ᠭᠡᠷ ᠤᠨ ᠡᠳ᠋ᠯᠡᠯ ᠤᠨ ᠵᠦᠢᠯ
ᠨᠡᠶᠢᠲᠡᠯᠡᠭᠰᠡᠨ ᠴᠠᠭ᠄
2021/3/19
   ᠣᠶᠢᠷᠠᠳ  ᠬᠦᠮᠦᠰ ᠤᠨ ᠭᠡᠷ ᠵᠠᠭᠤᠷ᠎ᠠ ᠶᠢᠨ ᠡᠳ᠋ᠯᠡᠯ ᠬᠡᠷᠡᠭᠰᠡᠯ ᠳᠤ ᠮᠣᠳᠤ ᠴᠢᠯᠠᠭᠤ᠂ ᠨᠣᠣᠰᠤ ᠦᠰᠦ᠂ ᠠᠷᠠᠰᠤ ᠰᠢᠷᠢ᠂ ᠲᠠᠮᠦᠷ ᠮᠡᠲᠤ ᠵᠦᠢᠯᠡᠰ ᠢᠶᠠᠷ ᠵᠠᠰᠠᠵᠤ ᠬᠢᠭᠰᠡᠨ ᠡᠳ᠋ᠯᠡᠯ ᠤᠨ ᠵᠦᠢᠯ ᠲᠤᠩ ᠣᠯᠠᠨ ᠪᠠᠶᠢᠳᠠᠭ᠃ ᠲᠡᠭᠡᠬᠦ ᠪᠠᠷ ᠡᠳ᠋ᠯᠡᠯ ᠬᠡᠷᠡᠭᠰᠡᠯ ᠤᠨ ᠵᠦᠢᠯ ᠢ ᠬᠢᠵᠦ ᠪᠦᠲᠦᠭᠡᠬᠦ ᠳᠤ ᠵᠣᠬᠢᠬᠤ ᠬᠡᠮᠵᠢᠶᠡᠨ ᠤ ᠠᠷᠭ᠎ᠠ ᠮᠡᠷᠭᠡᠵᠢᠯ ᠱᠠᠭᠠᠷᠳᠠᠭᠳᠠᠬᠤ ᠲᠤᠯᠠ ᠵᠠᠷᠢᠮ ᠵᠦᠢᠯ ᠢ ᠬᠢᠵᠦ ᠪᠦᠲᠦᠭᠡᠬᠦ ᠳᠤ ᠲᠤᠰᠬᠠᠢ ᠠᠵᠢᠯ ᠮᠡᠷᠭᠡᠵᠢᠯ ᠤᠨ ᠰᠢᠨᠵᠢ ᠲᠠᠢ ᠪᠠᠭᠠᠵᠢ ᠵᠠᠪᠳᠠᠭ ᠪᠣᠯᠤᠨ ᠮᠡᠷᠭᠡᠵᠢᠯ ᠣᠷᠤᠳᠠᠭ ᠲᠤᠯᠠ ᠬᠦᠮᠦᠨ ᠪᠣᠯᠭᠠᠨ ᠬᠢᠵᠦ ᠪᠦᠲᠦᠭᠡᠬᠦ ᠪᠣᠯᠤᠯᠴᠠᠭ᠎ᠠ ᠪᠠᠭ᠎ᠠ ᠪᠠᠶᠢᠳᠠᠭ᠃ ᠡᠶᠢᠨ ᠬᠦ ᠲᠡᠷᠡ  ᠮᠡᠲᠦ ᠤᠷ᠎ᠠ ᠮᠡᠷᠭᠡᠵᠢᠯ ᠢ ᠠᠬᠤᠢ ᠠᠮᠢᠳᠤᠷᠠᠯ ᠤᠨ ᠳᠤᠮᠳᠠ ᠬᠦᠮᠦᠨ ᠬᠦᠮᠦᠨ ᠢᠶᠠᠷ ᠢᠶᠠᠨ ᠳᠠᠮᠵᠢᠨ ᠭᠠᠷ ᠲᠠᠭᠠᠨ ᠣᠢ  ᠲᠠᠢ ᠤᠯᠤᠰ ᠰᠤᠷᠴᠤ ᠡᠵᠡᠮᠰᠢᠳᠡᠭ ᠪᠣᠯᠤᠭᠰᠠᠨ ᠲᠤᠯᠠ ᠮᠣᠳᠤᠴᠢᠨ᠂ ᠲᠡᠮᠦᠷᠴᠢᠨ᠂ ᠣᠶᠤᠳᠠᠯᠴᠢᠨ ᠭᠡᠬᠦ ᠮᠡᠲᠦ ᠲᠤᠰᠬᠠᠢ ᠮᠡᠷᠭᠡᠵᠢᠯ ᠢ ᠨᠠᠷᠢᠨ ᠡᠵᠡᠮᠰᠢᠭᠰᠡᠨ ᠲᠠᠷᠬᠠᠨ ᠭᠠᠷᠴᠤ ᠢᠷᠡᠭᠰᠡᠨ ᠪᠠᠶᠢᠨ᠎ᠠ᠃ ᠳᠠᠷᠬᠠᠯᠠᠬᠤ ᠶᠢᠨ ᠲᠤᠰᠬᠠᠢ ᠮᠡᠷᠭᠡᠵᠢᠯ ᠢ ᠳᠡᠭᠡᠲᠤ ᠦᠶ᠎ᠡ ᠪᠣᠯᠤᠨ ᠠᠪᠤ ᠡᠵᠢ ᠠᠴᠠ ᠪᠠᠨ ᠰᠤᠷᠴᠦ ᠰᠤᠷᠦᠯᠴᠠᠬᠤ ᠶᠢᠨ ᠵᠡᠷᠭᠡᠴᠡᠭᠡ ᠨᠤᠲᠤᠭ ᠤᠨ ᠪᠤᠰᠤᠳ ᠲᠠᠷᠬᠠᠴᠤᠳ ᠢ ᠳᠠᠭᠠᠵᠤ ᠰᠤᠷᠤᠯᠴᠠᠬᠤ ᠮᠡᠲᠦ ᠪᠠᠷ ᠡᠵᠡᠮᠰᠢᠳᠡᠭ᠃ ᠡᠶᠢᠮᠦ ᠠᠴᠠ ᠣᠯᠠᠩᠬᠢ ᠭᠡᠷ ᠤᠨ ᠡᠳ᠋ᠯᠡᠯ ᠂ ᠵᠠᠪᠳᠠᠭ ᠡᠳ᠋ᠯᠮᠤᠰᠢ ᠶᠢ ᠲᠡᠲᠡᠭᠡᠷ ᠬᠦᠮᠦᠰ ᠭᠡᠵᠦ ᠪᠦᠲᠦᠭᠡᠳᠡᠭ᠃ ᠡᠳᠡᠭᠡᠷ ᠡᠳ᠋ᠯᠡᠯ ᠤᠨ ᠵᠦᠢᠯᠡᠰ  ᠠᠪᠳᠠᠷ᠎ᠠ ᠰᠢᠷᠡᠭᠡ ᠂ ᠦᠭᠡᠭ ᠲᠠᠯᠪᠢᠭᠤᠷ᠂ ᠬᠠᠶᠢᠰᠤᠨ ᠲᠤᠯᠭ᠎ᠠ᠂ ᠰᠢᠨᠠᠭ᠎ᠠ ᠬᠡᠪᠭᠡᠭᠦᠷ᠂ ᠶᠠᠩᠯᠤᠤ ᠵᠤᠤᠬ᠎ᠠ᠂ ᠰᠠᠪᠬ᠎ᠠ ᠲᠠᠯᠪᠤᠷ᠂ ᠱᠤᠷᠤ ᠮᠡᠲᠤ ᠰᠠᠪᠠ ᠰᠠᠩᠬ᠎ᠠ ᠶᠢᠨ ᠵᠦᠢᠯ᠂ ᠬᠦᠨᠵᠢᠯᠡ ᠳᠡᠪᠢᠰᠬᠡᠷ᠂ ᠳᠡᠷ᠎ᠡ ᠲᠦᠨᠲᠦᠭ ᠮᠡᠲᠤ ᠬᠤᠴᠢᠵᠤ ᠳᠡᠷᠡᠯᠡᠬᠦ ᠵᠦᠢᠯ᠂ ᠰᠢᠷᠢᠳᠡᠭ ᠲᠤᠭᠤᠷᠢᠭᠤᠯ ᠮᠡᠲᠤ ᠳᠡᠪᠢᠰᠴᠦ ᠳᠡᠯᠭᠡᠬᠦ ᠵᠦᠢᠯ ᠪᠣᠯᠤᠨ ᠤᠭᠢᠶᠠᠳᠠᠯ᠂ ᠱᠦᠷᠭᠦᠭᠦᠯ᠂ ᠬᠡᠯᠲᠡᠭᠦᠷ᠂ ᠴᠢᠮᠬᠢᠭᠦᠷ᠂ ᠴᠠᠬᠤ᠂ ᠢᠭ ︵ᠡᠭᠡᠷᠡᠤᠯ︶᠂ ᠪᠠᠷᠢᠭᠤᠯ᠂ ᠰᠢᠯᠡᠭᠡᠭᠦᠷ᠂ ᠦᠯᠦᠭᠡᠢ᠂ ᠮᠠᠨᠴᠤᠢ᠂ ᠬᠤᠴᠢᠯᠭ᠎ᠠ᠂ ᠪᠠᠷᠢᠨᠠᠢ ᠂ ᠤᠪᠵᠢ ︵ᠤᠭᠵᠢ︶᠂ ᠲᠡᠷᠭᠡᠨ ᠭᠡᠬᠦ ᠮᠡᠲᠦ ᠣᠯᠠᠨ ᠤᠯᠠᠨ ᠵᠦᠢᠯᠡᠰ ᠪᠠᠶᠢᠳᠠᠭ ᠪᠠᠶᠢᠯ᠎ᠠ᠃ ᠡᠳᠡᠭᠡᠷ ᠵᠦᠢᠯ ᠢ ᠬᠢᠭᠳᠡᠭᠰᠡᠨ ᠮᠠᠲ᠋ᠧᠷᠢᠶᠠᠯ ᠢᠶᠠᠷ ᠨᠢ ᠲᠡᠮᠦᠷ ᠡᠳ᠋ᠯᠡᠯ ᠤᠨ ᠵᠦᠢᠯ᠂ ᠮᠣᠳᠣᠨ ᠡᠳ᠋ᠯᠡᠯ ᠤᠨ ᠵᠦᠢᠯ᠂ ᠬᠤᠪᠠ ᠡᠳ᠋ᠯᠡᠯ ᠤᠨ ᠵᠦᠢᠯ᠂ ᠠᠷᠠᠰᠤᠨ  ᠡᠳ᠋ᠯᠡᠯ ᠤᠨ ᠵᠦᠢᠯ᠂ ᠨᠣᠣᠰᠤᠨ ᠡᠳ᠋ᠯᠡᠯ ᠤᠨ ᠵᠦᠢᠯ᠂ ᠪᠦᠰ ᠡᠳ᠋ᠯᠡᠯ ᠤᠨ ᠵᠦᠢᠯ ᠭᠡᠬᠦ ᠮᠡᠲᠦ ᠪᠠᠷ ᠣᠯᠠᠨ ᠵᠦᠢᠯ ᠳᠤ ᠬᠤᠪᠢᠶᠠᠵᠤ ᠪᠣᠯᠳᠠᠭ᠃‍ᠣᠬᠢᠶᠠᠭᠴᠢ᠄ ᠲ᠊· ᠨᠠᠮᠵᠢᠯ    ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号