᠯᠡᠬᠦ ᠠᠴᠠ ᠭᠠᠳᠠᠨ᠎ᠠ ᠦᠷᠦᠴᠡ ᠤᠷᠢᠶᠠᠩᠬᠠᠢ ᠶᠢ ᠴᠤ ᠬᠡᠯᠡᠳᠡᠭ︾ ᠭᠡᠵᠦ ᠪᠢᠴᠢᠭᠰᠡᠨ ᠪᠠᠶᠢᠯ᠎ᠠ᠃    ᠵᠤᠯᠤᠮ ᠢ ᠪᠠᠷᠢᠬᠤ ᠳᠠᠭᠠᠨ ᠤᠷᠢᠳ ᠢᠶᠠᠷ ᠬᠠᠰᠠᠪᠴᠢ ᠶᠢᠨ ᠬᠤᠶᠠᠷ ᠲᠠᠯ᠎ᠠ ᠶᠢᠨ ᠭᠠᠵᠠᠷ ᠲᠤ ᠲᠤᠯᠬᠤ ᠰᠢᠭᠢᠷ᠎ᠡ ᠳᠤ ᠬᠤᠶᠠᠷ ᠭᠠᠳᠠᠰᠦ ᠰᠢᠭᠠᠵᠤ᠂ ᠲᠡᠭᠦᠨ ᠠᠴᠠ ᠬᠠᠰᠠᠪᠴᠢ ᠪᠠᠨ ᠪᠤᠭᠤᠵᠤ ᠪᠣᠰᠬᠠᠳᠠᠭ᠃ ᠡᠶᠢᠭᠡᠭᠡᠳ ᠬᠠᠷᠠᠭᠠᠴᠢ ᠳᠠᠭᠠᠨ ᠲᠤᠲᠤᠭᠤ ᠶᠢᠨ ᠤᠨᠢᠨ ᠪᠣᠯᠤᠨ ᠬᠤᠶᠠᠷ ᠲᠠᠯ᠎ᠠ ᠠᠴᠠ ᠨᠢ ᠬᠤᠰᠢᠶᠠᠭᠠᠳ ᠤᠨᠢ ᠵᠡᠭᠦᠵᠦ ᠡᠷᠭᠦᠵᠦ ᠪᠣᠰᠬᠠᠭᠠᠳ ᠵᠠᠯᠭᠠᠭᠠᠳ ᠪᠠᠷᠠᠭᠤᠨ ᠠᠴᠠ ᠡᠬᠢᠯᠡᠨ ᠤᠨᠢ ᠪᠠᠨ ᠵᠡᠭᠦᠵᠦ᠂ ᠤᠨᠢᠨ ᠤ ᠰᠠᠭᠤᠷᠢ ᠶᠢᠨ ᠬᠡᠰᠡᠭ ᠪᠣᠶᠣ ᠳᠤᠮᠳᠠ ᠰᠤᠭᠤ ᠪᠠᠷ ᠨᠢ ᠡᠷᠭᠢᠭᠦᠯᠦᠨ ᠳᠡᠭᠡᠰᠦ ᠪᠠᠷ ᠬᠤᠯᠪᠤᠨ ᠬᠡᠷᠡᠵᠦ ᠡᠭᠦᠳᠡᠨ ᠤ ᠬᠠᠰᠠᠪᠴᠢ ᠠᠴᠠ ᠤᠶᠠᠳᠠᠭ᠃ ᠵᠠᠷᠢᠮ ᠤᠨ ᠵᠤᠯᠤᠮ ᠳᠤ ᠵᠡᠭᠦᠨ ᠪᠠᠷᠠᠭᠤᠨ ᠪᠠ ᠬᠤᠶᠢᠲᠤ ᠪᠡᠶ᠎ᠡ ᠳᠤᠨᠢ ᠭᠤᠷᠪᠠ ᠪᠤᠶᠤ ᠲᠠᠪᠤᠨ ᠬᠦᠰᠢᠭᠦᠷ ᠤᠨᠢ ᠬᠢᠳᠡᠭ ᠪᠦᠭᠡᠳ ᠡᠨᠡ ᠬᠦ ᠬᠦᠰᠢᠭᠦᠷ ᠤᠨᠢᠨ ᠤ ᠰᠢᠭᠢᠷ᠎ᠡ ᠳᠤ ᠰᠠᠯᠲᠤᠷᠭ᠎ᠠ ᠬᠢᠵᠦ᠂ ᠭᠠᠵᠠᠷ ᠲᠤᠨᠢ ᠭᠠᠳᠠᠰᠤ ᠰᠢᠭᠠᠵᠤ ᠲᠡᠭᠦᠨ ᠠᠴᠠ ᠪᠠᠬᠢᠯᠡᠵᠦ ᠤᠶᠠᠳᠠᠭ ᠪᠠᠶᠢᠪᠠ᠃ ᠡᠶᠢᠭᠡᠭᠡᠳ ᠳᠡᠭᠡᠷ᠎ᠡ ᠨᠢ ᠡᠷᠦᠭᠡ ᠳᠡᠭᠡᠪᠦᠷ ᠢᠶᠠᠨ ᠭᠡᠳᠡᠷᠭᠡᠵᠦ᠂ ᠲᠡᠭᠦᠨ ᠤ ᠳᠡᠭᠡᠷ᠎ᠡ ᠠᠴᠠ ᠠᠮᠠᠭᠠᠯᠵᠢ ᠪᠠᠷ ᠳᠠᠷᠤᠭᠤᠯᠵᠦ ᠡᠭᠦᠳᠡ ᠶᠢ ᠨᠢ ᠡᠯᠭᠦᠭᠡᠳ ᠪᠣᠰᠬᠠᠵᠤ ᠣᠷᠬᠢᠳᠠᠭ᠃    ᠵᠣᠯᠤᠮ ᠭᠡᠷ ᠢ ᠨᠡᠭᠦᠳᠡᠯ ᠢᠶᠠᠷ ᠶᠠᠪᠤᠬᠤ ᠳᠤ ᠵᠠᠮ ᠵᠠᠭᠤᠷ᠎ᠠ ᠬᠡᠷᠡᠭᠯᠡᠬᠦ ᠶᠢᠨ ᠲᠦᠯᠦᠭᠡ ᠪᠠ ᠣᠲᠤᠷ ᠢᠶᠠᠷ ᠮᠠᠯ ᠳᠤ ᠭᠠᠷᠤᠭᠰᠠᠨ ᠬᠦᠮᠦᠰ᠂ ᠠᠳᠤᠭᠤ ᠬᠠᠷᠢᠭᠤᠯᠬᠤ ᠬᠦᠮᠦᠰ ᠣᠯᠠᠨ ᠬᠡᠷᠡᠭᠯᠡᠳᠡᠭ ᠪᠠᠶᠢᠭᠰᠠᠨ ᠪᠦᠭᠡᠳ ᠦᠩᠭᠡᠷᠡᠭᠰᠡᠨ ᠳᠤ ᠶᠠᠳᠠᠭᠤ ᠵᠦᠳᠡᠭᠦᠦ ᠦᠭᠡᠶᠢᠲᠡᠢ ᠤᠯᠤᠰ ᠣᠷᠤᠨ ᠰᠠᠭᠤᠴᠠ ᠶᠢᠨ ᠬᠤᠪᠢ ᠳᠤ ᠬᠡᠷᠡᠭᠯᠡᠳᠡᠭ ᠪᠠᠶᠢᠭᠰᠠᠨ ᠪᠠ ᠡᠪᠦᠯ ᠢᠶᠠᠷ ᠪᠣᠯᠪᠠᠯ ᠰᠠᠭᠤᠷᠢ ᠶᠢ ᠨᠢ ᠲᠣᠲᠤᠭᠰᠢ ᠮᠠᠯᠲᠠᠵᠦ᠂ ᠢᠷᠭᠢ ᠶᠢ ᠨᠢ ᠰᠢᠪᠠᠷ ᠢᠶᠠᠷ ᠳᠠᠷᠤᠵᠤ᠂ ᠴᠢᠳᠠᠯ ᠲᠡᠩᠬᠡᠭᠡ ᠲᠠᠢ ᠪᠣᠯᠪᠠᠯ ᠪᠦᠷᠢᠶᠡᠰᠦ ᠶᠢ ᠨᠢ ᠬᠤᠶᠠᠷ ᠳᠠᠪᠬᠤᠷᠯᠠᠵᠤ ᠣᠷᠬᠢᠳᠠᠭ ᠪᠠᠶᠢᠵᠡᠢ᠃    ᠵᠤᠯᠤᠮ ᠢ ᠬᠤᠰᠢ ᠵᠤᠯᠤᠮ ᠪᠤᠯᠤᠨ ᠲᠤᠲᠤᠭᠤ ᠲᠠᠢ ᠵᠤᠯᠤᠮ ᠭᠡᠵᠦ ᠬᠤᠶᠠᠷ ᠬᠤᠪᠢᠶᠠᠳᠠᠭ  ᠃ ᠬᠤᠰᠢ ᠵᠤᠯᠤᠮ ᠢ ᠪᠠᠰᠠ ᠶᠠᠪᠠᠭᠠᠨ ᠵᠤᠯᠤᠮ ᠭᠡᠵᠦ ᠨᠡᠷᠡᠯᠡᠳᠡᠭ ᠲᠣᠬᠢᠶᠠᠯᠳᠠᠯ ᠪᠠᠶᠢᠳᠠᠭ᠃ ᠬᠤᠰᠢ ᠵᠤᠯᠤᠮ ᠪᠤᠶᠤ ᠶᠠᠪᠠᠭᠠᠨ ᠵᠤᠯᠤᠮ ᠭᠡᠳᠡᠭ ᠢ ᠰᠢᠭᠤᠳ ᠤᠨᠢᠨ ᠪᠤᠯᠤᠨ ᠬᠠᠷᠠᠭᠠᠴᠢ ᠪᠠᠷ ᠪᠣᠰᠬᠠᠵᠤ᠂ ᠳᠡᠭᠡᠷ᠎ᠡ ᠨᠢ ᠳᠡᠭᠡᠪᠤᠷ ᠢᠶᠠᠨ ᠭᠡᠳᠡᠷᠭᠡᠵᠦ ᠪᠠᠷᠢᠳᠠᠭ᠃ ᠡᠨᠡ ᠵᠤᠯᠤᠮ ᠢ ᠮᠠᠯ ᠢᠶᠠᠷ ᠣᠲᠤᠷ ᠲᠤ ᠭᠠᠷᠤᠭᠰᠠᠨ ᠤᠯᠤᠰ ᠨᠡᠭᠦᠵᠦ ᠪᠠᠭᠤᠬᠤ ᠳᠤ ᠳᠦᠭᠦᠮ ᠢ ᠪᠤᠳᠤᠵᠤ ᠬᠡᠷᠡᠭᠯᠡᠳᠡᠭ ᠪᠠᠶᠢᠨ᠎ᠠ᠃  ᠲᠤᠲᠤᠭᠤ ᠲᠠᠢ ᠵᠤᠯᠤᠮ ᠭᠡᠳᠡᠭ ᠨᠢ ᠡᠮᠦᠨ᠎ᠡ ᠪᠠᠨ ᠲᠤᠲᠤᠭᠤ ᠲᠠᠢ ᠪᠤᠶᠤ ᠡᠮᠦᠨ᠎ᠡ ᠠᠷᠤ  ᠳᠠᠭᠠᠨ ᠲᠤᠲᠤᠭᠤ ᠲᠠᠢ ᠪᠠᠷᠢᠭᠰᠠᠨ ᠵᠤᠯᠤᠮ ᠢ ᠬᠡᠯᠡᠳᠡᠭ ᠪᠠᠶᠢᠨ᠎ᠠ᠃ ᠡᠮᠦᠨ᠎ᠡ ᠪᠠᠨ ᠲᠤᠲᠤᠭᠤ ᠲᠠᠢ ᠵᠤᠯᠤᠮ ᠭᠡᠳᠡᠭ ᠨᠢ ᠵᠤᠯᠤᠮ ᠤᠨ ᠣᠷᠤᠬᠤ ᠡᠭᠦᠳᠡᠨ ᠳᠤ ᠡᠷᠬᠡ ᠣᠷᠤᠭᠤᠯᠤᠭᠠᠳ ᠲᠤᠲᠤᠭᠤ ᠭᠠᠷᠭᠠᠵᠤ ᠳᠡᠭᠡᠷ᠎ᠡ ᠨᠢ ᠲᠤᠲᠤᠭᠤ ᠶᠢᠨ ᠤᠨᠢ ᠵᠡᠭᠦᠭᠡᠳ ᠪᠠᠷᠢᠭᠰᠠᠨ ᠵᠤᠯᠤᠮ ᠢ ᠬᠡᠯᠡᠳᠡᠭ᠃ ᠡᠮᠦᠨ᠎ᠡ ᠠᠷᠤ ᠳᠠᠭᠠᠨ ᠲᠤᠲᠤᠭᠤ ᠲᠠᠢ ᠵᠤᠯᠤᠮ ᠭᠡᠳᠡᠭ ᠨᠢ ᠮᠦᠨ ᠡᠮᠦᠨᠡᠬᠢ ᠲᠤᠲᠤᠭᠤ ᠠᠴᠠ ᠭᠠᠵᠠᠭ᠎ᠠ ᠠᠷᠤ ᠳᠤᠨᠢ ᠨᠢᠭᠡ ᠡᠷᠬᠡ ᠣᠷᠤᠭᠤᠯᠤᠭᠠᠳ ᠲᠤᠲᠤᠭᠤ ᠭᠠᠷᠭᠠᠵᠤ ᠪᠠᠷᠢᠭᠰᠠᠨ ᠵᠤᠯᠤᠮ ᠢ ᠵᠢᠭᠠᠳᠠᠭ᠃ ᠡᠨᠡ  ᠨᠢ ᠭᠤᠣᠯᠳᠠᠭᠤ ᠵᠤᠯᠤᠮ ᠭᠡᠷ ᠤᠨ ᠳᠣᠲᠤᠷᠠᠬᠢ ᠣᠷᠤᠨ ᠵᠠᠢ ᠶᠢᠨ ᠡᠵᠡᠯᠡᠭᠦᠨ ᠢ ᠶᠡᠭᠡ ᠪᠣᠯᠭᠠᠬᠤ ᠶᠢᠨ ᠲᠦᠯᠦᠭᠡ ᠠᠪᠤᠭᠰᠠᠨ ᠠᠷᠭ᠎ᠠ  ᠪᠣᠯᠬᠤ ᠶᠤᠮ᠃ᠵᠣᠬᠢᠶᠠᠭᠴᠢ᠄ ᠲ᠊· ᠨᠠᠮᠵᠢᠯ  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号