ᠬᠦᠴᠦᠨ ᠬᠦᠷᠭᠡᠨ ᠤ ᠬᠤᠷᠢᠮ
ᠨᠡᠶᠢᠲᠡᠯᠡᠭᠰᠡᠨ ᠴᠠᠭ᠄
2021/3/19
   ︽ᠭᠦᠴᠦᠨ ᠬᠦᠷᠭᠡᠨ ᠤ ᠬᠤᠷᠢᠮ︾ ᠤᠨ ᠬᠡᠯᠪᠡᠷᠢ ᠶᠢ ᠵᠠᠷᠢᠮ ᠨᠤᠲᠤᠭ ᠲᠤ ︽ᠬᠦᠴᠦᠨ ᠬᠦᠷᠭᠡᠨ ᠤ ᠨᠤᠲᠤᠭ︾ ᠭᠡᠵᠦ ᠪᠠᠰᠠ ᠬᠡᠯᠡᠳᠡᠭ᠃ ᠨᠡᠨ ᠲᠦᠷᠦᠯ ᠤᠨ ᠤᠷᠤᠭ12-13 ᠳ᠋ᠤᠭᠠᠷ ᠵᠠᠭᠤᠨ ᠤ ᠦᠶ᠎ᠡ ᠳᠤ ᠪᠠᠶᠢᠭᠰᠠᠨ ︽ᠬᠦᠷᠭᠡᠳ ᠲᠤ ᠲᠠᠯᠪᠢᠬᠤ︾ ᠵᠠᠩᠰᠢᠯ ᠤᠨ ᠦᠯᠡᠳᠡᠭᠳᠡᠯ ᠪᠣᠯᠤᠨ᠎ᠠ ᠭᠡᠵᠦ ᠡᠷᠳᠡᠮᠲᠡᠳ ᠦᠵᠡᠳᠡᠭ ᠪᠠ ᠲᠡᠷᠡ ᠨᠢ ︽ᠦᠬᠢᠳ ᠤᠨ ᠡᠴᠢᠭᠡ ᠡᠬᠡ ᠬᠦᠷᠭᠡᠳ ᠤᠨ ᠬᠦᠴᠦᠨ ᠢ ᠠᠪᠬᠤ᠂ ᠬᠦᠴᠦᠨ ᠢ ᠠᠰᠢᠭᠯᠠᠬᠤ ᠨᠢᠭᠡ ᠵᠦᠢᠯ ᠤᠨ ᠵᠠᠩᠰᠢᠯ ᠪᠠᠶᠢᠵᠡᠢ︾ ᠭᠡᠵᠦ ᠬᠡᠯᠡᠳᠡᠭ ᠪᠢᠯᠡ᠃    ᠣᠶᠢᠷᠠᠳᠴᠤᠳ ᠤᠨ ᠵᠠᠩᠰᠢᠯ ᠳᠤ ︽ᠬᠦᠴᠦᠨ ᠬᠦᠷᠭᠡᠨ ᠣᠷᠤᠬᠤ︾ ᠭᠡᠳᠡᠭ ᠨᠢ ᠨᠠᠰᠤᠨ ᠳᠤ ᠬᠦᠷᠦᠭᠰᠡᠨ ᠵᠠᠯᠠᠭᠤ ᠡᠷ᠎ᠡ ᠪᠡᠶ᠎ᠡ ᠪᠠᠷ ᠢᠶᠠᠨ ᠬᠡᠤᠬᠡᠨ ᠤ ᠭᠡᠷ ᠲᠤ ᠣᠳᠴᠤ ᠰᠠᠭᠤᠭᠠᠳ ᠲᠡᠲᠡᠨ ᠤ ᠭᠡᠷ ᠤᠨ ᠨᠢᠭᠡ ᠭᠡᠰᠢᠭᠦᠨ ᠪᠣᠯᠵᠤ ᠂ ᠲᠡᠷᠡ ᠠᠶᠢᠯ ᠳᠤ ᠬᠠᠷᠢᠶᠠᠯᠠᠭᠳᠠᠬᠤ ᠬᠠᠮᠤᠭ ᠠᠵᠢᠯ ᠠᠬᠤᠢ ᠶᠢ ᠬᠢᠵᠤ᠂ ᠬᠦᠴᠦᠨ ᠤ ᠬᠦᠷᠭᠡᠨ ᠪᠣᠯᠬᠤ ᠶᠣᠰᠣ ᠶᠢ ᠪᠡᠶ᠎ᠡ ᠪᠠᠷ ᠭᠦᠢᠴᠡᠳᠬᠡᠳᠡᠭ ᠪᠠ ᠲᠤᠬᠠᠢ ᠶᠢᠨ ᠠᠶᠢᠯ ᠳᠡᠭᠡᠷ᠎ᠡ ᠬᠤᠷᠢᠮ ᠭᠡᠶᠢᠴᠢ ᠬᠢᠵᠤ ᠭᠡᠷ ᠡᠷᠦᠬᠡ ᠪᠣᠰᠬᠠᠵᠤ ᠠᠮᠢᠳᠤᠷᠠᠯ ᠦᠩᠭᠡᠷᠡᠭᠦᠯᠬᠦ ᠵᠠᠩ ᠦᠢᠯᠡ ᠶᠢ ᠵᠢᠭᠠᠳᠠᠭ᠃ ᠦᠩᠭᠡᠷᠡᠭᠰᠡᠨ ᠳᠤ ᠳᠠᠶᠢᠨ ᠳᠠᠵᠢᠨ᠂ ᠡᠪᠡᠳᠴᠢᠨ ᠳᠠᠬᠤᠯ ᠮᠡᠲᠦ ᠡᠯᠳᠡᠪ ᠰᠢᠯᠲᠠᠭᠠᠨ ᠠᠴᠠ ᠪᠣᠯᠵᠤ ᠦᠨᠦᠴᠢᠨ ᠭᠠᠭᠴᠠ ᠬᠤᠴᠤᠷᠤᠭᠰᠠᠨ ᠡᠷ᠎ᠡ ᠬᠦᠮᠦᠨ ᠲᠦᠩ ᠲᠦᠰᠢᠭ ᠦᠭᠡᠢ ᠨᠦᠭᠦᠴᠡᠯ ᠳᠣᠣᠷ᠎ᠠ ᠣᠯᠠᠩᠬᠢ ᠳᠠᠭᠠᠨ ᠬᠡᠤᠬᠡᠨ ᠤ ᠭᠡᠷ ᠲᠤ ︽ᠬᠦᠴᠦᠨ ᠬᠦᠷᠭᠡᠨ ᠣᠷᠤᠵᠤ︾ ᠭᠡᠷ ᠪᠦᠯᠢ ᠪᠠᠶᠢᠭᠤᠯᠬᠤ ᠵᠠᠮ ᠢ ᠰᠣᠩᠭᠤᠳᠠᠭ ᠪᠠᠶᠢᠨ᠎ᠠ᠃ᠬᠦᠴᠦᠨ ᠬᠦᠷᠭᠡᠨ ᠣᠷᠤᠬᠤ ᠶᠠᠪᠤᠳᠠᠯ ᠨᠢ ᠵᠠᠷᠢᠮ ᠪᠠᠶᠢᠳᠠᠯ ᠳᠤ ᠭᠠᠭᠴᠠ ᠬᠦᠪᠡᠭᠦᠨ ᠤ ᠰᠠᠨᠠᠭ᠎ᠠ ᠪᠠᠷ ᠪᠣᠯᠳᠠᠭ ᠦᠭᠡᠢ ᠪᠡᠶᠢᠵᠡᠢ᠃ ᠲᠡᠶᠢᠮᠦ ᠠᠴᠠ ᠵᠠᠷᠢᠮ ᠨᠢᠭᠡᠨ ᠬᠦᠪᠡᠭᠦᠨ ᠦᠭᠡᠢ ᠭᠠᠭᠴᠠ ᠬᠡᠤᠬᠡᠨ ᠲᠠᠢ ᠬᠦᠮᠦᠰ ᠲᠡᠷᠡ ᠬᠡᠤᠬᠡᠨ ᠢᠶᠠᠨ ᠪᠡᠶ᠎ᠡ ᠠᠴᠠ ᠪᠠᠨ ᠰᠠᠯᠭᠠᠬᠤ ᠳᠤᠷ᠎ᠠ ᠦᠭᠡᠢ ᠪᠤᠶᠤ ᠬᠤᠶᠢᠨ᠎ᠡ ᠨᠢ ᠨᠠᠰᠤ ᠠᠬᠢᠵᠤ ᠲᠡᠩᠬᠡᠬᠡ ᠴᠢᠳᠠᠯ ᠮᠠᠭᠤᠳᠠᠪᠠᠯ ᠬᠡᠤᠬᠡᠨ ᠢᠶᠠᠨ ᠲᠦᠰᠢᠵᠤ ᠠᠮᠢᠳᠤᠷᠠᠨ᠂ ᠪᠡᠶ᠎ᠡ ᠪᠠᠨ ᠠᠰᠠᠷᠠᠭᠤᠯᠬᠤ ᠰᠠᠨᠠᠭ᠎ᠠ ᠲᠠᠢ ᠪᠣᠯᠪᠠᠯ ᠲᠤᠰᠠᠭᠠᠷ ᠬᠦᠮᠦᠨ ᠤ ᠬᠦᠪᠡᠭᠦᠨ ᠢ ᠬᠦᠷᠭᠡᠨ ᠣᠷᠤᠭᠤᠯᠵᠤ ᠭᠡᠷ ᠲᠡᠭᠡᠨ ᠰᠠᠭᠤᠯᠭᠠᠳᠠᠭ ᠪᠠ ᠬᠡᠤᠬᠡᠨ ᠤ ᠲᠠᠯ᠎ᠠ ᠠᠴᠠ ᠬᠤᠷᠢᠮ ᠢ ᠨᠢ ᠬᠢᠵᠤ ᠠᠶᠢᠯ ᠡᠷᠦᠬᠡ ᠶᠢ ᠨᠢ ᠪᠣᠰᠬᠠᠵᠤ ᠦᠭᠳᠡᠭ ᠪᠠᠶᠢᠵᠡᠢ᠃ ᠭᠡᠲᠡᠯ᠎ᠡ ᠠᠯᠢ ᠴᠤ ᠪᠠᠶᠢᠳᠠᠯ ᠳᠤ ᠪᠣᠯᠤᠭ ︽ᠬᠦᠴᠦᠨ ᠬᠦᠷᠭᠡᠨ ᠣᠷᠣᠬᠤ︾  ᠳᠤ ᠤᠷᠢᠳ ᠢᠶᠠᠷ ᠬᠤᠷᠢᠮ ᠬᠢᠵᠤ  ᠳᠠᠷᠠᠭ᠎ᠠ ᠨᠢ ᠬᠡᠤᠬᠡᠨ ᠤ ᠭᠡᠷ ᠲᠤ ᠣᠷᠤᠳᠠᠭ ᠪᠢᠰᠢ᠂ ᠬᠠᠷᠢᠨ ᠬᠤᠷᠢᠮ ᠬᠢᠬᠦ ᠠᠴᠠ ᠡᠮᠦᠨ᠎ᠡ ᠨᠠᠭ᠎ᠠ ᠵᠠᠬ᠎ᠠ ᠳᠠᠭᠠᠨ ᠨᠢᠭᠡ ᠬᠤᠶᠠᠷ ᠵᠢᠯ ᠪᠤᠶᠤ ᠴᠠᠭᠠᠷᠤ ᠪᠠᠨ ᠭᠤᠷᠪᠠ ᠲᠠᠪᠤᠨ ᠵᠢᠯ ᠢᠶᠠᠷ ᠬᠡᠤᠬᠡᠨ ᠤ ᠭᠡᠷ ᠲᠤ ᠪᠠᠶᠢᠷᠢᠰᠢᠵᠤ᠂ ᠮᠠᠯ ᠬᠠᠷ᠎ᠠ ᠶᠢ ᠨᠢ ᠬᠠᠷᠢᠭᠤᠯᠵᠤ ᠠᠵᠢᠯ ᠠᠬᠤᠢ ᠶᠢ ᠨᠢ ᠬᠢᠵᠤ᠂ ᠠᠯᠢᠪᠠ ᠲᠠᠯ᠎ᠠ ᠶᠢᠨ ᠨᠦᠭᠦᠴᠡᠯ ᠪᠣᠯᠤᠯᠴᠠᠭ᠎ᠠ ᠨᠢ ᠪᠦᠷᠢᠯᠳᠦᠪᠡᠯ ᠬᠡᠤᠬᠡᠨ ᠤ ᠡᠬᠡ ᠡᠴᠢᠭᠡ ᠶᠢᠨ ᠪᠠᠶᠢᠷᠢᠰᠢᠭᠤᠯᠤᠯᠲᠠ ᠪᠠᠷ ᠬᠤᠷᠢᠮ ᠤᠨ ᠶᠣᠰᠤᠯᠠᠯ ᠢᠶᠠᠨ ᠲᠦᠭᠦᠮ ᠲᠦᠲᠡ ᠬᠢᠵᠦ ᠠᠶᠢᠯ ᠭᠡᠷ ᠪᠣᠯᠤᠨ ᠰᠠᠭᠤᠳᠠᠭ᠃     ︽ᠬᠦᠴᠦᠨ ᠬᠦᠷᠭᠡᠨ ᠣᠷᠤᠬᠤ︾ ᠶᠢᠨ ᠭᠤᠣᠯ ᠤᠴᠢᠷ ᠨᠢ ︽ᠬᠦᠴᠦᠨ︾ ᠳᠡᠭᠡᠷ᠎ᠡ ᠪᠠᠶᠢᠳᠠᠭ ᠪᠦᠭᠡᠳ ᠬᠡᠤᠬᠡᠨ ᠤ ᠭᠡᠷ ᠤᠨ ᠬᠢᠰ ᠬᠦᠷᠭᠡᠨ ᠪᠣᠯᠬᠤ ᠪᠠᠷ ᠣᠷᠤᠭᠰᠠᠨ ᠡᠷᠡᠭᠲᠡᠢ ᠶᠢ  ᠨᠢᠭᠡ ᠲᠠᠯ᠎ᠠ ᠪᠠᠷ ᠬᠦᠷᠭᠡᠨ ᠢᠶᠠᠨ ᠪᠣᠯᠭᠠᠵᠤ ᠬᠡᠤᠬᠡᠨ ᠢᠶᠠᠨ ᠦᠭᠴᠦ᠂ ᠨᠦᠭᠦᠭᠡ ᠲᠠᠯ᠎ᠠ ᠪᠠᠷ ᠬᠦᠴᠦ ᠶᠢ ᠨᠢ ᠠᠰᠢᠭᠯᠠᠵᠤ ᠦᠪᠡᠷ ᠤᠨ ᠠᠵᠢᠯ ᠠᠬᠤᠢ ᠪᠠᠨ ᠬᠢᠯᠭᠡᠬᠦ ᠭᠡᠰᠡᠨ ᠵᠣᠷᠢᠯᠭ᠎ᠠ ᠳᠤ ᠪᠠᠶᠢᠳᠠᠭ᠃ ᠡᠶᠢᠮᠦ ᠠᠴᠠ ᠡᠭᠦᠨ ᠢ ︽ᠬᠦᠴᠦᠨ ᠤ ᠬᠦᠷᠭᠡᠨ︾ ᠭᠡᠵᠦ ᠬᠡᠯᠡᠳᠡᠭ ᠪᠦᠭᠡᠳ ᠶᠠᠭ ᠡᠶᠢᠮᠦ ᠨᠢᠭᠡ ᠰᠢᠨᠵᠢ ᠴᠢᠨᠠᠷ ᠲᠠᠢ ᠬᠤᠷᠢᠮ ᠤᠨ ᠶᠤᠰᠤᠨ ᠪᠣᠯᠬᠤ ᠲᠤᠯᠠᠲᠠ ︽ᠬᠦᠴᠦᠨ ᠬᠦᠷᠭᠡᠨ ᠢ ᠵᠠᠷᠤᠬᠤ ᠳᠤ ᠰᠠᠶᠢᠬᠠᠨ᠂ ᠬᠦᠵᠦᠭᠦᠨ ᠤ ᠮᠢᠬ᠎ᠠ ᠶᠢ ᠮᠦᠯᠵᠢᠬᠦ ᠳᠤ ᠰᠠᠶᠢᠬᠠᠨ︾ ᠭᠡᠳᠡᠭ ᠲᠠᠷᠤᠰᠢᠯᠭᠠᠲᠤ ᠦᠭᠡ ᠭᠠᠷᠴᠤ ᠢᠷᠡᠭᠰᠡᠨ ᠪᠠᠶᠢᠨ᠎ᠠ᠃ ᠨᠦᠭᠦᠭᠡ ᠲᠠᠯ᠎ᠠ ᠪᠠᠷ ᠬᠦᠷᠬᠡᠨ ᠪᠣᠯᠭᠠᠵᠤ ᠣᠷᠤᠭᠤᠯᠵᠤ ᠠᠪᠴᠤ ᠪᠠᠶᠢᠭ᠎ᠠ ᠶᠠᠪᠤᠳᠠᠯ ᠨᠢ ᠣᠷᠤᠰᠢᠬᠤ ᠶᠢᠨ ᠣᠷᠤᠨ ᠵᠠᠢ ᠶᠢ ᠪᠠᠲᠤᠳᠬᠠᠵᠤ ᠠᠮᠢᠳᠤᠷᠠᠯ ᠤᠨ ᠦᠨᠳᠦᠰᠦᠨ ᠰᠠᠭᠤᠷᠢ ᠶᠢ ᠪᠠᠲᠤᠯᠠᠮᠵᠢ ᠲᠠᠢ ᠪᠣᠯᠭᠠᠬᠤ ᠪᠠ ᠬᠦᠲᠡᠮᠦᠰᠢ ᠶᠢᠨ ᠬᠦᠴᠦ ᠶᠢ ᠨᠡᠮᠡᠭᠳᠡᠭᠦᠯᠵᠦ ᠪᠣᠳᠠᠰ ᠤᠨ ᠰᠠᠭᠤᠷᠢ ᠶᠢ ᠲᠣᠭᠳᠠᠩᠭᠤᠢ ᠪᠣᠯᠭᠠᠬᠤ ᠶᠢᠨ ᠬᠠᠮᠲᠤ ︽ᠬᠦᠷᠭᠡᠨ︾ ᠪᠣᠯᠬᠤ ᠤᠷᠤᠭ ᠤᠨ ᠬᠠᠷᠢᠴᠠᠭ᠎ᠠ ᠪᠠᠷ ᠭᠡᠷ ᠪᠦᠯᠢ ᠶᠢᠨ ᠪᠠᠶᠢᠭᠤᠯᠤᠮᠵᠢ ᠶᠢᠨ ᠤᠯᠠ ᠰᠠᠭᠤᠷᠢ ᠶᠢ ᠪᠠᠬᠢᠯᠡᠵᠦ ᠪᠠᠶᠢᠭ᠎ᠠ ᠬᠡᠷᠡᠭ᠃ ᠭᠡᠲᠡᠯ᠎ᠡ  ᠬᠦᠴᠦᠨ ᠬᠦᠷᠭᠡᠨ ᠪᠣᠯᠤᠭᠰᠠᠨ ᠬᠦᠮᠦᠨ ᠳᠤ ᠭᠡᠷ ᠮᠠᠯ ᠢᠶᠠᠨ ᠡᠵᠡᠩᠨᠡᠬᠦ ᠡᠷᠬᠡ ᠦᠭᠡᠢ ᠪᠢᠰᠢ᠂ ᠬᠠᠷᠢᠨ ᠬᠠᠳᠠᠮ ᠤᠨ ᠲᠠᠯ᠎ᠠ ᠶᠢᠨ ᠡᠳ᠋ ᠬᠦᠷᠦᠩᠭᠡ ᠶᠢ ᠡᠵᠡᠩᠨᠡᠬᠦ ᠡᠷᠬᠡ ᠲᠠᠢ ᠪᠠᠶᠢᠳᠠᠭ ᠪᠦᠭᠡᠳ ᠲᠡᠲᠡᠨ ᠤ ᠨᠠᠰᠤᠨ ᠦᠨᠳᠦᠷ ᠪᠣᠯᠵᠤ ᠪᠡᠶ᠎ᠡ ᠶᠢᠨ ᠲᠠᠮᠢᠷ ᠤᠶᠠᠳᠠᠬᠤ ᠦᠶ᠎ᠡ ᠳᠤ ᠪᠦᠬᠦ ᠭᠡᠷ ᠤᠨ ᠠᠮᠢᠳᠤᠷᠠᠯ ᠠᠬᠤᠢ ᠶᠢ ᠬᠦᠷᠭᠡᠨ‌‍ᠪᠣᠯᠤᠭᠰᠠᠨ ᠬᠦᠮᠦᠨ ᠮᠡᠳᠡᠵᠦ ᠬᠢᠳᠡᠭ ᠪᠠ ᠬᠠᠳᠠᠮ ᠡᠬᠡ ᠡᠴᠢᠭᠡ ᠨᠢ ᠨᠠᠰᠤ ᠪᠠᠷᠠᠭᠰᠠᠨ ᠤ ᠳᠠᠷᠠᠭ᠎ᠠ ᠶᠢᠨ ᠲᠡᠷᠡ ᠭᠡᠷ ᠤᠨ ᠡᠳ᠋ ᠮᠠᠯ ᠭᠡᠷ ᠪᠠᠶᠢᠰᠢᠩ ᠪᠦᠭᠦᠳᠡᠭᠡᠷ ᠬᠦᠴᠦᠨ ᠬᠦᠷᠭᠡᠨ ᠪᠣᠯᠤᠭᠰᠠᠨ ᠬᠦᠮᠦᠨ ᠳᠤ ᠬᠤᠴᠤᠷᠳᠠᠭ᠃ ᠬᠠᠷᠢᠨ ᠶᠠᠮᠠᠷ ᠴᠤ ᠬᠦᠮᠦᠨ ᠲᠡᠭᠦᠨ ᠢ ︽ᠴᠢᠨᠦ ᠪᠢᠰᠢ︾ ᠭᠡᠵᠦ ᠪᠦᠯᠢᠶᠠᠯᠳᠤᠬᠤ ᠪᠤᠶᠤ ᠬᠡᠰᠡᠭᠯᠡᠵᠦ᠂ ᠬᠤᠪᠢᠶᠠᠵᠤ᠂ ᠦᠮᠴᠢᠯᠡᠬᠦ ᠭᠡᠵᠦ ᠣᠷᠤᠯᠳᠤᠵᠤ ᠪᠣᠯᠳᠠᠭ ᠦᠭᠡᠢ ᠵᠠᠩᠰᠢᠯ ᠲᠠᠢ ᠪᠠᠶᠢᠳᠠᠭ᠃    ᠵᠠᠷᠢᠮ ᠨᠤᠲᠤᠭ ᠲᠤ ᠡᠨᠡ ᠲᠦᠷᠦᠯ ᠤᠨ ᠬᠤᠷᠢᠮ ᠤᠨ ᠬᠡᠯᠪᠡᠷᠢ ᠶᠢ ︽ᠬᠤᠷᠢᠮ ᠲᠠᠢ ᠬᠦᠴᠦᠨ ᠬᠦᠷᠭᠡᠨ ᠤ  ᠤᠷᠤᠭ︾ ᠪᠣᠯᠤᠨ ︽ᠬᠤᠷᠢᠮ ᠦᠭᠡᠢ ᠬᠦᠴᠦᠨ ᠬᠦᠷᠭᠡᠨ ᠤ ᠤᠷᠤᠭ︾ ᠭᠡᠵᠦ ᠬᠤᠶᠠᠷ ᠵᠦᠢᠯ ᠳᠤ ᠬᠤᠪᠢᠶᠠᠳᠠᠭ ᠪᠠᠶᠢᠨ᠎ᠠ᠃ ᠬᠤᠷᠢᠮ ᠲᠠᠢ ᠬᠦᠴᠦᠨ ᠬᠦᠷᠭᠡᠨ ᠭᠡᠳᠡᠭ ᠨᠢ ᠳᠡᠭᠡᠷ᠎ᠡ ᠬᠡᠯᠡᠭᠰᠡᠨ ᠮᠡᠲᠦ ᠭᠠᠭᠴᠠ ᠦᠬᠢᠨ ᠲᠠᠢ ᠠᠶᠢᠯ᠂ ᠦᠬᠢᠨ ᠢᠶᠠᠨ ᠪᠡᠶ᠎ᠡ ᠠᠴᠠ ᠪᠠᠨ ᠰᠠᠯᠭᠠᠬᠤ ᠦᠭᠡᠢ ᠪᠠᠶᠢᠯᠭᠠᠵᠤ᠂ ᠦᠪᠡᠷ ᠤᠨ ᠡᠳ᠋ ᠮᠠᠯ ᠠᠯᠢᠪᠠ ᠪᠦᠬᠦᠨ ᠢᠶᠠᠨ ᠵᠠᠯᠭᠠᠮᠵᠢᠯᠠᠭᠤᠯᠬᠤ ᠶᠢᠨ ᠲᠦᠯᠦᠭᠡ ᠠᠪᠤᠭᠰᠠᠨ ᠬᠦᠴᠦᠨ ᠬᠦᠷᠭᠡᠨ ᠢ ᠬᠡᠯᠡᠳᠡᠭ᠃ ᠬᠠᠷᠢᠨ ︽ᠬᠤᠷᠢᠮ ᠦᠭᠡᠢ ᠬᠦᠴᠦᠨ ᠬᠦᠷᠭᠡᠨ ᠤ ᠤᠷᠤᠭ︾ ᠭᠡᠳᠡᠭ ᠨᠢ ᠠᠭᠤᠯᠭ᠎ᠠ ᠶᠢᠨ ᠲᠠᠯ᠎ᠠ ᠪᠠᠷ ︽ᠬᠠᠮᠴᠠᠨ ᠰᠠᠭᠤᠬᠤ ᠬᠤᠷᠢᠮ︾ ᠤᠨ ᠬᠡᠯᠪᠡᠷᠢ ᠲᠠᠢ ᠪᠠᠷᠤᠭ ᠠᠳᠠᠯᠢ ᠪᠠᠶᠢᠳᠠᠭ ᠪᠠᠶᠢᠯ᠎ᠠ᠃ ᠶᠠᠭᠤ ᠭᠡᠪᠡᠯ᠂ ᠪᠡᠶ᠎ᠡ ᠶᠠᠪᠤᠭᠰᠠᠨ ᠡᠷᠡᠭᠲᠡᠢ ᠬᠦᠮᠦᠨ ᠪᠠᠯᠪᠠᠰᠤᠨ ᠪᠦᠰᠡᠭᠦᠢ ᠶᠢᠨ ᠦᠷ᠎ᠡ ᠬᠡᠤᠬᠡᠳ ᠲᠤᠨᠢ ᠲᠦᠰᠢᠭ ᠲᠤᠯᠭᠠᠭᠤᠷᠢ ᠪᠣᠯᠵᠤ᠂ ᠡᠳ᠋ ᠮᠠᠯ ᠳᠤᠨᠢ ᠡᠵᠡᠨ ᠪᠣᠯᠬᠤ ᠳᠤᠷ᠎ᠠ ᠲᠠᠢ ᠪᠣᠯᠬᠤᠯ᠎ᠠ ᠲᠡᠷᠡ ᠪᠦᠰᠡᠭᠦᠢ ᠶᠢᠨ ᠳᠤᠷ᠎ᠠ ᠰᠡᠳᠬᠢᠯ ᠪᠠ ᠡᠵᠢ ᠠᠪᠤ ᠶᠢᠨ ᠬᠢᠨᠢ ᠵᠦᠪᠰᠢᠶᠡᠷᠡᠯ ᠢ ᠠᠪᠴᠤ᠂ ᠲᠡᠷᠡ ᠭᠡᠷ ᠤᠨ ᠡᠵᠡᠨ ᠨᠢ ᠪᠣᠯᠵᠤ ᠬᠤᠷᠢᠮ ᠲᠤᠢ ᠬᠢᠵᠦ ᠭᠡᠶᠢᠴᠢ ᠭᠡᠶᠢᠬᠡᠨ ᠳᠠᠭᠤᠳᠠᠬᠤ ᠦᠭᠡᠢ ᠪᠠᠷ ᠰᠢᠭᠤᠳ ᠡᠮᠡᠭᠲᠡᠢ ᠶᠢᠨ ᠭᠡᠷ ᠲᠤ ᠣᠷᠤᠵᠤ ᠰᠠᠭᠤᠳᠠᠭ᠃ ᠦᠭᠡᠷ᠎ᠡ ᠪᠠᠷ ᠬᠡᠯᠡᠪᠡᠯ᠂ ᠡᠷᠡᠭᠲᠡᠢ ᠬᠦᠮᠦᠨ ᠭᠠᠭᠴᠠ ᠪᠡᠶ᠎ᠡ ᠪᠠᠷ ᠢᠶᠠᠨ ᠡᠮᠡᠭᠲᠡᠢ ᠶᠢᠨ ᠲᠠᠯ᠎ᠠ ᠳᠤ ᠣᠷᠤᠵᠤ᠂ ᠲᠡᠳᠡᠨ ᠤ ᠠᠲᠠᠯ ᠦᠢᠯᠡᠰ ᠲᠤ ᠬᠦᠴᠦ ᠪᠠᠨ ᠡᠷᠭᠦᠨ ᠪᠡᠶ᠎ᠡ ᠴᠢᠳᠠᠯ ᠢᠶᠠᠨ ᠵᠣᠷᠢᠭᠤᠯᠬᠤ ᠶᠢ ᠬᠡᠯᠡᠳᠡᠭ ᠪᠠᠶᠢᠨ᠎ᠠ᠃ ᠡᠶᠢᠮᠦ ᠠᠴᠠ ᠡᠶᠢᠭᠡᠵᠦ ᠣᠷᠣᠭᠰᠠᠨ ᠬᠦᠷᠭᠡᠨ ᠬᠦᠮᠦᠨ ᠢ ᠪᠠᠰᠠ ︽ᠠᠶᠠᠭ᠎ᠠ ᠪᠠᠨ ᠪᠠᠷᠢᠵᠤ ᠣᠷᠤᠭᠰᠠᠨ ᠬᠦᠷᠭᠡᠨ︾ ᠭᠡᠵᠦ ᠬᠡᠯᠡᠬᠦ ᠲᠣᠬᠢᠶᠠᠯᠳᠤᠯ ᠪᠠᠶᠢᠳᠠᠭ᠃     ᠵᠠᠷᠢᠮ ᠨᠤᠲᠤᠭ ᠲᠤ ᠬᠦᠴᠦᠨ ᠬᠦᠷᠭᠡᠨ ᠣᠷᠤᠭᠤᠯᠬᠤ ᠲᠠᠢ ᠠᠳᠠᠯᠢ ᠲᠦᠰᠲᠡᠢ ︽ ᠬᠦᠷᠭᠡᠨ ᠣᠷᠤᠭᠤᠯᠬᠤ︾ ᠭᠡᠳᠡᠭ ᠨᠢᠭᠡᠨ ᠶᠣᠰᠤᠨ ᠪᠠᠶᠢᠵᠡᠢ᠃ ᠡᠨᠡ ᠨᠢ ᠪᠣᠯᠪᠠᠯ ᠵᠠᠷᠢᠮ ᠬᠡᠤᠬᠡᠨ ᠦᠷ᠎ᠡ ᠲᠠᠢ ᠬᠦᠪᠡᠭᠦᠨ ᠦᠷᠡᠨ ᠦᠭᠡᠢ ᠠᠶᠢᠯ ᠪᠤᠶᠤ ᠡᠰᠡᠭᠡᠵᠦ ᠬᠡᠨᠵᠡ ᠪᠠᠭ᠎ᠠ ᠬᠦᠪᠡᠭᠦᠨ ᠲᠠᠢ ᠪᠣᠯᠪᠠᠯ ᠤᠤᠭᠠᠨ ᠬᠡᠤᠬᠡᠨ ᠳᠡᠭᠡᠨ ᠬᠦᠷᠭᠡᠨ ᠰᠣᠩᠭᠤᠵᠤ᠂ ᠲᠡᠭᠦᠨ ᠢ ᠪᠠᠷᠢ ᠪᠠᠭᠤᠯᠭᠠᠬᠤ ᠶᠢᠨ ᠠᠳᠠᠯᠢ ᠬᠡᠤᠬᠡᠨ ᠤ ᠭᠡᠷ ᠲᠤ ᠣᠷᠤᠭᠤᠯᠵᠤ ᠠᠪᠳᠠᠭ ᠪᠠᠶᠢᠭᠰᠠᠨ ᠪᠠᠶᠢᠨ᠎ᠠ᠃    ᠬᠦᠴᠦᠨ ᠬᠦᠷᠭᠡᠨ ᠣᠷᠤᠭᠤᠯᠬᠤ ᠲᠤᠬᠠᠢ ︽ᠬᠠᠷᠠᠱᠠᠷ᠎ᠠ ᠶᠢᠨ ᠮᠣᠩᠭᠤᠯᠴᠤᠳ ᠤᠨ ᠵᠠᠩ ᠦᠢᠯᠡ︾ ᠭᠡᠬᠦ  ᠨᠣᠮ ᠳᠤ ︽ᠬᠦᠷᠭᠡᠨ ᠣᠷᠤᠬᠤ ᠬᠦᠪᠡᠭᠦᠨ ᠤ ᠡᠬᠡ ᠡᠴᠢᠭᠡ ᠲᠠᠢ ᠶᠠᠷᠢᠯᠴᠠᠨ ᠲᠤᠬᠢᠷᠠᠵᠤ᠂ ᠦᠯᠵᠡᠶᠢᠲᠠᠢ ᠭᠡᠰᠡᠨ ᠡᠳᠤᠷ ᠲᠤ ᠬᠡᠤᠬᠡᠨ ᠤ ᠲᠠᠯ᠎ᠠ ᠠᠴᠠ ᠲᠠᠪᠤ ᠪᠤᠶᠤ ᠲᠠᠭᠦᠨ ᠠᠴᠠ ᠳᠡᠭᠡᠭᠰᠢ ᠰᠦᠩᠬᠦ ᠲᠤᠭ᠎ᠠ ᠲᠠᠢ ᠬᠦᠮᠦᠨ ᠮᠠᠯ ᠤᠨ ᠮᠢᠬ᠎ᠠ᠂ ᠠᠷᠢᠬᠢ ᠴᠡᠭᠡ ᠲᠡᠷᠢᠭᠦᠲᠡᠨ ᠪᠠ ᠪᠡᠯᠡᠭ ᠲᠡᠮᠡᠰᠦ᠂ ᠠᠯᠴᠢᠭᠤᠷ ᠲᠡᠰᠡᠮ᠎ᠡ᠂ ᠬᠦᠪᠡᠭᠦᠨ ᠤ ᠡᠴᠢᠭᠡ ᠡᠬᠡ ᠳᠤ ᠤᠨᠤᠭᠤᠯᠳᠠᠭ ᠮᠣᠷᠢ᠂ ᠬᠦᠪᠡᠭᠦᠨ ᠳᠤ ᠡᠮᠦᠰᠬᠡᠳᠡᠭ ᠬᠤᠪᠴᠠᠰᠤ ᠬᠤᠨᠠᠷ ᠪᠣᠯᠤᠨ ᠲᠡᠭᠦᠨ ᠤ ᠤᠨᠤᠵᠤ ᠢᠷᠡᠳᠡᠭ ᠡᠮᠡᠭᠡᠯ ᠬᠠᠵᠠᠭᠠᠷ ᠲᠠᠢ ᠰᠤᠯᠠ ᠮᠣᠷᠢ ᠬᠦᠲᠦᠯᠦᠨ ᠣᠳᠤᠨ᠎ᠠ᠃ ᠣᠳᠤᠭᠰᠠᠳ ᠡᠩ ᠤᠨ ᠵᠣᠯᠭᠠᠯᠲᠠ ᠶᠢᠨ ᠶᠣᠰᠤ ᠪᠠᠷ ᠪᠡᠯᠡᠭ ᠲᠡᠯᠡᠭ ᠢᠶᠠᠨ ᠲᠠᠯᠪᠢᠵᠤ ᠪᠣᠯᠤᠭᠠᠳ᠂ ᠭᠡᠶᠢᠴᠢ ᠶᠢᠨ ᠠᠬᠠᠯᠠᠭᠠᠴᠢ ᠠᠴᠠ᠂ ᠨᠢᠭᠡ ᠬᠠᠳᠠᠭ ᠭᠠᠷᠭᠠᠨ᠂ ᠪᠠᠷᠠᠭᠠᠨ ᠳᠡᠭᠡᠷ᠎ᠡ ᠨᠢ ᠲᠠᠯᠪᠢᠵᠤ ᠪᠤᠷᠬᠠᠨ ᠠᠴᠠ ᠠᠳᠢᠰ ᠠᠪᠴᠤ ᠣᠷᠬᠢᠭᠠᠳ᠂ ᠬᠦᠪᠡᠭᠦᠨ ᠤ ᠡᠴᠢᠭᠡ ᠳᠤ᠂ ᠬᠦᠷᠭᠡᠨ ᠢᠶᠠᠨ ᠪᠠᠭᠤᠯᠭᠠᠵᠤ ᠠᠪᠬᠤ ᠤᠴᠢᠷ ᠢᠶᠠᠨ ᠬᠡᠯᠡᠵᠦ᠂ ᠠᠪᠴᠢᠷᠠᠭᠰᠠᠨ ᠢᠳᠡᠭᠡᠨ  ᠴᠡᠭᠡᠨ ᠮᠢᠬ᠎ᠠ ᠰᠢᠭᠦᠰᠦ ᠲᠡᠷᠢᠭᠦᠲᠡᠨ ᠢ ᠲᠤᠰᠢᠶᠠᠨ ᠦᠭᠴᠦ᠂ ᠳᠠᠭᠠᠯᠳᠤᠭᠤᠯᠤᠨ ᠬᠦᠪᠡᠭᠦᠨ ᠤ ᠡᠴᠢᠭᠡ ᠡᠬᠡ ᠪᠤᠶᠤ ᠭᠡᠷ ᠤᠨ ᠬᠦᠮᠦᠰ ᠲᠤ ᠨᠢᠵᠡᠭᠡᠳ  ᠡᠬᠢᠨ ᠳᠠᠭᠤᠤ ᠳᠠᠭᠤᠯᠠᠵᠤ ᠬᠦᠨᠳᠦᠳᠭᠡᠯ ᠳᠡᠪᠰᠢᠭᠦᠯᠬᠦ ᠳᠤ ᠬᠦᠪᠡᠭᠦᠨ ᠤ ᠲᠡᠯᠡᠬᠢᠰ ᠴᠤ ᠬᠠᠷᠢᠭᠤ ᠨᠢᠵᠡᠭᠡᠳ ᠡᠬᠢᠨ ᠳᠠᠭᠤᠤ ᠪᠠᠨ ᠳᠠᠭᠤᠯᠠᠵᠤ᠂ ᠪᠤᠷᠣ ᠰᠢᠭᠦᠰᠦ ᠪᠠᠨ ᠲᠠᠯᠪᠢᠵᠤ᠂ ᠬᠤᠲᠤ ᠬᠤᠭᠤᠯᠠ ᠪᠠᠨ ᠬᠢᠵᠦ ᠬᠦᠪᠡᠭᠦᠨ ᠢᠶᠠᠨ ᠪᠤᠶᠤ ᠢᠷᠡᠭᠰᠡᠨ ᠭᠡᠶᠢᠴᠢᠳ ᠢ ᠶᠡᠭᠡ ᠬᠦᠨᠲᠦᠲᠡᠢ ᠪᠠᠷ ᠭᠡᠶᠢᠴᠢᠯᠡᠭᠦᠯᠳᠡᠭ᠃ ᠢᠩᠬᠢᠵᠦ ᠲᠦᠭᠦᠷᠬᠦ ᠶᠢᠨ ᠦᠶᠡᠰ ᠲᠤ ᠢᠷᠡᠭᠰᠡᠨ ᠭᠡᠶᠢᠴᠢᠳ ᠠᠴᠠ ᠢᠪᠡᠭᠡᠯ ᠵᠢᠯᠲᠠᠢ ᠨᠢᠭᠡ ᠨᠢ ᠪᠣᠰᠴᠤ ᠨᠢᠭᠡ ᠭᠡᠷ ᠤᠨ ᠪᠡᠯᠡᠭ ᠲᠠᠯᠪᠢᠭᠠᠳ ᠬᠦᠷᠭᠡᠨ ᠤ ᠪᠠᠨ ᠬᠤᠪᠴᠠᠰᠤ ᠬᠤᠨᠠᠷ ᠢ ᠰᠣᠯᠢᠬᠤ ᠵᠦᠪᠰᠢᠶᠡᠷᠡᠯ ᠠᠪᠴᠤ᠂ ᠬᠦᠷᠭᠡᠨ ᠳᠡᠭᠡᠨ ᠦᠪᠡᠷ ᠤᠨ ᠠᠪᠴᠤ ᠣᠳᠤᠭᠰᠠᠨ ᠬᠤᠪᠴᠠᠰᠤ ᠬᠤᠨᠠᠷ ᠢᠶᠠᠨ ᠡᠮᠦᠰᠭᠡᠵᠦ᠂ ᠠᠪᠤ ᠡᠵᠢ ᠶᠢᠨ ᠬᠢᠨᠢ ᠭᠠᠯ ᠭᠤᠯᠤᠮᠲᠠ ᠳᠤ ᠮᠦᠷᠭᠦᠭᠦᠯᠦᠨ ᠳᠠᠭᠠᠭᠤᠯᠤᠨ ᠭᠠᠷᠬᠤ ᠦᠶ᠎ᠡ ᠳᠤ᠂ ᠬᠦᠪᠡᠭᠦᠨ ᠤ ᠡᠴᠢᠭᠡ ᠡᠬᠡ ᠨᠢ ᠬᠦᠪᠡᠭᠦᠨ ᠳᠡᠭᠡᠨ ᠰᠦ ᠠᠮᠰᠠᠭᠤᠯᠤᠨ ᠳᠠᠯᠠᠯᠭ᠎ᠠ ᠠᠪᠴᠦ᠂ ᠤᠷᠲᠤ ᠨᠠᠰᠤᠲᠠᠢ ᠤᠳᠠᠭᠠᠨ ᠵᠢᠷᠭᠠᠯᠲᠠᠢ ᠪᠣᠯᠬᠤ ᠶᠢ ᠨᠢ ᠢᠷᠦᠭᠡᠵᠦ ᠬᠤᠴᠤᠷᠳᠠᠭ᠃ ᠬᠡᠷᠪᠡ ᠮᠠᠩᠭᠠᠳᠤᠷ ᠲᠤᠨᠢ ᠬᠦᠪᠡᠭᠦᠨ ᠤ ᠬᠢᠨᠢ ᠬᠡᠶᠢᠴᠢ ᠬᠤᠷᠢᠮ ᠬᠢᠬᠦ ᠪᠣᠯ ᠡᠴᠢᠭᠡ ᠡᠬᠡ ᠨᠢ ᠬᠦᠪᠡᠭᠦᠨ ᠢᠶᠠᠨ ᠬᠦᠷᠭᠡᠵᠦ ᠣᠳᠤᠭᠠᠳ ᠬᠦᠪᠡᠭᠦᠨ ᠤ ᠪᠠᠨ ᠰᠢᠨ᠎ᠡ ᠭᠡᠷ ᠢ ᠢᠷᠦᠭᠡᠵᠦ᠂ ᠬᠦᠪᠡᠭᠦᠳ ᠤᠨ ᠢᠶᠠᠨ ᠬᠤᠷᠢᠮ ᠨᠠᠶᠢᠷ ᠲᠤ ᠣᠷᠤᠯᠴᠠᠳᠠᠭ︾ ᠭᠡᠵᠦ ᠳᠡᠯᠭᠡᠷᠡᠩᠭᠦᠢ ᠲᠡᠮᠳᠡᠭᠯᠡᠭᠰᠡᠨ ᠪᠠᠶᠢᠳᠠᠭ᠃    ᠶᠡᠷᠦᠩᠬᠡᠢ ᠳᠤᠨᠢ ᠠᠪᠴᠤ ᠦᠵᠡᠪᠡᠯ᠂ ᠬᠦᠴᠦᠨ ᠬᠦᠷᠭᠡᠨ ᠢᠶᠠᠷ ᠣᠷᠤᠭᠰᠠᠨ ᠬᠦᠮᠦᠨ ᠬᠤᠷᠢᠮ ᠬᠢᠵᠦ ᠠᠶᠢᠯ ᠠᠮᠢᠲᠠᠨ ᠪᠣᠯᠤᠭᠰᠠᠨ ᠤ ᠳᠠᠷᠠᠭ᠎ᠠ ᠲᠡᠷᠡ ᠭᠡᠷ ᠤᠨ ᠡᠷᠬᠡ ᠶᠢ ᠮᠡᠳᠡᠵᠦ ᠠᠯᠢᠪᠠ ᠠᠵᠢᠯ ᠠᠬᠤᠢ ᠶᠢ ᠪᠠᠶᠢᠷᠢᠰᠢᠭᠤᠯᠤᠨ ᠶᠠᠪᠤᠭᠤᠯᠳᠠᠭ ᠪᠦᠭᠡᠳ ᠬᠠᠳᠠᠮ ᠡᠬᠡ ᠡᠴᠢᠭᠡ  ᠨᠢ ᠨᠠᠰᠤ ᠪᠠᠷᠠᠬᠤ ᠬᠦᠷᠲᠡᠯ᠎ᠡ ᠠᠰᠠᠷᠠᠵᠤ ᠲᠡᠳᠭᠦᠬᠦ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠳᠡᠭ᠃ ᠬᠠᠳᠠᠮ ᠡᠬᠡ ᠡᠴᠢᠭᠡ ᠨᠢ ᠨᠠᠰᠤ ᠪᠠᠷᠠᠭᠰᠠᠨ ᠠᠴᠠ ᠬᠤᠶᠢᠰᠢ ᠦᠪᠡᠷ ᠤᠨ ᠨᠤᠲᠤᠭ ᠲᠠᠭᠠᠨ ᠡᠷᠭᠢᠵᠦ ᠢᠷᠡᠵᠦ ᠪᠣᠯᠬᠤ ᠶᠢᠨ ᠬᠠᠮᠲᠤ ᠦᠭᠡᠷ᠎ᠡ ᠨᠤᠲᠤᠭ ᠲᠤ ᠰᠢᠯᠵᠢᠵᠦ ᠮᠦᠨ  ᠪᠣᠯᠳᠠᠭ᠃ ᠲᠡᠶᠢᠮᠦ ᠠᠴᠠ ︽ᠬᠦᠴᠦᠨ ᠬᠦᠷᠭᠡᠨ︾ ᠭᠡᠳᠡᠭ ᠨᠢ ᠴᠠᠭ ᠤᠨ ᠲᠠᠯ᠎ᠠ ᠪᠠᠷ ᠬᠡᠤᠬᠡᠨ ᠤ ᠡᠬᠡ ᠡᠴᠢᠭᠡ ᠶᠢᠨ ᠠᠮᠢᠳᠤ ᠪᠠᠶᠢᠬᠤ ᠬᠤᠭᠤᠴᠠᠭᠠᠨ ᠳᠤ ᠬᠡᠷᠡᠭᠵᠢᠭᠦᠯᠦᠭᠳᠡᠬᠦ ᠤᠷᠤᠭ ᠬᠤᠷᠢᠮ ᠤᠨ ᠬᠠᠷᠢᠴᠠᠭ᠎ᠠ  ᠪᠣᠯᠬᠤ‌ᠡᠴᠠ ᠪᠢᠰᠢ᠂ ᠬᠠᠷᠢᠨ ᠨᠢᠭᠡ ᠨᠠᠰᠤ ᠪᠠᠷ ᠢᠶᠠᠨ ᠡᠭᠦᠷᠭᠡᠯᠡᠬᠦ ᠠᠯᠪᠠ ᠪᠢᠰᠢ ᠪᠠᠶᠢᠪᠠ᠃ ᠨᠦᠭᠦᠭᠡ ᠲᠠᠯ᠎ᠠ ᠪᠠᠷ ᠭᠡᠮᠡᠷ ᠬᠡᠤᠬᠡᠨ ᠤ ᠳᠡᠭᠦᠦ ᠨᠠᠷ ᠨᠢ ᠬᠡᠨᠵᠡ ᠪᠠᠭ᠎ᠠ ᠶᠢᠨ ᠤᠴᠢᠷ ᠢᠶᠠᠷ ᠬᠦᠷᠭᠡᠨ ᠣᠷᠤᠭᠰᠠᠨ ᠪᠣᠯᠪᠠᠯ ᠬᠦᠷᠢ ᠳᠡᠭᠦᠦ ᠨᠠᠷ ᠢᠶᠠᠨ ᠭᠠᠷ ᠢ ᠨᠢ ᠭᠠᠨᠵᠤᠭ᠎ᠠ ᠳᠤ᠂ ᠬᠦᠯ ᠢ ᠨᠢ ᠳᠦᠷᠦᠭᠡᠨ ᠳᠤ ᠬᠦᠷᠲᠡᠯ᠎ᠡ ᠦᠢᠯᠡᠴᠢᠯᠡᠵᠦ ᠲᠡᠳᠡᠨᠡᠷ ᠢ ᠠᠶᠢᠯ ᠠᠮᠢᠲᠠᠨ ᠪᠣᠯᠭᠠᠵᠤ ᠵᠠᠮ ᠳᠤᠨᠢ ᠲᠠᠯᠪᠢᠳᠠᠭ ᠪᠦᠭᠡᠳ ᠲᠡᠭᠦᠨ ᠠᠴᠠ ᠬᠤᠶᠢᠰᠢ ᠬᠠᠳᠠᠮ ᠡᠴᠢᠭᠡ ᠡᠬᠡ ᠨᠢ ᠲᠡᠷᠡ ᠬᠦ ᠣᠷᠤᠭᠰᠠᠨ ᠬᠦᠷᠭᠡᠨ ᠳᠡᠭᠡᠨ ᠵᠣᠬᠢᠬᠤ ᠬᠡᠮᠵᠢᠶᠡᠨ ᠤ ᠬᠦᠷᠦᠩᠭᠡ ᠮᠠᠯ ᠦᠭᠴᠦ᠂ ᠨᠤᠲᠤᠭ ᠳᠠᠭᠤᠳᠠᠨ ᠨᠠᠶᠢᠷ ᠬᠢᠭᠡᠳ ᠡᠮᠦᠨ᠎ᠡ ᠨᠢ ᠭᠠᠷᠭᠠᠳᠠᠭ ᠶᠠᠪᠤᠳᠠᠯ ᠴᠤ ᠪᠠᠶᠢᠳᠠᠭ ᠪᠠᠶᠢᠨ᠎ᠠ᠃ᠵᠣᠬᠢᠶᠠᠭᠴᠢ᠄ ᠲ᠊· ᠨᠠᠮᠵᠢᠯ   ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号