| 1. ᠠᠳᠣᠭᠤᠨ — ᠮᠣᠷᠢᠨ ᠤ ᠤᠯᠠᠨ ᠲᠤᠭ᠎ᠠ ᠪᠣᠶᠣ ᠶᠡᠷᠥᠩᠬᠡᠢ ᠨᠡᠷᠡᠶᠢᠳᠦᠯᠭᠡ᠃ | 2. ᠮᠣᠷᠢᠨ — ᠠᠳᠣᠭᠤᠨ ᠤ ᠭᠠᠭᠴᠠ ᠲᠤᠭ᠎ᠠ ᠶᠢ ᠵᠢᠭᠠᠳᠠᠭ ᠪᠠ ᠬᠦᠢᠰᠦ ᠶᠢᠨ ᠢᠯᠭᠠᠯ ᠦᠭᠡᠢ ᠪᠠᠷ ᠨᠡᠷᠡᠯᠡᠬᠦ ᠨᠡᠷ᠎ᠡ | ᠃ | 3. ᠠᠵᠢᠷᠭ᠎ᠠ — ᠡᠴᠢᠭᠡ ᠮᠠᠯ ᠤᠨ ᠨᠡᠷᠡᠶᠢᠳᠦᠯᠭᠡ᠃ ᠳᠦᠷᠪᠡᠨ ᠨᠠᠰᠣᠨ ᠠᠴᠠ ᠲᠡᠭᠡᠭᠰᠢ ᠨᠠᠰᠣᠨ ᠤ | ᠰᠣᠶᠢᠷᠬᠠᠯᠠᠭᠠᠳ ︵ᠠᠭᠳᠠᠯᠠᠭᠠᠳ︶ ᠦᠭᠡᠢ ᠡᠷ᠎ᠡ ᠮᠣᠷᠢᠨ᠃ ᠠᠵᠢᠷᠭ᠎ᠠ ᠲᠠᠯᠪᠢᠬᠤ ᠪᠠᠷ ᠪᠠᠶᠢᠬᠤ ᠳᠦᠷᠪᠡᠨ ᠨᠠᠰᠣᠲᠠᠢ | ᠡᠷ᠎ᠡ ᠮᠣᠷᠢ ᠶᠢ ︽ᠬᠠᠵᠠᠭ ᠠᠵᠢᠷᠭ᠎ᠠ︾ ᠭᠡᠵᠣ ᠬᠡᠯᠡᠳᠡᠭ᠃ | 4. ᠠᠭᠳᠠ — ᠳᠦᠷᠪᠡᠨ ᠨᠠᠰᠣᠨ ᠠᠴᠠ ᠳᠡᠭᠡᠭᠰᠢ ᠨᠠᠰᠣᠨ ᠤ ᠰᠣᠶᠢᠷᠬᠠᠯᠠᠭᠰᠠᠨ ᠮᠣᠷᠢᠨ᠃ | 5. ᠬᠦᠯᠦᠭ — ᠠᠭᠳᠠ ᠮᠣᠷᠢ ᠶᠢ ᠵᠢᠭᠠᠳᠠᠭ᠃ | 6. ᠭᠡᠬᠦᠨ — ᠡᠬᠡ ᠮᠠᠯ᠂ ᠳᠦᠷᠪᠠᠨ ᠨᠠᠰᠣᠨ ᠠᠴᠠ ᠳᠡᠭᠡᠭᠰᠢ ᠨᠠᠰᠣᠲᠠᠢ ᠡᠮ᠎ᠡ ᠮᠣᠷᠢᠨ᠃ | 7. ᠲᠣᠩᠭᠤᠨ ︵ᠲᠣᠩᠭᠤ︶ ᠭᠡᠭᠦᠨ — ᠠᠩᠬ᠎ᠠ ᠲᠦᠷᠦᠭᠰᠡᠨ ᠭᠡᠭᠦᠨ᠃ ᠡᠨᠡ ᠦᠭᠡ ᠶᠢ ︽ᠲᠣᠩᠬᠠᠨ︾᠂ ︽ | ᠲᠣᠩᠭᠠᠨ︾᠂ ︽ᠲᠣᠩᠭᠤᠢ︾ ᠭᠡᠬᠦ ᠮᠡᠳᠦ ᠪᠠᠷ ᠠᠳᠠᠯᠢ ᠦᠭᠡᠢ ᠬᠡᠯᠡᠳᠡᠭ᠃ | 8. ᠰᠣᠪᠠᠢ ᠭᠡᠭᠦᠨ — ᠭᠡᠭᠡᠯ ᠲᠣᠭᠳᠠᠬᠤ ᠦᠭᠡᠢ ᠦᠨᠵᠢᠭᠰᠡᠨ ᠭᠡᠭᠦᠨ ᠢ ᠲᠡᠷᠡ ᠵᠢᠯ ᠳᠤᠨᠢ ︽ᠰᠣᠪᠠᠢ ᠭᠡᠭᠦᠨ︾ | ᠬᠡᠳᠡᠭ᠃ | | | 9. ᠬᠤᠰᠠᠷᠠᠩ ᠭᠡᠭᠦᠨ — ᠰᠣᠪᠠᠶᠢᠷᠠᠭᠰᠠᠨ ᠪᠣᠯᠪᠠᠴᠣ ᠲᠠᠯᠠᠩ ᠨᠢ ᠰᠢᠷᠭᠢᠯ ᠦᠭᠡᠢ ᠲᠠᠭ᠎ᠠ ᠪᠠᠨ ᠬᠦᠬᠦᠬᠦᠯᠳᠡᠭ | ᠭᠡᠭᠦᠨ᠃ | 10. ᠰᠡᠷᠪᠠ — ᠨᠢᠭᠡ ᠨᠠᠰᠣᠨ ᠤ ᠲᠣᠳᠣᠷᠠᠬᠢ ᠪᠦᠲᠦᠭᠦᠨ ᠣᠨᠠᠭ᠎ᠠ ᠶᠢ ᠬᠦᠢᠰᠦ ᠢᠯᠭᠠᠬᠤ ᠦᠭᠡᠢ ᠡᠶᠢᠭᠡᠵᠣ | ᠨᠡᠷᠡᠯᠡᠳᠡᠭ᠃ ᠵᠠᠷᠢᠮ ᠨᠣᠳᠤᠭ ᠲᠤ ︽ᠰᠠᠷᠪᠠ ᠲᠠᠭ᠎ᠠ︾ ᠭᠡᠳᠡᠭ ᠪᠦᠭᠡᠳ ᠲᠡᠯ ᠰᠡᠭᠦᠯ ᠢ ᠨᠢ ᠠᠪᠣᠭᠠᠳ ᠦᠭᠡᠢ | ᠲᠠᠭ᠎ᠠ ᠶᠢ ᠵᠢᠭᠠᠳᠠᠭ ᠪᠠᠶᠢᠨ᠎ᠠ᠃ | 11. ᠤᠨᠠᠭᠠᠨ — ᠨᠢᠭᠡ ᠨᠠᠰᠣᠨ ᠤ ᠲᠣᠳᠣᠷᠠᠬᠢ ᠠᠳᠣᠭᠤᠨ ᠤ ᠲᠦᠯ ᠢ ᠵᠢᠭᠠᠳᠠᠭ᠃ ᠬᠦᠢᠰᠦᠨ ᠤ ᠢᠯᠭᠠᠯ ᠢᠶᠠᠷ | ᠨᠢ ᠡᠷ᠎ᠡ ᠣᠨᠠᠭᠠᠨ᠂ ᠬᠡᠣᠬᠡᠨ ᠣᠨᠠᠭᠠᠨ ᠭᠡᠵᠣ ᠨᠡᠷᠡᠯᠡᠳᠡᠭ᠃ | 12. ᠭᠡᠨᠵᠠ ᠣᠨᠠᠭᠠᠨ — ᠨᠠᠮᠣᠷᠰᠢᠵᠣ ᠢᠷᠡᠭᠡᠳ ᠲᠦᠷᠦᠭᠰᠡᠨ ᠣᠨᠠᠭᠠᠨ ᠢ ᠬᠡᠯᠡᠳᠡᠭ᠃ | 13. ᠲᠠᠭᠠᠨ — ᠬᠤᠶᠠᠷ ᠨᠠᠰᠣᠲᠠᠢ ᠮᠣᠷᠢ᠃ ᠬᠦᠢᠰᠦᠨ ᠤ ᠢᠯᠭᠠᠯ ᠢᠶᠠᠷ ᠨᠢ ᠡᠷ᠎ᠡ ᠲᠠᠭᠠᠨ᠂ ᠬᠡᠣᠬᠡᠨ ᠲᠠᠭᠠᠨ | ᠭᠡᠳᠡᠭ᠃ ᠭᠤᠨ᠎ᠠ ᠣᠷᠣᠬᠤ ᠪᠠᠷ ᠪᠠᠶᠢᠬᠤ ᠲᠠᠭ᠎ᠠ ᠶᠢ ᠵᠠᠷᠢᠮ ᠨᠣᠳᠤᠭ ᠲᠤ ︽ ᠲᠠᠭᠠᠨ ᠭᠤᠨᠵᠢ︾ ᠭᠡᠵᠣ ᠬᠡᠯᠡᠬᠦ | ᠲᠣᠬᠢᠶᠠᠯᠳᠣᠯ ᠪᠠᠶᠢᠳᠠᠭ᠃ | 14. ᠦᠷᠢᠶ᠎ᠠ — ᠭᠤᠷᠪᠠᠨ ᠨᠠᠰᠣ ᠬᠦᠷᠦᠭᠰᠡᠨ ᠡᠷ᠎ᠡ ᠮᠣᠷᠢ ᠶᠢ ᠵᠢᠭᠠᠳᠠᠭ᠃ | 15. ᠪᠠᠶᠢᠰᠣ ︵ᠪᠠᠶᠢᠳᠠᠰᠣ︶ — ᠭᠤᠷᠪᠠᠨ ᠨᠠᠰᠣ ᠬᠦᠷᠦᠭᠰᠡᠨ ᠬᠡᠣᠬᠡᠨ ᠮᠣᠷᠢ ᠶᠢ ᠵᠢᠭᠠᠳᠠᠭ᠃ | 16. ᠳᠦᠨᠡᠨ — ᠳᠦᠷᠪᠠᠨ ᠨᠠᠰᠣ ᠲᠠᠢ ᠡᠷ᠎ᠡ ᠮᠣᠷᠢ ᠶᠢ ᠵᠢᠭᠠᠳᠠᠭ᠃ | 17. ᠳᠦᠨᠵᠢᠨ — ᠳᠦᠷᠪᠠᠨ ᠨᠠᠰᠣ ᠲᠠᠢ ᠭᠡᠭᠦᠦ ᠶᠢ ᠵᠢᠭᠠᠳᠠᠭ᠃ | | | | | | 18. ᠲᠣᠣᠯᠣᠨ ﹇※﹈ — ᠰᠣᠶᠢᠷᠬᠠᠯᠠᠭᠰᠠᠨ ᠲᠠᠪᠣᠨ ᠨᠠᠰᠣ ᠲᠠᠢ ᠮᠣᠷᠢ ᠶᠢ ᠵᠢᠭᠠᠳᠠᠭ᠃ | 19. ᠲᠣᠣᠯᠣᠨ ᠠᠵᠢᠷᠭ᠎ᠠ — ᠲᠠᠪᠣᠨ ᠨᠠᠰᠣ ᠲᠠᠢ ᠠᠵᠢᠷᠭ᠎ᠠ ᠶᠢ ᠵᠢᠭᠠᠳᠠᠭ᠃ | 20. ᠲᠣᠣᠯᠵᠢᠨ — ᠲᠠᠪᠣᠨ ᠨᠠᠰᠣ ᠲᠠᠢ ᠭᠡᠭᠦᠨ ᠢ ᠵᠢᠭᠠᠳᠠᠭ᠃ | ﹇※﹈ ᠲᠣᠣᠯᠣᠨ — ᠲᠠᠪᠣᠨ ᠨᠠᠰᠣ ᠲᠠᠢ ᠠᠭᠳᠠ ᠶᠢ ︽ᠲᠣᠣᠯᠣᠨ︾ ᠭᠡᠵᠣ᠂ ᠭᠡᠭᠦᠦ ᠶᠢ ︽ᠲᠣᠣᠯᠵᠢᠨ︾ | ᠭᠡᠵᠣ ᠨᠡᠷᠡᠯᠡᠳᠡᠭ᠃ | ᠲᠠᠪᠣᠨ ᠨᠠᠰᠣᠨ ᠠᠴᠠ ᠲᠡᠭᠡᠭᠰᠢᠬᠢ ᠮᠣᠷᠢᠳ ᠢ ︽ᠪᠦᠳᠦᠭᠦᠨ ᠮᠣᠷᠢᠨ︾᠂ ︽ᠪᠦᠳᠦᠭᠦᠨ ᠭᠡᠭᠦᠨ︾᠂ ︽ | ᠪᠦᠲᠦᠭᠦᠨ ᠠᠵᠢᠷᠭ᠎ᠠ︾ ᠭᠡᠵᠣ᠂ ᠬᠦᠭᠰᠢᠷᠡᠪᠡᠯ ᠨᠠᠰᠣᠲᠠᠢ ᠮᠣᠷᠢᠨ ᠭᠡᠬᠦ ᠪᠣᠶᠣ ᠨᠠᠰᠣᠨ ᠤ ᠬᠢᠨᠢ ᠲᠤᠭ᠎ᠠ ᠪᠠᠷ | ᠲᠣᠳᠣᠳᠬᠠᠵᠣ ᠨᠡᠷᠡᠯᠡᠳᠡᠭ᠃ | 21. ᠯᠠᠭᠤᠰᠠ — ᠮᠣᠷᠢᠨ ᠪᠣᠯᠣᠨ ᠡᠯᠵᠢᠭᠡᠨ ᠤ ᠬᠤᠭᠤᠷᠣᠨᠳᠣ ᠠᠴᠠ ᠭᠠᠷᠣᠭᠰᠠᠨ ᠪᠠᠯᠳᠠᠷ ︵ᠡᠷᠯᠢᠰᠡ︶ ᠮᠠᠯ ᠢ ︽ | ᠯᠠᠭᠤᠰᠠ︾ ᠭᠡᠳᠡᠭ᠃ ᠡᠨᠡ ᠠᠮᠢᠳᠠᠨ ᠲᠦᠷᠦᠳᠡᠭ ᠦᠭᠡᠢ ᠲᠣᠯᠡ ᠬᠦᠢᠰᠦ ᠢᠯᠭᠠᠵᠣ ᠨᠡᠷᠡᠯᠡᠳᠡᠭ ᠦᠭᠡᠢ᠃ | | | ᠵᠣᠬᠢᠶᠠᠭᠴᠢ᠄ ᠲ᠊· ᠨᠠᠮᠵᠢᠯ | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |