ᠬᠡᠦᠬᠡᠳ ᠢᠶᠠᠨ ᠢᠯᠡᠬᠦᠬᠡᠨ ᠭᠠᠳᠠᠨ᠎ᠠ  ᠨᠠᠭᠠᠳᠤᠭᠤᠯᠤᠶ᠎ᠠ
ᠨᠡᠶᠢᠲᠡᠯᠡᠭᠰᠡᠨ ᠴᠠᠭ᠄
2021/7/5
 ᠡᠷᠳᠡᠨᠢᠠᠠᠭᠤᠯᠠ  ᠨᠠᠷᠠᠨ᠎ᠠ   ᠡᠷᠳᠡᠨᠢᠬᠦᠦ           \              ᠬᠡᠦᠬᠡᠳ ᠢᠶᠠᠨ ᠢᠯᠡᠬᠦᠬᠡᠨ ᠭᠠᠳᠠᠨ᠎ᠠ  ᠨᠠᠭᠠᠳᠤᠭᠤᠯᠤᠶ᠎ᠠ      ︽ᠲᠠ ᠪᠠᠭ᠎ᠠ ᠳᠠᠭᠠᠨ ᠶᠠᠭᠠᠬᠢᠵᠤ ᠨᠠᠭᠠᠳᠤᠳᠠᠭ ᠪᠠᠶᠢᠭᠰᠠᠨ ᠪᠤᠢ︖︾      ᠡᠨᠡ ᠪᠤᠯ ᠤᠷᠴᠢᠮᠬᠠᠨ ᠪᠢᠳᠠ ᠠᠳᠠᠯᠢ ᠪᠤᠰᠤ ᠨᠠᠰᠤᠨ ᠤ ᠬᠦᠮᠦᠰ ᠠᠴᠠ ᠪᠠᠨ ᠠᠰᠠᠭᠤᠭᠰᠠᠨ ᠠᠰᠠᠭᠤᠯᠳᠠ ᠪᠠᠶᠢᠭ᠎ᠠ ᠶᠤᠮ᠃      ︽ᠨᠠᠮᠠᠢᠢ ᠪᠠᠭ᠎ᠠ ᠪᠠᠶᠢᠬᠤ ᠳᠤ ᠨᠠᠭᠠᠳᠤᠮ ᠳᠤᠭᠯᠠᠭᠠᠮ ᠤᠨ ᠵᠦᠢᠯ ᠬᠡᠵᠦ ᠪᠠᠶᠢᠭ᠎ᠠ ᠦᠬᠡᠢ᠂ ᠬᠡᠬᠡᠷ᠎ᠠ ᠬᠦᠳᠡᠭᠡ ᠮᠠᠯ ᠤᠨ ᠵᠠᠬ᠎ᠠ ᠳᠡᠮᠡᠬᠡᠨ ᠬᠤᠷᠭᠤᠤᠯ ᠢᠶᠠᠷ ᠨᠠᠭᠠᠳᠬᠤ᠂ ᠬᠤᠷᠤᠬᠠᠢ ᠰᠢᠪᠡᠵᠢ᠂ ᠬᠦᠷᠪᠡᠯ ᠬᠤᠷᠤᠬᠠᠢ ᠪᠠᠷᠢᠵᠦ ᠨᠠᠭᠠᠳᠤᠳᠠᠭ᠂ ᠮᠡᠨ ᠤ ᠡᠬᠡᠴᠢ ᠳᠡᠬᠦᠦ ᠨᠡᠷ ᠤᠯᠠᠭᠤᠯᠠ᠃ ᠬᠡᠷ ᠲᠤ ᠨᠠᠭᠠᠳᠤᠪᠠᠯ ᠭᠠᠳᠠᠭ᠎ᠠ ᠭᠠᠷᠴᠦ ᠬᠠᠩᠬᠢᠨᠠᠯᠳᠦ ᠬᠡᠵᠦ ᠬᠦᠬᠡᠬᠡᠵᠦ ᠭᠠᠷᠭᠠᠨ᠎ᠠ᠃ ᠠᠶᠠᠭᠠᠨ ᠬᠠᠭᠠᠷᠬᠠᠢ ᠳᠤ ᠪᠦᠬᠡᠷᠢᠭ ᠤᠨ ᠨᠠᠮᠠᠭ᠎ᠠ ᠬᠢᠵᠦ᠂ ᠪᠤᠳᠠᠭ᠎ᠠ ᠬᠢᠵᠦ ᠪᠠᠶᠢᠨ᠎ᠠ ᠬᠡᠵᠦ ᠨᠠᠭᠠᠳᠤᠨ᠎ᠠ᠂ ᠡᠷᠬᠢ ᠮᠠᠯᠳᠠᠵᠦ ᠬᠡᠷ ᠪᠠᠷᠢᠵᠦ ᠪᠠᠶᠢᠨ᠎ᠠ ᠬᠡᠵᠦ ᠨᠠᠭᠠᠳᠤᠨ᠎ᠠ᠂ ᠠᠶᠢᠯ ᠬᠡᠷ ᠪᠤᠯᠵᠤ᠂ ᠰᠢᠨᠠᠯᠠᠵᠦ ᠴᠠᠭᠠᠯᠠᠵᠦ ᠪᠠᠶᠢᠨ᠎ᠠ ᠬᠡᠵᠦ ᠨᠠᠭᠠᠳᠤᠨ᠎ᠠ᠃ ᠢᠩᠬᠢᠬᠡᠳ ᠨᠠᠭᠠᠳᠤᠮ ᠤᠨ ᠳᠤᠮᠳᠠ ᠠᠬ᠎ᠠ ᠡᠬᠡᠴᠢ ᠠᠴᠠ ᠪᠠᠨ ᠤᠯᠠᠨ ᠶᠠᠭᠤᠮ᠎ᠠ ᠤᠯᠵᠤ ᠰᠤᠷᠳᠠᠭ ᠪᠠᠶᠢᠭᠰᠠᠨ ᠁︾      ︽ᠨᠠᠮᠠᠢᠢ ᠪᠠᠭ᠎ᠠ ᠪᠠᠶᠢᠬᠤ ᠳᠤ ᠬᠡᠷ ᠤᠨ ᠰᠡᠬᠦᠳᠡᠷ ᠲᠤ ᠱᠠᠭ᠎ᠠ ᠨᠠᠭᠠᠳᠤᠨ᠎ᠠ᠃ ᠴᠠᠭᠠᠷᠢᠭ ᠳᠠᠭᠤᠵᠤ ᠨᠠᠭᠠᠳᠤᠨ᠎ᠠ᠂ ᠴᠢᠪᠬ᠎ᠠ ᠬᠢᠵᠦ ᠨᠠᠭᠠᠳᠤᠨ᠎ᠠ᠃ ᠭᠠᠳᠠᠨ᠎ᠠ ᠨᠢᠭᠤᠯᠴᠠᠭ᠎ᠠ ᠬᠢᠵᠦ ᠨᠠᠭᠠᠳᠤᠨ᠎ᠠ᠂ ᠳᠡᠭᠡᠰᠦ ᠦᠰᠦᠷᠴᠦ ᠨᠠᠭᠠᠳᠤᠨ᠎ᠠ᠂ ᠳᠡᠪᠡᠭ ᠢᠰᠬᠦᠯᠬᠦ᠂ ᠡᠯᠡᠰᠦᠨ ᠤᠭᠤᠳᠠ ᠰᠢᠳᠡᠬᠦ ᠬᠡᠬᠦ ᠮᠡᠳᠦ ᠶᠢᠨ ᠨᠠᠭᠠᠳᠤᠮ ᠨᠠᠭᠠᠳᠤᠨ᠎ᠠ ᠁︾      ︽ᠨᠠᠮᠠᠢᠢ ᠪᠠᠭ᠎ᠠ ᠪᠠᠶᠢᠬᠤ ᠳᠤ ᠤᠷᠤᠢ ᠪᠤᠯᠤᠭᠰᠠᠭᠠᠷ ᠬᠡᠦᠬᠡᠳ ᠬᠠᠩᠬᠢᠨᠠᠯᠳᠤᠵᠤ ᠡᠬᠢᠯᠡᠨ ᠪᠦᠬᠦᠳᠡᠭᠡᠷ ᠭᠡᠷ ᠎ ᠠᠴᠠ ᠭᠠᠷᠴᠦ ᠨᠠᠭᠠᠳᠤᠳᠠᠭ ᠪᠠᠶᠢᠭᠰᠠᠨ᠃ ᠰᠢᠯ ᠪᠦᠮᠪᠦᠭᠡ ᠨᠢᠰᠠᠯᠵᠦ ᠨᠠᠭᠠᠳᠤᠨ᠎ᠠ᠂ ᠨᠠᠭᠠᠳᠤᠮ ᠤᠨ ᠫᠤᠤ ᠪᠠᠨ ᠠᠪᠴᠦ ᠳᠠᠶᠢᠨ ᠬᠢᠵᠦ ᠨᠠᠭᠠᠳᠤᠨ᠎ᠠ᠂ ᠪᠦᠮᠪᠦᠭᠡ ᠨᠠᠭᠠᠳᠤᠨ᠎ᠠ᠂ ᠮᠦᠰᠦ ᠳᠡᠰᠢᠵᠦ ᠴᠠᠰᠦ ᠭᠤᠯᠭᠤᠵᠤ ᠨᠠᠭᠠᠳᠤᠨ᠎ᠠ ᠁      ᠡᠳᠡᠬᠡᠷ ᠬᠦᠮᠦᠰ ᠪᠦᠷ ᠯᠡ ᠭᠠᠳᠠᠨ᠎ᠠ ᠨᠠᠭᠠᠳᠴᠦ ᠳᠤᠭᠯᠠᠵᠦ ᠪᠠᠶᠢᠭᠰᠠᠨ ᠢᠶᠠᠨ ᠳᠤᠷᠠᠰᠴᠦ ᠪᠠᠶᠢᠪᠠ᠃ ᠳᠡᠷᠡ ᠦᠶ᠎ᠠ ᠶᠢᠨ ᠬᠡᠦᠬᠡᠳ ᠪᠦᠷ ᠭᠠᠳᠠᠨ᠎ᠠ ᠤᠯᠠᠭᠤᠯᠠ ᠪᠠᠨ ᠨᠡᠶᠢᠯᠡᠨ ᠨᠠᠭᠠᠳᠴᠦ ᠭᠡᠷ ᠲᠡᠭᠡᠨ ᠬᠤᠷᠭᠤᠳᠠᠬᠤ ᠨᠢ ᠳᠤᠩ ᠬᠤᠪᠤᠷ ᠪᠠᠶᠢᠵᠡᠢ᠃     ᠤᠳᠤ ᠶᠢᠨ ᠬᠡᠦᠬᠡᠳ ᠬᠠᠷᠢᠨ ᠭᠠᠳᠠᠨ᠎ᠠ ᠨᠠᠭᠠᠳᠴᠦ ᠬᠠᠷᠠᠭᠳᠠᠬᠤ ᠦᠬᠡᠢ ᠪᠤᠯᠵᠡᠢ᠃ ᠮᠢᠨᠦ ᠬᠡᠦᠬᠡᠳ ᠢ ᠪᠠᠭ᠎ᠠ ᠪᠠᠶᠢᠬᠤ ᠳᠤ ᠮᠠᠨᠠᠶᠢᠬᠢᠨ ᠪᠠᠶᠢᠰᠢᠩ ᠬᠡᠷ ᠲᠤ ᠰᠠᠭᠤᠳᠠᠭ ᠪᠠᠶᠢᠭᠰᠠᠨ᠃ ᠳᠡᠷᠡ ᠦᠶ᠎ᠠ ᠳᠤ ᠬᠡᠦᠬᠡᠳ ᠤᠳ ᠪᠠᠰᠠ ᠭᠤᠳᠤᠮᠵᠢᠨ ᠳᠤ ᠬᠡᠳᠦᠬᠦᠯᠡ ᠨᠡᠶᠢᠯᠡᠨ ᠨᠠᠭᠠᠳᠤᠳᠠᠭ ᠪᠠᠶᠢᠭᠰᠠᠨ᠃ ᠬᠤᠵᠢᠮ ᠨᠢ ᠠᠰᠠᠷ ᠲᠤ ᠨᠡᠬᠦᠵᠦ ᠤᠷᠤᠵᠦ ᠢᠷᠡᠭᠰᠡᠨ ᠠᠴᠠ ᠬᠤᠶᠢᠰᠢ ᠭᠠᠳᠠᠨ᠎ᠠ ᠭᠠᠷᠴᠦ ᠨᠠᠭᠠᠳᠴᠦ ᠦᠶᠡᠷᠬᠡᠬᠦ ᠦᠬᠡᠢ ᠪᠤᠯᠵᠡᠢ᠃ ᠤᠴᠢᠷ ᠨᠢ ᠰᠠᠭᠤᠭᠠᠯᠢ  ᠳᠤᠭᠤᠷᠢᠭ ᠤᠨ ᠬᠦᠷᠢᠶᠠᠨ ᠳᠤ ᠬᠡᠦᠬᠡᠳ ᠨᠠᠭᠠᠳᠴᠦ ᠬᠠᠩᠬᠢᠨᠠᠯᠳᠤᠬᠤ ᠳᠠᠭᠤᠨ ᠰᠤᠨᠤᠰᠳᠠᠬᠤ ᠦᠬᠡᠢ ᠪᠤᠯᠪᠠ᠃ ᠳᠡᠬᠡᠬᠡᠳ ᠪᠢᠳᠠ ᠬᠡᠦᠬᠡᠳ ᠢᠶᠠᠨ ᠭᠠᠳᠠᠭᠰᠢ ᠳᠠᠭᠠᠭᠤᠯᠵᠤ ᠨᠠᠭᠠᠳᠬᠤ ᠪᠠᠷ ᠳᠦᠯᠦᠪᠯᠡᠪᠡᠴᠦ ᠠᠵᠢᠯ ᠤᠨ ᠶᠠᠭᠠᠷᠠᠤ ᠵᠡᠷᠬᠡ ᠤᠯᠠᠨ ᠳᠠᠯ᠎ᠠ ᠳᠤ ᠰᠢᠯᠳᠠᠭᠠᠯᠠᠭᠳᠠᠨ ᠵᠢᠯ ᠳᠡᠭᠡᠨ ᠳᠦᠩᠬᠡᠵᠢ ᠬᠡᠳᠦᠨ ᠤᠳᠠᠭ᠎ᠠ ᠯᠠ ᠬᠡᠦᠬᠡᠳ ᠢᠶᠠᠨ ᠭᠠᠳᠠᠨ᠎ᠠ ᠳᠠᠭᠠᠭᠤᠯᠵᠤ ᠨᠠᠭᠠᠳᠤᠭᠤᠯᠤᠨ᠎ᠠ᠃ ᠬᠡᠦᠬᠡᠳ ᠶᠠᠪᠤᠭ᠎ᠠ ᠶᠠᠪᠤᠭᠠᠨ ᠳᠠᠭᠠᠨ ᠬᠡᠳᠦᠬᠡᠨ ᠨᠠᠶᠢᠵᠠ ᠲᠠᠢ ᠪᠠᠨ ᠬᠠᠷᠢᠯᠴᠠᠨ ᠨᠠᠭᠠᠳᠴᠦ᠂ ᠤᠯᠠᠩᠬᠢ ᠳᠠᠭᠠᠨ ᠬᠡᠷ ᠲᠤ ᠪᠠᠨ ᠬᠤᠷᠭᠤᠳᠠᠵᠦ ᠲᠧᠯᠸᠢᠰ ᠦᠵᠡᠬᠦ᠂ ᠭᠠᠷ ᠤᠳᠠᠰᠦ ᠱᠠᠭᠠᠶᠢᠬᠤ ᠪᠤᠯᠪᠠ      ᠤᠳᠤ ᠶᠢᠨ ᠬᠡᠦᠬᠡᠳ ᠢᠯᠠᠩᠭᠤᠶ᠎ᠠ ᠬᠤᠳᠠ ᠶᠢᠨ ᠬᠡᠦᠬᠡᠳ ᠬᠡᠷ ᠲᠡᠭᠡᠨ ᠨᠠᠭᠠᠳᠬᠤ ᠨᠢ ᠤᠯᠠᠨ ᠪᠤᠯᠵᠡᠢ᠃ ᠤᠯᠠᠨ ᠵᠦᠢᠯ ᠤᠨ ᠨᠠᠭᠠᠳᠤᠮ ᠢ ᠬᠡᠷ ᠳᠦᠬᠦᠷᠡᠩ ᠦᠷᠦᠵᠦ ᠭᠠᠭᠴᠠᠭᠠᠷ ᠨᠠᠭᠠᠳᠤᠨ᠎ᠠ᠃ ᠬᠠᠷ᠎ᠠ ᠪᠠᠭ᠎ᠠ ᠠᠴᠠ ᠪᠠᠨ ᠲᠧᠯᠸᠢᠰ ᠦᠵᠡᠵᠦ᠂ ᠬᠠᠯᠳᠤᠰᠬᠢᠪᠠᠯ ᠡᠯᠧᠺᠲᠷᠦᠨ ᠳᠤᠭᠯᠠᠭᠠᠮ ᠨᠠᠭᠠᠳᠴᠦ ᠰᠤᠷᠴᠦ ᠪᠠᠶᠢᠨ᠎ᠠ᠃      ᠬᠡᠷ ᠲᠡᠭᠡᠨ ᠨᠠᠭᠠᠳᠤᠭᠰᠠᠨ ᠬᠡᠦᠬᠡᠳ ᠲᠤ ᠤᠯᠠᠨ ᠵᠦᠢᠯ ᠤᠨ ᠠᠰᠠᠭᠤᠳᠠᠯ ᠢᠯᠡᠷᠡᠵᠦ ᠪᠠᠶᠢᠨ᠎ᠠ᠃ ᠭᠠᠭᠴᠠᠭᠠᠷ ᠨᠠᠭᠠᠳᠤᠭᠰᠠᠭᠠᠷ ᠪᠠᠶᠢᠵᠦ ᠬᠦᠮᠦᠨ ᠲᠠᠢ ᠬᠤᠪᠢᠶᠠᠯᠴᠠᠬᠤ ᠶᠢ ᠮᠡᠳᠡᠬᠦ ᠦᠬᠡᠢ ᠬᠤᠪᠢᠨᠴᠢᠷ ᠪᠤᠯᠬᠤ᠂ ᠬᠦᠮᠦᠨ ᠲᠠᠢ ᠬᠠᠷᠢᠯᠴᠠᠵᠦ ᠴᠢᠳᠠᠬᠤ ᠦᠬᠡᠢ ᠬᠠᠷᠢᠮᠠᠳᠠᠭᠠᠢ ᠪᠤᠯᠬᠤ᠂ ᠬᠠᠮᠳᠤᠷᠠᠯᠴᠠᠵᠦ ᠴᠢᠳᠠᠬᠤ ᠦᠬᠡᠢ ᠵᠤᠵᠢᠭ ᠪᠤᠯᠬᠤ᠂ ᠬᠦᠳᠡᠯᠵᠦ ᠪᠠᠷᠢᠬᠤ ᠳᠤᠳᠠᠭᠳᠠᠵᠦ ᠵᠠᠯᠬᠠᠭᠤ ᠪᠤᠯᠬᠤ᠂ ᠦᠯᠦ ᠬᠠᠯᠳᠠᠭᠠᠬᠤ ᠴᠢᠳᠠᠪᠤᠷᠢ ᠳᠤᠷᠤᠶᠢᠳᠠᠵᠦ ᠡᠪᠡᠳᠴᠢᠨ ᠳᠤ ᠤᠷᠢᠶᠠᠭᠳᠠᠬᠤ ᠮᠡᠳᠦ ᠪᠠᠷ ᠤᠯᠠᠨ ᠠᠰᠠᠭᠤᠳᠠᠯ ᠢᠯᠡᠷᠡᠵᠦ ᠪᠠᠶᠢᠭ᠎ᠠ ᠶᠤᠮ᠃    ᠡᠬᠦᠨ ᠲᠠᠢ ᠡᠰᠡᠷᠬᠦ ᠪᠠᠷ ᠬᠡᠦᠬᠡᠳ ᠡᠳᠦᠷ ᠪᠦᠷᠢ ᠬᠤᠶᠠᠷ ᠴᠠᠭ ᠨᠠᠷᠠ ᠰᠠᠯᠬᠢᠨ ᠳᠤ ᠭᠠᠷᠴᠦ ᠭᠠᠳᠠᠨ᠎ᠠ ᠨᠠᠭᠠᠳᠤᠪᠠᠯ ᠳᠤᠤᠷᠠᠬᠢ ᠬᠡᠳᠦᠨ ᠳᠠᠯ᠎ᠠ ᠪᠠᠷ ᠰᠠᠶᠢᠨ ᠪᠠᠶᠢᠳᠠᠭ ᠬᠡᠨ᠎ᠠ᠃ ᠨᠢᠬᠡ ᠳᠤ᠂ ᠭᠠᠳᠠᠨ᠎ᠠ ᠨᠠᠭᠠᠳᠤᠭᠰᠠᠨ ᠬᠡᠦᠬᠡᠳ ᠬᠡᠷ ᠲᠡᠭᠡᠨ ᠨᠠᠭᠠᠳᠬᠤ ᠬᠡᠦᠬᠡᠳ ᠢ ᠪᠤᠳᠤᠪᠠᠯ ᠤᠶᠢᠷ᠎ᠠ ᠬᠠᠷᠠᠭ᠎ᠠ ᠲᠠᠢ ᠪᠤᠯᠬᠤ ᠨᠤᠷᠮ᠎ᠠ ᠨᠢ ᠪᠠᠭ᠎ᠠ ᠪᠠᠶᠢᠳᠠᠭ ᠃ ᠬᠤᠶᠠᠷ ᠲᠤ᠂ ᠰᠠᠳᠬᠢᠯ ᠰᠠᠨᠠᠭ᠎ᠠ ᠨᠢ ᠪᠠᠶᠠᠰᠤᠩᠭᠤᠢ᠂ ᠮᠡᠳᠡᠷᠡᠯ ᠤᠨ ᠡᠪᠡᠳᠴᠢᠨ ᠤᠯᠬᠤ ᠨᠤᠷᠮ᠎ᠠ ᠪᠠᠭ᠎ᠠ ᠪᠠᠶᠢᠳᠠᠭ ᠃ ᠭᠤᠷᠪᠠ ᠳᠤ᠂ ᠨᠠᠶᠢᠵᠠ ᠨᠦᠬᠦᠳ ᠤᠯᠠᠨ᠂ ᠨᠡᠶᠢᠬᠡᠮ ᠳᠤ ᠤᠷᠤᠯᠴᠠᠬᠤ ᠴᠢᠳᠠᠪᠤᠷᠢ ᠪᠠᠷ ᠰᠠᠶᠢᠨ᠃ ᠳᠦᠷᠪᠡ ᠳᠤ᠂ ᠪᠡᠶ᠎ᠠ ᠪᠠᠨ ᠳᠠᠭᠠᠭᠠᠵᠦ ᠠᠰᠠᠭᠤᠳᠠᠯ ᠢ ᠰᠢᠢᠳᠪᠦᠷᠢᠯᠡᠬᠦ ᠳᠠᠯ᠎ᠠ ᠪᠠᠷ ᠰᠠᠶᠢᠨ᠃ ᠳᠠᠪᠤ ᠳᠤ ᠳᠤᠰᠠᠴᠢ ᠬᠠᠮᠳᠤᠴᠢ ᠰᠡᠳᠬᠢᠯ ᠲᠠᠢ᠃ ᠵᠢᠷᠭᠤᠭ᠎ᠠ ᠳᠤ ᠵᠤᠷᠢᠭ ᠲᠠᠢ᠂ ᠪᠡᠶ᠎ᠠ ᠳᠡᠭᠡᠨ ᠢᠳᠡᠬᠡᠯ ᠲᠠᠢ᠃ ᠳᠤᠯᠤᠭ᠎ᠠ ᠳᠤ ᠪᠡᠶ᠎ᠠ ᠴᠢᠬᠢᠷᠠᠭ ᠰᠡᠷᠬᠦᠯᠡᠩ  ᠪᠠᠶᠢᠳᠠᠭ  ᠃     ᠭᠠᠳᠠᠨ᠎ᠠ ᠭᠠᠷᠴᠦ ᠨᠠᠭᠠᠳᠬᠤ ᠪᠤᠯ ᠬᠡᠦᠬᠡᠳ ᠤᠨ ᠦᠰᠦᠨ ᠪᠤᠶᠢᠵᠢᠯᠳᠠ ᠳᠤ ᠳᠤᠳᠠᠭᠳᠠᠵᠦ ᠪᠤᠯᠤᠰᠢ ᠦᠬᠡᠢ ᠶᠠᠪᠤᠴᠠ ᠮᠦᠨ᠃ ᠬᠡᠦᠬᠡᠳ ᠳᠠᠰᠬᠠᠯ ᠳᠠᠭᠠᠭᠠᠯᠪᠤᠷᠢ ᠳᠠᠭᠠᠨ ᠪᠠᠷᠢᠭᠳᠠᠬᠤ᠂ ᠤᠯᠠᠨ ᠵᠦᠢᠯ ᠤᠨ ᠳᠤᠷ᠎ᠠ ᠰᠤᠨᠢᠷᠬᠠᠯ ᠎ ᠤᠨ ᠠᠩᠬᠢ ᠳᠤ ᠰᠤᠷᠤᠯᠴᠠᠬᠤ᠂ ᠬᠡᠷ ᠲᠡᠭᠡᠨ ᠬᠤᠷᠢᠵᠦ ᠨᠠᠭᠠᠳᠤᠭᠤᠯᠬᠤ ᠬᠡᠬᠦ ᠮᠡᠳᠦ ᠠᠴᠠ ᠪᠤᠯᠵᠤ᠂ ᠬᠡᠦᠬᠡᠳ ᠭᠠᠳᠠᠨ᠎ᠠ ᠨᠠᠭᠠᠳᠴᠦ ᠳᠤᠭᠯᠠᠬᠤ ᠴᠠᠭ ᠬᠤᠮᠰᠠᠬᠠᠨ ᠪᠠᠶᠢᠭ᠎ᠠ ᠪᠤᠶᠤ ᠨᠦᠬᠦᠴᠠᠯ ᠪᠤᠯᠤᠮᠵᠢ ᠦᠬᠡᠢ ᠪᠤᠯᠵᠤ ᠪᠠᠶᠢᠨ᠎ᠠ᠃  ᠡᠶᠢᠮᠦ ᠠᠴᠠ ᠪᠢᠳᠠ ᠬᠡᠦᠬᠡᠳ ᠤᠨ ᠡᠷᠡᠬᠦᠯ ᠢᠶᠠᠷ ᠦᠰᠦᠨ ᠪᠤᠶᠢᠵᠢᠬᠤ ᠳᠤ ᠰᠠᠶᠢᠬᠠᠨ ᠰᠠᠶᠢᠬᠠᠨ ᠤᠷᠴᠢᠨ ᠪᠦᠷᠢᠯᠳᠦᠬᠦ ᠪᠠᠷ ᠪᠠᠭᠰᠢ᠂ ᠬᠡᠷ ᠤᠨ ᠠᠬᠠᠮᠠᠳ᠂ ᠨᠡᠶᠢᠬᠡᠮ ᠤᠨ ᠡᠯ᠎ᠠ ᠳᠠᠯ᠎ᠠ ᠶᠢᠨ ᠬᠢᠨ ᠪᠦᠷ ᠰᠡᠳᠬᠢᠯ ᠳᠠᠯᠪᠢᠵᠦ᠂ ᠬᠡᠦᠬᠡᠳ ᠢ ᠢᠯᠡᠬᠦᠬᠡᠨ ᠬᠡᠷ ᠤᠨ ᠭᠠᠳᠠᠨ᠎ᠠ ᠨᠠᠭᠠᠳᠤᠭᠤᠯᠵᠤ ᠪᠠᠶᠢᠯᠭᠠᠶ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号