ᠦᠬᠡᠷ ᠤᠨ ᠨᠡᠷᠡᠶᠢᠳᠦᠯᠭᠡ
ᠨᠡᠶᠢᠲᠡᠯᠡᠭᠰᠡᠨ ᠴᠠᠭ᠄
2021/3/19
                1. ᠦᠬᠡᠷ — ᠦᠬᠡᠷ ᠤᠨ ᠶᠡᠷᠥᠩᠬᠡᠢ ᠨᠡᠷᠡᠶᠢᠳᠦᠯᠭᠡ ᠮᠥᠷᠳᠡᠭᠡᠨ ᠪᠣᠰᠣᠳ ᠨᠣᠳᠤᠭ ᠲᠤ ᠬᠡᠯᠡᠳᠡᠭ ︽ᠦᠨᠢᠶ᠎ᠡ︾  ᠶᠢ ᠮᠦᠨ ︽ᠦᠬᠡᠷ︾ ᠭᠡᠬᠦ ᠪᠣᠶᠣ ︽ᠬᠡᠣᠬᠡᠨ ᠦᠬᠡᠷ︾ ᠭᠡᠵᠣ ᠨᠡᠷᠡᠯᠡᠳᠡᠭ᠃2. ᠪᠣᠬ᠎ᠠ — ᠭᠤᠷᠪᠠᠨ ᠨᠠᠰᠣᠨ ᠠᠴᠠ ᠲᠡᠭᠡᠭᠰᠢ ᠶᠠᠰᠠᠭᠰᠠᠨ ︵ᠵᠠᠰᠠᠭᠰᠠᠨ︶ ᠦᠭᠡᠢ ᠡᠷ᠎ᠡ ᠦᠬᠡᠷ᠃ ᠨᠠᠰᠣᠨ ᠤ ᠢᠯᠭᠠᠯ ᠢᠶᠠᠷ ᠨᠢ ︽ᠭᠤᠨᠠᠨ ᠪᠣᠬ᠎ᠠ︾᠂ ︽ᠲᠦᠨᠡᠨ ᠪᠣᠬ᠎ᠠ︾ ᠭᠡᠬᠦ ᠮᠡᠳᠦ ᠨᠡᠷᠡᠯᠡᠳᠡᠭ᠃3. ᠴᠠᠷ ︵ᠱᠠᠷ︶ — ᠶᠠᠰᠠᠭᠰᠠᠨ ᠡᠷ᠎ᠡ ᠦᠬᠡᠷ ᠢ ︽ᠴᠠᠷ︾ ᠭᠡᠳᠡᠭ᠃ ᠨᠠᠰᠣᠨ ᠤ ᠢᠯᠭᠠᠯ ᠢᠶᠠᠷ ᠨᠢ ︽ᠭᠤᠨᠠᠨ ᠴᠠᠷ︾᠂ ︽ᠲᠦᠨᠡᠨ ᠴᠠᠷ︾ ᠭᠡᠬᠦ ᠮᠡᠳᠦ ᠨᠡᠷᠡᠯᠡᠳᠡᠭ᠃4. ᠰᠣᠪᠠᠢ ᠦᠬᠡᠷ — ᠬᠡᠬᠡᠯ ᠲᠣᠭᠳᠠᠬᠤ ᠦᠭᠡᠢ ᠦᠨᠵᠢᠭᠰᠡᠨ ᠦᠬᠡᠷ ᠢ ᠲᠡᠷᠡ ᠵᠢᠯ ᠳᠤᠨᠢ ︽ᠰᠣᠪᠠᠢ ᠦᠬᠡᠷ︾ ᠭᠡᠳᠡᠭ᠃
5. ᠬᠤᠰᠠᠷᠠᠩ ᠦᠬᠡᠷ — ᠰᠣᠪᠠᠶᠢᠷᠠᠭᠰᠠᠨ ᠪᠣᠯᠪᠠᠴᠣ ᠲᠡᠯᠡᠩ ᠨᠢ ᠰᠢᠷᠬᠢᠯ ᠦᠭᠡᠢ ᠪᠢᠷᠠᠭᠤ ᠪᠠᠨ ᠬᠦᠬᠦᠬᠦᠯᠵᠣ ᠪᠠᠶᠢᠭ᠎ᠠ ᠦᠬᠡᠷ ᠢ ᠵᠢᠭᠠᠳᠠᠭ᠃6. ᠲᠣᠭᠤᠯ — ᠨᠢᠭᠡ ᠨᠠᠰᠣᠨ ᠤ ᠲᠣᠳᠣᠷᠠᠬᠢ ᠦᠬᠡᠷ ᠤᠨ ᠲᠦᠯ ᠢ       ︽ᠲᠣᠭᠤᠯ︾ ᠭᠡᠳᠡᠭ ᠪᠠ ᠭᠠᠭᠴᠠ ᠪᠠᠶ᠎ᠠ ᠳᠤᠨᠢ ᠮᠦᠨ ︽ᠲᠣᠭᠤᠯ︾ ᠭᠡᠳᠡᠭ᠃ ᠬᠦᠢᠰᠦᠨ ᠤ ᠢᠯᠭᠠᠯ ᠢᠶᠠᠷ ᠨᠢ ᠡᠷ᠎ᠡ ᠲᠣᠭᠤᠯ᠂ ᠬᠡᠣᠬᠡᠨ ᠲᠣᠭᠤᠯ ᠭᠡᠵᠣ ᠢᠯᠭᠠᠳᠠᠭ᠃7. ᠪᠢᠷᠠᠭᠤ — ᠬᠤᠶᠠᠷ ᠨᠠᠰᠣᠲᠠᠢ ᠦᠭᠡᠷ ᠢ ᠵᠢᠭᠠᠳᠠᠭ᠃ ᠬᠦᠢᠰᠦᠨ ᠤ ᠢᠯᠭᠠᠯ ᠢᠶᠠᠷ ᠨᠢ ︽ᠡᠷ᠎ᠡ ᠪᠢᠷᠠᠭᠤ︾᠂ ︽ᠬᠡᠣᠬᠡᠨ ᠪᠢᠷᠠᠭᠤ︾ ᠭᠡᠵᠣ᠂ ᠶᠠᠰᠠᠭᠰᠠᠨ ᠦᠭᠡᠢ ᠦᠯᠡᠳᠡᠭᠡᠭᠰᠡᠨ ᠪᠢᠷᠠᠭᠤ ᠶᠢ ᠲᠡᠷᠡ ᠵᠢᠯ ᠳᠤᠨᠢ ︽ᠪᠢᠷᠠᠭᠤ ᠪᠣᠬ᠎ᠠ︾ ᠭᠡᠳᠡᠭ᠃
8. ᠭᠤᠨᠠᠨ — ᠭᠤᠷᠪᠠᠨ ᠨᠠᠰᠣ ᠲᠠᠢ ᠶᠠᠰᠠᠭᠰᠠᠨ ᠡᠷ᠎ᠡ ᠦᠬᠡᠷ ᠪᠣᠶᠣ ᠰᠢᠳᠣᠯᠡᠩ ᠱᠠᠷ ᠢ ᠵᠢᠭᠠᠳᠠᠭ᠃9. ᠭᠤᠨᠵᠢᠨ — ᠭᠤᠷᠪᠠᠨ ᠨᠠᠰᠣᠲᠠᠢ ᠬᠡᠣᠬᠡᠨ ᠦᠬᠡᠷ ᠢ ᠵᠢᠭᠠᠳᠠᠭ᠃ ᠭᠤᠨ᠎ᠠ ᠣᠷᠣᠬᠤ ᠶᠢᠨ ᠡᠮᠣᠨᠡᠬᠢ ᠬᠡᠣᠬᠡᠨ ᠪᠢᠷᠠᠭᠤ ᠶᠢ ︽ᠪᠢᠷᠠᠭᠤ ᠭᠤᠨᠵᠢᠨ︾ ᠭᠡᠳᠡᠭ᠃10. ᠲᠦᠨᠡᠨ — ᠳᠦᠷᠪᠡᠨ ᠨᠠᠰᠣᠲᠠᠢ ᠶᠠᠰᠠᠭᠰᠠᠨ ᠡᠷ᠎ᠡ ᠦᠬᠡᠷ ᠢ ᠵᠢᠭᠠᠳᠠᠭ᠃11. ᠲᠦᠨᠵᠢᠨ — ᠳᠦᠷᠪᠡᠨ ᠨᠠᠰᠣᠲᠠᠢ ᠬᠡᠣᠬᠡᠨ ᠦᠬᠡᠷ ᠢ ᠵᠢᠭᠠᠳᠠᠭ᠃12. ᠨᠡᠮᠡᠯᠳᠡ ᠳᠦᠨᠵᠢᠨ — ᠪᠣᠬ᠎ᠠ ᠠᠴᠠ ᠭᠠᠷᠣᠭᠰᠠᠨ ︵ᠬᠡᠬᠡᠯᠳᠦᠭᠰᠡᠨ︶ ᠯᠠᠪ ᠲᠦᠷᠦᠬᠦ ᠪᠣᠯᠣᠯᠴᠠᠭ᠎ᠠ ᠲᠠᠢ ᠳᠦᠨᠵᠢᠨ ᠦᠭᠡᠷ ᠢ ᠵᠢᠭᠠᠳᠠᠭ᠃13. ᠲᠣᠣᠯᠣᠨ — ᠲᠠᠪᠣᠨ ᠨᠠᠰᠣᠲᠠᠢ ᠶᠠᠰᠠᠭᠰᠠᠨ ᠡᠷ᠎ᠡ ᠦᠬᠡᠷ ᠢ ᠵᠢᠭᠠᠳᠠᠭ᠃14. ᠲᠣᠣᠯᠵᠢᠨ — ᠲᠠᠪᠣᠨ ᠨᠠᠰᠣᠲᠠᠢ ᠬᠡᠣᠬᠡᠨ ᠦᠬᠡᠷ ᠢ ᠵᠢᠭᠠᠳᠠᠭ᠃
  ᠲᠠᠪᠣᠨ ᠨᠠᠰᠣᠨ ᠠᠴᠠ ᠳᠡᠭᠡᠭᠰᠢᠬᠢ ᠶᠢ ᠨᠢ ︽ᠪᠦᠲᠦᠭᠦᠨ ᠦᠬᠡᠷ︾᠂ ︽ᠪᠦᠲᠦᠭᠦᠨ ᠴᠠᠷ︾᠂       ︽ᠨᠠᠰᠣᠲᠠᠢ ᠦᠬᠡᠷ︾᠂ ︽ᠨᠠᠰᠣᠲᠠᠢ ᠴᠠᠷ︾᠂ ︽ᠨᠠᠰᠣᠲᠠᠢ ᠪᠣᠬ᠎ᠠ︾ ᠭᠡᠬᠦ ᠪᠣᠶᠣ ᠬᠦᠭᠰᠢᠷᠡᠪᠡᠯ ᠭᠦᠭᠰᠢᠨ ᠢᠶᠠᠷ ᠨᠢ ᠲᠣᠳᠣᠳᠬᠠᠵᠣ ᠨᠠᠷᠡᠯᠡᠳᠡᠭ᠃15. ᠠᠰᠠᠮᠠᠨ ᠪᠣᠬ᠎ᠠ — ᠪᠣᠬ᠎ᠠ ᠲᠠᠯᠪᠢᠵᠣ ᠪᠠᠶᠢᠭᠠᠳ ᠬᠤᠶᠢᠨ᠎ᠠ ᠨᠢ ᠶᠠᠰᠠᠭᠰᠠᠨ ᠪᠣᠬ᠎ᠠ ᠶᠢ ᠵᠢᠭᠠᠳᠠᠭ᠃16. ᠬᠠᠶᠢᠨᠤᠭ — ᠦᠬᠡᠷ ᠪᠣᠯᠣᠨ ᠰᠠᠷᠯᠤᠭ ᠤᠨ ᠬᠤᠭᠤᠷᠣᠨᠲᠣ ᠠᠴᠠ ᠭᠠᠷᠣᠭᠰᠠᠨ ᠪᠡᠯᠳᠡᠷ   ︵ᠡᠷᠯᠢᠰᠡ︶ ᠦᠬᠡᠷ ᠢ ᠵᠢᠭᠠᠳᠠᠭ᠃17. ᠰᠠᠷᠯᠤᠭ — ᠪᠦᠬᠦ ᠨᠡᠷᠡᠶᠢᠳᠦᠯᠭᠡ ᠨᠢ ᠦᠬᠡᠷ ᠤᠨ ᠨᠡᠷᠡᠶᠢᠳᠦᠯᠭᠡ ᠲᠠᠢ ᠶᠠᠭ ᠠᠳᠠᠯᠢ ᠪᠠᠶᠢᠳᠠᠭ᠃ᠵᠣᠬᠢᠶᠠᠭᠴᠢ᠄ ᠲ᠊· ᠨᠠᠮᠵᠢᠯ   ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号