ᠵᠢᠳᠬᠦᠯ ᠢᠶᠠᠷ ᠳᠠᠮᠠᠭᠠᠯᠠᠭᠰᠠᠨ ᠮᠦᠷ
ᠨᠡᠶᠢᠲᠡᠯᠡᠭᠰᠡᠨ ᠴᠠᠭ᠄
2021/7/5
ᠡᠷᠳᠡᠨᠢᠴᠡᠴᠡᠭ                    ᠵᠢᠳᠬᠦᠯ ᠢᠶᠠᠷ ᠳᠠᠮᠠᠭᠠᠯᠠᠭᠰᠠᠨ ᠮᠦᠷ                — ᠦᠪᠡᠷᠳᠡᠬᠡᠨ ᠵᠠᠰᠠᠬᠤ ᠤᠷᠤᠨ ᠤ  ︽5 · 1︾᠎ ᠤ ᠬᠦᠳᠡᠯᠮᠦᠷᠢ ᠶᠢᠨ ᠮᠧᠳᠠᠯ ᠢ ᠬᠦᠷᠳᠡᠭᠴᠢ ᠳᠡᠮᠦᠷ᠎ᠠ ᠶᠢ ᠳᠡᠮᠳᠡᠭᠯᠡᠪᠡ         ᠴᠢᠩ ᠬᠤᠸᠠ ᠪᠦᠯᠦᠭᠯᠡᠯ ᠬᠢᠵᠠᠭᠠᠷᠲᠤ ᠺᠣᠮᠫᠠᠨᠢ ᠶᠢᠨ ᠠᠵᠢᠯᠴᠢᠨ ᠤ ᠡᠪᠯᠡᠯ ᠤᠨ ᠲᠡᠷᠢᠭᠦᠯᠡᠭᠴᠢ ᠳᠡᠮᠦᠷ᠎ᠠ ᠭᠤᠸᠠᠢ ᠠᠵᠢᠯ ᠦᠢᠯᠡᠰ ᠲᠡᠭᠡᠨ ᠰᠢᠭᠤᠷᠬᠠᠢ ᠠᠵᠢᠯᠯᠠᠵᠦ᠂ ᠠᠵᠢᠯᠴᠢᠨ ᠠᠵᠢᠯᠳᠠᠨ ᠢᠶᠠᠨ ᠬᠠᠯᠠᠮᠵᠢᠯᠠᠵᠦ᠂ ᠨᠡᠶᠢᠳᠡ ᠤᠯᠠᠨ ᠎ ᠳᠠᠭᠠᠨ ᠢᠳᠡᠬᠡᠯ ᠬᠦᠨᠳᠦᠳᠠᠢ ᠬᠢᠯᠠᠷᠠᠭᠤᠯᠵᠤ ᠶᠠᠪᠤᠭ᠎ᠠ ᠠᠵᠤ ᠠᠬᠤᠶᠢᠯᠠᠯ ᠤᠨ ᠬᠠᠷᠢᠭᠤᠴᠠᠯᠭᠠᠳᠠᠨ ᠪᠢᠯᠡ᠃  
     ᠲᠠᠮᠤᠷ᠎ᠠ ᠠᠯᠠᠱᠠ ᠵᠡᠬᠦᠨ ᠬᠤᠰᠢᠭᠤᠨ ᠤ ᠤᠯᠠᠨᠪᠤᠯᠠᠬ ᠢᠶᠠᠷ ᠨᠤᠳᠤᠭ ᠲᠠᠢ᠃ ᠡᠨᠡ ᠵᠢᠯ 57 ᠨᠠᠰᠤᠳᠠᠢ᠃ 1982 ᠤᠨ ᠳᠤ ᠠᠯᠠᠱᠠ ᠵᠡᠬᠦᠨ ᠬᠤᠰᠢᠭᠤᠨ ᠤ ᠬᠤᠶᠠᠳᠤᠭᠠᠷ ᠲᠤᠮᠳᠠᠳᠤ ᠰᠤᠷᠭᠠᠭᠤᠯᠢ ᠠᠴᠠ ᠳᠡᠭᠡᠳᠤ ᠲᠤᠮᠳᠠᠳᠤ ᠪᠠᠨ ᠳᠡᠬᠦᠰᠭᠡᠭᠡᠳ᠂ ᠵᠢᠷᠭᠠᠯᠰᠠᠶᠢᠬᠠᠠ ᠳᠤ ᠪᠠᠶᠢᠬᠰᠠᠠ ᠬᠤᠶᠢᠳᠤ ᠭᠤᠷᠪᠠᠨ ᠤᠷᠤᠨ ᠤ ᠰᠠᠶᠢᠨ ᠡᠬᠦᠯᠳᠡᠷ ᠤᠨ ᠬᠤᠨᠢᠨ ᠤ ᠳᠠᠯᠠᠪᠠᠢ ᠳᠤ ᠠᠩᠬᠠᠠ ᠤ ᠠᠵᠢᠯ ᠤᠨ ᠭᠠᠷᠤᠭ᠎ᠠ ᠪᠠᠨ ᠠᠪᠴᠤ ᠠᠵᠢᠯᠯᠠᠬᠰᠠᠠ ᠪᠠᠶᠢᠨ᠎ᠠ᠃ ᠰᠡᠬᠦᠯᠡᠷ ᠨᠢ ᠴᠢᠩ ᠬᠤᠸᠠ ᠪᠦᠯᠦᠭᠯᠡᠯ ᠳᠤ ᠰᠢᠯᠵᠢᠨ ᠤᠷᠤᠵᠦ᠂ 2000 ᠤᠨ ᠳᠤ ᠴᠢᠩ ᠬᠤᠸᠠ ᠪᠦᠯᠦᠭᠯᠡᠯ ᠬᠢᠵᠠᠭᠠᠷᠲᠤ ᠺᠣᠮᠫᠠᠨᠢ ᠶᠢᠨ ᠠᠯᠪᠠᠨ ᠭᠡᠷ ᠤᠨ ᠡᠷᠬᠢᠯᠡᠭᠴᠢ ᠪᠠᠷ ᠠᠵᠢᠯᠯᠠᠨ᠂ 2002 ᠤᠨ ᠳᠤ ᠮᠤᠩᠭᠤᠯ ᠲᠤᠮᠳᠠᠳᠤ ᠶᠢᠨ ᠬᠠᠮᠳᠤᠷᠠᠬᠰᠠᠠ ᠴᠢᠩ ᠬᠤᠸᠠ ᠮᠠᠺ ᠨᠠᠷᠢᠨ ᠰᠤᠬᠠᠢᠢᠳᠤ ᠬᠢᠵᠠᠭᠠᠷᠳᠤ ᠺᠤᠮᠫᠠᠨᠢ ᠶᠢᠨ ᠳᠡᠳ᠋ ᠵᠡᠬᠢᠷᠤᠯ ᠎ ᠤᠨ ᠳᠤᠰᠢᠶᠠᠯ ᠢ ᠬᠠᠷᠢᠭᠤᠴᠠᠵᠦ᠂ 2005 ᠤᠨ ᠳᠤ ᠮᠤᠩᠭᠤᠯ ᠤᠯᠤᠰ ᠤᠨ ᠤᠯᠠᠭᠠᠨᠪᠠᠭᠠᠳᠤᠷ ᠲᠤ ᠰᠢᠯᠵᠢᠨ ᠤᠴᠢᠵᠤ᠂ ᠴᠢᠩ ᠬᠤᠸᠠ ᠪᠦᠯᠦᠭᠯᠡᠯ ᠤᠨ ᠲᠥᠯᠦᠭᠡᠯᠡᠭᠴᠢ ᠶᠢᠨ ᠳᠠᠷᠤᠭ᠎ᠠ ᠪᠠᠷ ᠳᠤᠮᠢᠯᠠᠭᠳᠠᠨ ᠠᠵᠢᠯᠯᠠᠵᠦ᠂ 2013 ᠤᠨ ᠳᠤ ᠳᠠᠬᠢᠨ  ᠠᠯᠠᠱᠠ ᠲᠡᠭᠡᠳᠤ ᠰᠢᠨ᠎ᠠ ᠮᠡᠷᠭᠡᠵᠢᠯ ᠤᠨ ᠨᠡᠭᠡᠭᠡᠯᠳᠡ ᠶᠢᠨ ᠤᠷᠤᠨ ᠤ ᠴᠢᠩ ᠬᠤᠸᠠ ᠪᠥᠯᠦᠭᠯᠡᠯ ᠬᠢᠵᠠᠭᠠᠷᠳᠤ ᠺᠤᠮᠫᠠᠨᠢ ᠶᠢᠨ ᠠᠵᠢᠯᠴᠢᠨ ᠤ ᠡᠪᠯᠡᠯ ᠤᠨ ᠳᠠᠷᠢᠬᠦᠯᠡᠭᠴᠢ ᠶᠢᠨ ᠠᠵᠢᠯ ᠢ 8 ᠵᠢᠯ ᠠᠵᠢᠯ ᠢ ᠬᠢᠭᠰᠡᠨ ᠪᠠᠶᠢᠨ᠎ᠠ
      ᠲᠡᠮᠤᠷ᠎ᠠ ᠭᠤᠸᠠᠢ ᠤᠶᠢᠷ᠎ᠠ ᠶᠢᠨ ᠵᠢᠯ ᠤᠳ ᠲᠤ᠂ ᠠᠵᠢᠯᠴᠢᠨ ᠤ ᠡᠪᠯᠡᠯ ᠤᠨ ᠬᠠᠶᠢᠷ᠎ᠠ ᠬᠠᠯᠠᠮᠵᠢ ᠬᠦᠷᠭᠡᠬᠦ ᠠᠵᠢᠯ᠂ ᠠᠵᠢᠯᠳᠠᠨ ᠠᠵᠢᠯᠴᠢᠳ ᠤᠨ ᠦᠵᠡᠯ ᠰᠠᠨᠠᠭ᠎ᠠ ᠤᠯᠤᠰ ᠲᠥᠷᠥ ᠶᠢᠨ ᠬᠥᠮᠦᠵᠢᠯ ᠤᠨ ᠠᠵᠢᠯ ᠪᠣᠯᠤᠨ ᠤᠶᠤᠨ ᠤ ᠪᠣᠯᠪᠠᠰᠤᠨ ᠤ ᠪᠠᠶᠢᠭᠤᠯᠤᠯᠲᠠ ᠶᠢᠨ ᠠᠵᠢᠯ ᠢ ᠪᠦᠳᠦᠮᠵᠢᠳᠠᠢ ᠰᠠᠶᠢᠬᠠᠨ ᠦᠷᠨᠢᠬᠦᠯᠦᠭᠰᠡᠭᠡᠷ ᠢᠷᠡᠪᠡ᠃ ᠳᠡᠷᠡ ᠶᠠᠳᠠᠭᠤ ᠶᠢ ᠲᠡᠳᠬᠦᠵᠦ ᠬᠦᠴᠢᠷᠳᠡᠯᠲᠡᠶ ᠶᠢ ᠬᠠᠪᠰᠤᠷᠬᠤ ᠪᠠ ᠠᠵᠢᠯ ᠤᠨ ᠪᠠᠶᠢᠷᠢ ᠠᠴᠠ ᠪᠠᠨ ᠪᠠᠭᠤᠭᠰᠠᠨ ᠠᠵᠢᠯᠳᠠᠨ ᠠᠵᠢᠯᠴᠢᠨ ᠳᠤ ᠲᠠᠬᠢᠨ ᠠᠵᠢᠯ ᠣᠯᠭᠤᠬᠤ ᠠᠵᠢᠯ ᠢ ᠰᠠᠶᠢᠲᠤᠷ ᠬᠢᠬᠦ ᠶᠢᠨ ᠲᠥᠯᠥᠭᠡ᠂ ᠦᠷᠭᠦᠯᠵᠢ ᠬᠦᠴᠢᠷᠳᠡᠯᠳᠡᠢ ᠠᠵᠢᠯᠳᠠᠨ ᠠᠵᠢᠯᠴᠢᠨ ᠤ ᠭᠡᠷ ᠲᠤ ᠭᠦᠨᠵᠡᠭᠡᠶᠢᠷᠡᠨ᠂ ᠳᠡᠳᠡᠨ ᠢ ᠡᠷᠬᠢᠨ ᠦᠵᠡᠵᠦ ᠪᠤᠯᠭᠤᠭᠠᠨ ᠲᠣᠬᠤᠨᠢᠭᠤᠯᠵᠤ᠂ ᠲᠡᠳᠡᠨ ᠤ ᠬᠦᠰᠡᠯ ᠱᠠᠭᠠᠷᠳᠠᠯᠭ᠎ᠠ ᠶᠢ ᠨᠢ ᠰᠣᠨᠣᠰᠤᠨ᠂ ᠦᠢᠯᠡᠳᠪᠦᠷᠢᠯᠡᠯ ᠠᠮᠢᠳᠤᠷᠠᠯ ᠳᠤᠮᠳᠠᠬᠢ ᠬᠦᠴᠢᠷᠳᠡᠯ ᠢ ᠨᠢ ᠰᠢᠢᠳᠪᠤᠷᠢᠯᠡᠵᠦ ᠥᠭᠲᠡᠭ᠃ ᠬᠡᠳᠦᠨ ᠵᠢᠯ ᠤᠨ ᠲᠤᠷᠰᠢ᠂ ᠳᠡᠷᠡ ᠤᠷᠢᠳ ᠬᠤᠵᠢᠳ 500 ᠭᠠᠷᠤᠶ ᠶᠠᠳᠠᠭᠤ ᠬᠦᠴᠢᠷᠳᠡᠯᠲᠡᠶ ᠠᠵᠢᠯᠲᠠᠨ ᠠᠵᠢᠯᠴᠢᠨ ᠢ ᠪᠤᠯᠭᠤᠭᠠᠨ ᠲᠣᠬᠤᠨᠢᠭᠤᠯᠵᠤ᠂ 75 ᠣᠶᠤᠲᠠᠨ ᠢ ᠬᠠᠪᠰᠤᠷᠤᠨ ᠳᠤᠰᠠᠯᠠᠵᠦ ᠶᠡᠭᠡ ᠰᠤᠷᠭᠠᠭᠤᠯᠢ ᠳᠤ ᠰᠤᠷᠤᠯᠴᠠᠬᠤ ᠬᠦᠰᠡᠯ ᠢ ᠨᠢ ᠪᠡᠶᠡᠯᠡᠭᠦᠯᠤᠨ᠂ 980 ᠶᠠᠳᠠᠭᠤ ᠬᠦᠴᠢᠷᠳᠡᠯᠲᠡᠶ ᠠᠵᠢᠯᠲᠠᠨ ᠠᠵᠢᠯᠴᠢᠨ ᠳᠤ ᠲᠠᠩᠰᠠ ᠪᠠᠶᠢᠭᠤᠯᠤᠨ ᠬᠠᠮᠢᠶᠠᠷᠬᠤ ᠶᠢ ᠬᠡᠷᠡᠭᠵᠢᠭᠦᠯᠵᠦ᠂ ᠠᠵᠢᠯᠲᠠᠨ ᠠᠵᠢᠯᠴᠢᠨ ᠤ ᠬᠠᠶᠢᠷ᠎ᠠ ᠬᠠᠯᠠᠮᠵᠢ ᠪᠠᠷ ᠬᠠᠷᠢᠯᠴᠠᠨ ᠲᠤᠰᠠᠯᠠᠬᠤ ᠰᠠᠭᠤᠷᠢ ᠮᠦᠩᠬᠦ ᠶᠢ ᠪᠠᠶᠢᠭᠤᠯᠤᠨ᠂ ᠠᠵᠢᠯᠲᠠᠨ ᠠᠵᠢᠯᠴᠢᠨ ᠤ ᠠᠰᠢᠭ ᠳᠤᠰᠠ ᠶᠢ ᠦᠨᠡᠨ ᠬᠦ ᠬᠠᠮᠠᠭᠠᠯᠠᠭᠰᠠᠨ ᠪᠠᠶᠢᠨ᠎ᠠ᠃ ᠡᠬᠦᠨ ᠠᠴᠠ ᠭᠠᠳᠠᠨ᠎ᠠ ᠲᠡᠷᠡ ᠵᠢᠯ ᠪᠤᠯᠭᠠᠠ ᠬᠤᠪᠢ ᠪᠠᠷ ᠢᠶᠠᠨ 5000 ᠲᠥᠬᠦᠷᠢᠭ ᠭᠠᠷᠭᠠᠵᠤ᠂ ᠠᠮᠢᠳᠤᠷᠠᠯ ᠬᠥᠴᠢᠷᠳᠡᠯᠳᠡᠢ ᠬᠠᠮᠳᠤ ᠠᠵᠢᠯᠳᠠᠨ ᠳᠠᠭᠠᠨ ᠬᠠᠨᠳᠢᠪᠯᠠᠬᠰᠠᠭᠠᠷ ᠢᠷᠡᠭᠰᠡᠡ ᠪᠠᠶᠢᠳᠠᠭ᠃
   ᠲᠡᠷᠡ ᠠᠵᠢᠯᠴᠢᠨ ᠤ ᠡᠪᠯᠡᠯ ᠤᠨ ᠳᠠᠷᠢᠬᠦᠯᠡᠭᠴᠢ ᠶᠢᠨ ᠲᠤᠰᠢᠶᠠᠯ ᠳᠤ ᠭᠠᠷᠤᠭᠰᠠᠨ ᠠᠴᠠ ᠨᠠᠰᠢ᠂ ᠠᠵᠢᠯᠲᠠᠨ ᠠᠵᠢᠯᠴᠢᠨ ᠤ ᠬᠥᠳᠡᠯᠭᠡᠭᠡᠨ ᠤ ᠲᠠᠯᠠᠪᠤᠷ ᠦᠭᠡᠶ ᠪᠠᠶᠢᠳᠠᠯ ᠳᠤ ᠴᠢᠭᠯᠡᠭᠦᠯᠦᠨ᠂ ᠢᠳᠡᠪᠬᠢᠳᠡᠢ ᠬᠠᠷᠢᠴᠠᠨ ᠪᠡᠯᠡ ᠮᠥᠩᠭᠦ ᠭᠤᠶᠤᠴᠢᠯᠡᠡ ᠣᠯᠵᠤ᠂ ᠺᠤᠮᠫᠠᠨᠢ ᠶᠢᠨ ︽ᠠᠵᠢᠯᠲᠠᠨ ᠠᠵᠢᠯᠴᠢᠨ ᠤ ᠭᠡᠷ︾᠎ ᠢ ᠪᠡᠯᠡᠳᠬᠡᠨ ᠪᠠᠶᠢᠭᠤᠯᠵᠡᠢ᠃ ᠳᠡᠬᠡᠬᠡᠳ ᠵᠢᠯ ᠪᠤᠯᠭᠠᠨ ᠠᠵᠢᠯᠳᠠᠨ ᠠᠵᠢᠯᠴᠢᠨ ᠤ ᠤᠯᠠᠨ ᠵᠦᠢᠯ ᠤᠨ ᠰᠤᠶᠤᠯ ᠲᠠᠮᠢᠷ ᠤᠨ ᠬᠥᠳᠡᠯᠭᠡᠭᠡᠨ ᠥᠷᠨᠢᠬᠦᠯᠵᠤ᠂ ᠠᠵᠢᠯᠳᠠᠨ ᠠᠵᠢᠯᠴᠢᠨ ᠤ ᠠᠵᠢᠯ ᠤᠨ ᠶᠠᠳᠠᠷᠠᠯ ᠳᠠᠷᠤᠭᠠᠰᠦ ᠶᠢ ᠬᠥᠩᠭᠡᠷᠡᠭᠦᠯᠵᠦ᠂ ᠠᠵᠢᠯ ᠤᠨ ᠴᠢᠯᠥᠭᠡᠨ ᠤ ᠰᠣᠶᠣᠯ ᠤᠨ ᠠᠮᠢᠳᠤᠷᠠᠯ ᠢ ᠨᠢ ᠪᠠᠶᠠᠯᠢᠭᠵᠢᠭᠤᠯᠤᠭᠰᠠᠨ ᠪᠠᠶᠢᠨ᠎ᠠ᠃
   ᠲᠡᠮᠤᠷ᠎ᠠ ᠭᠤᠸᠠᠢ ᠺᠣᠮᠫᠠᠨᠢ ᠶᠢᠨ ᠠᠵᠢᠯᠴᠢᠨ ᠠᠵᠢᠯᠳᠠᠨ ᠤ ᠳᠤᠮᠳᠠ ︽ᠠᠵᠤ ᠠᠬᠤᠶᠢᠯᠠᠯ ᠤᠨ ᠢᠶᠠᠨ ᠬᠤᠰᠢᠭᠤᠴᠢ ᠪᠤᠯᠵᠤ᠂ ᠠᠵᠢᠯ ᠤᠨ ᠪᠠᠶᠢᠷᠢᠨ ᠳᠠᠭᠠᠨ ᠰᠢᠨ᠎ᠡ ᠭᠠᠪᠢᠶ᠎ᠠ ᠪᠠᠶᠢᠭᠤᠯᠬᠤ︾ ᠶᠡᠭᠡ ᠶᠠᠷᠢᠯᠴᠠᠭᠠᠨ ᠤ ᠠᠵᠢᠯᠯᠠᠭ᠎ᠠ ᠶᠢ ᠵᠣᠬᠢᠶᠠᠨ ᠪᠠᠶᠢᠭᠤᠯᠤᠨ᠂ ︽ᠢᠲᠡᠭᠡᠯ ᠵᠣᠷᠢᠭ ᠢ ᠪᠤᠢ ᠪᠣᠯᠭᠠᠬᠤ᠂ ᠡᠷᠳᠡᠮ ᠴᠢᠳᠠᠪᠤᠷᠢ ᠶᠢ ᠨᠡᠮᠡᠭᠳᠡᠭᠦᠯᠬᠦ ᠂ ᠬᠤᠪᠢ ᠨᠡᠮᠡᠷᠢ ᠦᠵᠡᠭᠦᠯᠬᠦ᠂ ᠬᠥᠭᠵᠢᠯ ᠮᠠᠨᠳᠤᠯ ᠢ ᠠᠬᠢᠭᠤᠯᠬᠤ︾ ᠭᠤᠣᠯ ᠰᠡᠳᠦᠪᠲᠦ ᠬᠥᠮᠦᠵᠢᠯ ᠤᠨ ᠠᠵᠢᠯᠯᠠᠭ᠎ᠠ ᠶᠢ ᠥᠷᠨᠢᠭᠦᠯᠵᠦ᠂ ᠠᠵᠢᠯᠳᠠᠨ ᠠᠵᠢᠯᠴᠢᠨ ᠤ ᠦᠵᠡᠯ ᠰᠠᠨᠠᠭ᠎ᠠ ᠶᠢ ᠤᠯᠠᠮ ᠨᠢᠭᠡ ᠠᠯᠬᠤᠮ ᠨᠢᠭᠡᠳᠬᠡᠵᠦ᠂ ᠴᠤᠭ ᠰᠦᠯᠳᠡ ᠶᠢ ᠨᠢ ᠪᠠᠳᠠᠷᠠᠭᠤᠯᠤᠨ᠂ ᠡᠶ᠎ᠡ ᠵᠣᠬᠢᠴᠠᠯ ᠲᠠᠢ ᠴᠢᠩ ᠬᠤᠸᠠ ᠶᠢ ᠴᠣᠭᠴᠠᠯᠠᠨ ᠪᠠᠶᠢᠭᠤᠯᠬᠤ ᠳᠤ ᠥᠪᠡᠷ ᠤᠨ ᠵᠣᠬᠢᠬᠤ ᠬᠤᠪᠢ ᠨᠡᠮᠡᠷᠢ ᠪᠠᠨ ᠦᠵᠡᠭᠦᠯᠦᠭᠰᠡᠭᠡᠷ ᠢᠷᠡᠭᠰᠡᠡ ᠪᠠᠶᠢᠨ᠎ᠠ᠃ 2011 ᠤᠨ ᠳᠤ ᠪᠦᠬᠦ ᠤᠯᠤᠰ ᠎ ᠤᠨ ᠠᠵᠢᠯᠴᠢᠨ ᠤ ᠶᠡᠷᠦᠩᠬᠡᠢ ᠡᠪᠯᠡᠯ ᠠᠴᠠ ᠳᠤᠰ ᠪᠦᠯᠦᠭᠯᠡᠯ ᠺᠤᠮᠫᠠᠨᠢ ᠳᠤ ︽ᠪᠦᠬᠦ ᠤᠯᠤᠰ ᠤᠨ ᠵᠢᠱᠢᠶᠡᠴᠢ ᠠᠵᠢᠯᠳᠠᠨ ᠠᠵᠢᠯᠴᠢᠨ ᠤ ᠬᠡᠷ︾᠎ ᠶᠢᠨ ᠰᠠᠶᠢᠬᠠᠨ ᠴᠤᠯᠠ ᠶᠢ ᠤᠯᠭᠤᠵᠤ᠂ 2013 ᠤᠨ ᠳᠤ ᠪᠦᠬᠦ ᠤᠯᠤᠰ ᠤᠨ ᠠᠵᠢᠯᠴᠢᠨ ᠤ ᠶᠡᠷᠦᠩᠬᠡᠢ ᠡᠪᠯᠡᠯ ᠠᠴᠠ ᠪᠠᠰᠠ ︽ᠪᠦᠬᠦ ᠤᠯᠤᠰ ᠤᠨ ᠠᠵᠢᠯᠳᠠᠨ ᠠᠵᠢᠯᠴᠢᠨ ᠤ ᠬᠦᠮᠦᠵᠢᠯ ᠪᠤᠯᠪᠠᠰᠤᠷᠠᠯ ᠴᠢᠭ︾᠎ ᠢᠶᠠᠷ ᠦᠨᠡᠯᠡᠵᠡᠢ᠃ 2014 ᠤᠨ ᠳᠤ ᠦᠪᠡᠷᠳᠡᠬᠡᠨ ᠵᠠᠰᠠᠬᠤ ᠤᠷᠤᠨ ᠤ ᠠᠵᠢᠯᠴᠢᠨ ᠤ ᠡᠪᠯᠡᠯ ᠠᠴᠠ ᠳᠤᠰ ᠪᠦᠯᠦᠭᠯᠡᠯ ᠺᠤᠮᠫᠠᠨᠢ ᠶᠢᠨ ᠠᠵᠢᠯᠴᠢᠨ ᠤ ᠡᠪᠯᠡᠯ ᠢ ︽ᠪᠦᠬᠦ ᠤᠷᠤᠨ ᠤ ᠵᠢᠱᠢᠶᠠᠴᠢ ᠠᠵᠤ ᠠᠬᠤᠶᠢᠯᠠᠯ ᠤᠨ ᠠᠵᠢᠯᠴᠢᠨ ᠤ ᠡᠪᠯᠡᠯ︾᠎ ᠢᠶᠠᠷ ᠬᠦᠬᠢᠬᠦᠯᠵᠡᠢ᠃   ᠳᠡᠮᠦᠷ᠎ᠠ ᠭᠤᠸᠠᠢ ᠠᠵᠢᠯᠳᠠᠨ ᠠᠵᠢᠯᠴᠢᠨ ᠳᠠᠭᠠᠨ ᠴᠢᠩ ᠥᠨᠡᠨᠴᠢ ᠪᠠᠷ ᠤᠢᠢᠯᠡᠴᠢᠯᠡᠵᠤ᠂ ᠶᠠᠳᠠᠭᠤ ᠬᠦᠴᠢᠷᠳᠡᠯᠳᠡᠢ ᠠᠵᠢᠯᠳᠠᠨ ᠢᠶᠠᠨ ᠳᠡᠳᠬᠦᠨ ᠤᠷᠮᠠᠰᠢᠭᠤᠯᠵᠤ᠂ ᠵᠥᠪ ᠡᠨᠧᠷᠬᠢ ᠳᠠᠮᠵᠢᠭᠤᠯᠵᠤ ᠶᠠᠪᠤᠬᠤ ᠳᠠᠭᠠᠨ᠂ ᠤᠷᠢᠳ ᠬᠤᠵᠢᠳ ᠴᠢᠩ ᠬᠤᠸᠠ ᠪᠥᠯᠦᠭᠯᠡᠯ ᠬᠢᠵᠠᠭᠠᠷᠳᠤ ᠺᠤᠮᠫᠠᠨᠢ ᠶᠢᠨ ᠰᠢᠯᠢᠳᠡᠭ ᠠᠵᠢᠯᠳᠠᠨ ᠤ ᠱᠠᠩᠨᠠᠯ ᠢ ᠤᠯᠠᠨᠳᠠ ᠬᠥᠷᠳᠡᠨ᠂ 2021 ᠤᠨ ᠳᠤ ᠤᠷᠤᠨ ᠤ ᠳᠡᠰ ︽5 · 1︾᠎ ᠤ ᠬᠥᠳᠡᠯᠮᠤᠷᠢ ᠶᠢᠨ ᠮᠧᠳᠠᠯ ᠢ ᠬᠥᠷᠳᠡᠭᠰᠠᠠ ᠪᠠᠶᠢᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号