ᠡᠷ᠎ᠠ ᠵᠤᠷᠢᠭ ᠤᠨ ᠴᠢᠷᠮᠠᠶᠢᠯᠭ᠎ᠠ
ᠨᠡᠶᠢᠲᠡᠯᠡᠭᠰᠡᠨ ᠴᠠᠭ᠄
2021/7/5
 ᠡᠷᠳᠡᠨᠢᠠᠠᠭᠤᠯᠠ  ᠨᠠᠷᠠᠨ᠎ᠠ  ᠡᠷᠳᠡᠨᠢᠬᠦᠦ                                ᠡᠷ᠎ᠠ ᠵᠤᠷᠢᠭ ᠤᠨ ᠴᠢᠷᠮᠠᠶᠢᠯᠭ᠎ᠠ ᠳᠡᠭᠷᠢ ᠡᠯᠡᠰᠦᠨ ᠤ ᠦᠨᠳᠦᠷ ᠴᠤᠬᠢᠶᠠᠳ ᠢᠶᠠᠷ ᠮᠤᠲ᠋ᠤᠷ ᠨᠢᠰᠬᠡᠨ ᠳᠠᠪᠬᠢᠭᠤᠯᠵᠤ᠂ ᠳᠡᠨᠢᠬᠦᠨ ᠭᠤᠪᠢ ᠶᠢᠨ ᠦᠷᠬᠡᠨ ᠴᠢᠯᠦᠬᠡ ᠪᠠᠷ ᠰᠡᠳᠬᠢᠯ ᠰᠡᠷᠬᠦᠳᠡᠯ᠎ᠠ ᠬᠦᠬᠡᠮᠡᠶᠢᠳᠡᠵᠦ ᠰᠠᠭᠤᠬᠤ ᠭᠡᠭᠴᠢ ᠡᠷ᠎ᠠ ᠬᠦᠮᠦᠨ ᠤ ᠬᠡᠶᠢᠮᠦᠷᠢ ᠵᠢᠷᠭᠠᠯ ᠪᠠᠶᠢᠳᠠᠭ ᠪᠢᠯᠢᠤ᠃ ᠠᠯᠠᠱᠠ ᠶᠢᠨ ᠴᠡᠬᠡᠯ ᠬᠡᠳᠡᠭ ᠨᠢᠬᠡᠨ ᠬᠦᠦ ᠡᠷ᠎ᠠ ᠬᠦᠮᠦᠨ ᠰᠢᠭ ᠬᠠᠨᠠᠶᠢᠵᠦ ᠶᠠᠪᠤᠬᠤ ᠶᠢ ᠬᠦᠰᠡᠨ᠂ ᠦᠪᠡᠷ ᠎ ᠤᠨ ᠤᠷᠤᠯᠳᠤᠯᠭ᠎ᠠ ᠴᠢᠷᠮᠠᠶᠢᠯᠭ᠎ᠠ ᠪᠠᠷ ᠡᠷ᠎ᠠ ᠬᠦᠮᠦᠨ ᠤ ᠬᠡᠶᠢᠮᠦᠷᠢ ᠵᠢᠪᠬᠤᠭ᠎ᠠ ᠶᠢ ᠡᠷᠢᠯᠬᠢᠯᠡᠵᠦ ᠶᠠᠪᠤᠨ᠎ᠠ᠃
ᠴᠡᠬᠡᠯ ᠬᠡᠮᠡᠭᠴᠢ ᠠᠭᠤᠯᠠ ᠶᠢᠨ ᠦᠨᠳᠦᠷ ᠤᠰᠤᠨ ᠤ ᠬᠦᠨ ᠢ ᠵᠦᠢᠷᠯᠡᠵᠦ᠂ ᠴᠠᠴᠠᠨ ᠰᠠᠨᠠᠭ᠎ᠠ᠂ ᠤᠷᠠᠨ ᠠᠶᠠᠯᠭᠤ ᠶᠢ ᠵᠢᠭᠠᠳᠠᠭ ᠤᠳᠬ᠎ᠠ ᠲᠠᠢ ᠪᠠᠷ ᠠᠪᠤ ᠡᠵᠢ ᠨᠢ ᠡᠶᠢᠮᠦ ᠰᠠᠶᠢᠬᠠᠨ ᠨᠡᠷ᠎ᠠ ᠦᠭᠬᠦᠭᠰᠡᠨ ᠪᠠᠶᠢᠯᠬᠦᠢ᠃ ᠠᠯᠠᠱᠠ ᠵᠡᠬᠦᠨ ᠬᠤᠰᠢᠭᠤᠨ ᠤ ᠣᠨᠳᠣᠷᠣᠯᠳᠣ ᠪᠠᠯᠭᠠᠰᠣᠨ ᠤ ᠳᠠᠪᠤᠨᠬᠤᠳᠳᠤᠭ ᠭᠠᠴᠠᠭᠠᠨ ᠳᠤ ᠨᠣᠳᠣᠭᠳᠠᠢ᠂ ᠬᠤᠷᠢᠨ ᠨᠠᠰᠦ ᠶᠢ ᠳᠠᠪᠠᠵᠦ ᠶᠠᠪᠤᠭ᠎ᠠ ᠵᠠᠯᠠᠭᠤ ᠪᠢᠯᠡ᠃ ᠳᠡᠷᠡᠪᠡᠷ ᠠᠯᠠᠱᠠ ᠵᠡᠬᠦᠨ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠭᠤᠯᠢ ᠠᠴᠠ ᠠᠩᠬ᠎ᠠ ᠳᠣᠮᠳᠠᠳᠣ ᠪᠠᠨ ᠳᠡᠬᠦᠰᠭᠡᠭᠡᠳ ᠣᠷᠳᠣᠰ ᠬᠤᠳᠠ ᠶᠢᠨ ᠣᠳᠤᠭ ᠤᠨ ᠡᠮᠣᠨᠡᠳᠣ ᠬᠤᠰᠢᠭᠤᠨ ᠤ ᠦᠨᠳᠣᠰᠣᠳᠡᠨ ᠤ ᠠᠵᠢᠯ ᠮᠡᠷᠭᠡᠵᠢᠯ ᠤᠨ ᠳᠡᠭᠡᠳᠣ ᠰᠣᠷᠭᠠᠭᠤᠯᠢ ᠳᠤ ᠳᠠᠮᠢᠷ ᠤᠨ ᠮᠡᠷᠭᠡᠵᠢᠯ ᠢᠶᠠᠷ ᠰᠤᠷᠤᠯᠴᠠᠭᠰᠠᠨ ᠶᠤᠮ᠃ ᠴᠡᠬᠡᠯ ᠶᠡᠭᠡ ᠵᠤᠷᠢᠭᠳᠠᠢ ᠬᠦᠦ᠂ ᠳᠠᠮᠢᠷᠴᠢᠨ ᠪᠤᠯᠬᠤ ᠬᠦᠰᠡᠯ ᠲᠠᠢ᠂ ᠬᠦᠶᠦᠵᠦ ᠬᠠᠷᠠᠶᠢᠬᠤ ᠎ ᠳᠠᠭᠠᠨ ᠴᠢᠳᠠᠮᠠᠭᠠᠢ᠂ ᠳᠡᠬᠡᠬᠡᠳ ᠰᠣᠷᠭᠠᠭᠤᠯᠢ ᠶᠢᠨ ᠬᠦᠨᠳᠣ ᠬᠦᠩᠭᠡᠨ ᠳᠡᠮᠢᠷ ᠤᠨ ᠣᠷᠣᠯᠳᠣᠭᠠᠨ ᠤ 400 ᠮᠧᠲᠷ ᠎ ᠤᠨ ᠣᠷᠣᠯᠳᠣᠭᠠᠨ ᠤ ᠳᠡᠮᠳᠡᠭᠯᠡᠯ ᠢ ᠰᠢᠨᠡᠳᠬᠡᠵᠦ᠂ ᠠᠩᠭᠢ ᠨᠢᠭᠡᠴᠡ ᠪᠠᠨ ᠠᠯᠳᠠᠷᠰᠢᠭᠤᠯᠵᠣ ᠶᠠᠪᠣᠭᠰᠠᠨ ᠣᠳᠠᠭ᠎ᠠ ᠎ ᠲᠠᠢ᠃ ᠪᠠᠭ᠎ᠠ ᠠᠴᠠ ᠪᠠᠨ ᠡᠮᠨᠢᠭ ᠵᠠᠶᠢᠳᠠᠯᠠᠵᠦ᠂ ᠪᠦᠬᠡ ᠪᠠᠷᠢᠯᠳᠤᠬᠤ ᠳᠤᠷᠠᠳᠠᠢ᠃ ᠡᠷ᠎ᠠ ᠬᠦᠮᠦᠨ ᠭᠡᠭᠴᠢ ᠡᠷ᠎ᠠ ᠶᠢᠨ ᠭᠤᠷᠪᠠᠨ ᠨᠠᠭᠠᠳᠤᠮ ᠳᠤ ᠰᠢᠯᠭᠠᠷᠠᠭᠰᠠᠨ ᠪᠠᠶᠢᠬᠤ ᠶᠤᠰᠤᠳᠠᠢ ᠬᠡᠵᠦ ᠪᠤᠳᠤᠳᠠᠭ ᠪᠠᠶᠢᠵᠡᠢ᠃ ᠬᠡᠪᠡᠴᠦ ᠠᠳᠤᠭᠤ ᠮᠤᠷᠢ ᠴᠦᠬᠡᠷᠡᠭᠰᠡᠨ ᠤ ᠤᠴᠢᠷ ᠠᠮᠠᠷᠠᠯᠳᠠ ᠪᠠᠷ ᠬᠠᠷᠢᠵᠦ ᠢᠷᠡᠪᠡᠯ ᠮᠤᠲ᠋ᠤᠷ ᠤᠨᠤᠵᠤ ᠨᠠᠭᠠᠳᠬᠤ ᠳᠤᠷᠠᠳᠠᠢ ᠪᠤᠯᠵᠡᠢ᠃ ᠠᠵᠢᠯ ᠮᠡᠷᠬᠡᠵᠢᠯ ᠤᠨ ᠰᠤᠷᠭᠠᠭᠤᠯᠢ ᠳᠤ ᠤᠷᠤᠭᠰᠠᠨ ᠠᠴᠠ ᠬᠤᠶᠢᠰᠢ ᠬᠠᠶᠠ ᠪᠠᠰᠠ ᠮᠣᠲ᠋ᠣᠷ ᠳᠡᠷᠭᠡᠨ ᠤ ᠡᠯᠡᠰᠣ ᠮᠠᠩᠬᠠᠨ ᠤ ᠭᠡᠭᠡᠷᠡᠯᠡᠨ ᠣᠷᠣᠯᠳᠣᠬᠤ ᠣᠷᠣᠯᠳᠣᠭᠠᠨ ᠳᠤ ᠣᠷᠣᠯᠴᠠᠳᠠᠭ᠃ ᠬᠡᠪᠡᠴᠦ ᠡᠯᠡᠰᠣ ᠮᠠᠩᠬᠠᠨ ᠳᠤ ᠮᠣᠲ᠋ᠣᠷ ᠤᠷᠤᠯᠳᠤᠨ᠎ᠠ ᠭᠡᠭᠴᠢ ᠠᠶᠣᠯ ᠪᠠᠷᠳᠠᠭ᠎ᠠ ᠲᠠᠢ ᠪᠠᠶᠢᠳᠠᠭ ᠢᠶᠠᠷ ᠢᠶᠠᠨ ᠠᠪᠤ ᠡᠵᠢ ᠨᠢ ᠵᠦᠪᠰᠢᠶᠡᠷᠡᠳᠡᠭ ᠦᠬᠡᠢ ᠬᠡᠨ᠎ᠠ᠃ ᠳᠡᠭᠡᠭᠡᠳ ᠳᠡᠷᠡ ᠬᠡᠷ ᠤᠨ ᠬᠦᠮᠦᠨ ᠢᠶᠠᠨ ᠰᠠᠨᠠᠭ᠎ᠠ ᠵᠤᠪᠠᠭᠤᠯᠬᠤ ᠦᠬᠡᠢ ᠶᠢᠨ ᠳᠦᠯᠦᠬᠡ ᠦᠪᠡᠷ ᠤᠨ ᠤᠷᠤᠯᠳᠤᠭᠠᠨ ᠎ ᠤ ᠮᠤᠲ᠋ᠤᠷ ᠢᠶᠠᠨ ᠬᠤᠳᠠᠯᠳᠤᠵᠡᠢ᠃ ᠴᠡᠬᠡᠯ ᠦᠪᠡᠷ ᠤᠨ ᠬᠦᠰᠡᠯ ᠢᠶᠠᠨ ᠳᠡᠷᠬᠡᠯᠰᠢᠬᠦᠯᠬᠦ ᠪᠠᠷ CK ᠺᠯᠦ᠋ᠪ᠂ ᠸᠧᠢ ᠸᠧᠢ ᠮᠤᠲ᠋ᠤᠷ ᠳᠡᠷᠬᠡᠨ ᠤ ᠰᠡᠯᠪᠢᠨ ᠵᠠᠰᠠᠬᠤ ᠭᠠᠵᠠᠷ ᠤᠨ ᠳᠡᠮᠵᠢᠯᠬᠡ ᠲᠠᠢ ᠪᠠᠷ ᠡᠯᠡᠰᠣ ᠮᠠᠩᠬᠠᠨ ᠤ ᠮᠣᠲ᠋ᠣᠷ ᠳᠡᠷᠭᠡᠨ ᠎ ᠤ ᠣᠷᠣᠯᠳᠣᠭᠠᠨ ᠳᠤ ᠬᠡᠳᠦᠨ ᠤᠳᠠᠭ᠎ᠠ ᠤᠷᠤᠯᠴᠠᠭᠠᠳ ᠳᠦᠷᠦᠬᠦᠯᠡᠵᠦ ᠦᠩᠭᠡᠷᠡᠭᠰᠡᠨ ᠪᠦᠬᠡᠳ ᠤᠯᠠᠨ ᠤᠳᠠᠭ᠎ᠠ ᠳᠡᠰ ᠲᠤ ᠤᠷᠤᠭᠰᠠᠨ ᠪᠠᠶᠢᠯ᠎ᠠ᠃ ᠴᠡᠬᠡᠯ᠄ ︽ᠦᠨᠳᠦᠷ ᠴᠤᠬᠢᠶᠠᠳ ᠢ ᠮᠤᠲ᠋ᠤᠷ ᠨᠢᠰᠬᠡᠨ ᠳᠠᠪᠠᠵᠦ ᠶᠠᠪᠤᠬᠤ ᠬᠡᠭᠴᠢ ᠦᠨᠡᠬᠡᠷ ᠪᠠᠭ᠋ᠠᠳᠠᠢ ᠰᠠᠶᠢᠬᠠᠨ ᠶᠠᠪᠤᠳᠠᠯ᠂ ᠵᠤᠷᠢᠭ ᠰᠢᠨᠳᠠᠰᠦ᠂ ᠤᠷ᠎ᠠ ᠮᠡᠷᠬᠡᠵᠢᠯ ᠰᠢᠯᠭᠠᠳᠠᠭ ᠪᠡᠶ᠎ᠠ ᠶᠢᠨ ᠳᠠᠮᠢᠷ ᠪᠠᠶᠢᠭ᠎ᠠ ᠶᠤᠮ᠃ ᠬᠡᠪᠡᠴᠦ ᠠᠪᠤ ᠡᠵᠢ ᠮᠢᠨᠢ ᠨᠠᠮᠠᠢᠢ ᠬᠡᠮᠳᠦᠵᠦ ᠪᠡᠷᠬᠡᠳᠡᠬᠦ ᠠᠴᠠ ᠵᠤᠪᠠᠭ᠋ᠤ ᠳᠤᠯᠠ ᠪᠢ ᠡᠬᠦᠨ ᠢ ᠨᠠᠰᠦᠨ ᠤ ᠬᠦᠬᠡᠬᠡᠴᠡᠯᠳᠦᠯ ᠢᠶᠠᠨ ᠪᠤᠯᠭᠠᠭᠰᠠᠨ ᠦᠬᠡᠢ᠂  ᠳᠤᠷ᠎ᠠ ᠪᠠᠬ᠎ᠠ ᠶᠢᠨ ᠨᠢᠬᠡ ᠳᠦᠷᠦᠯ ᠢᠶᠠᠨ ᠪᠤᠯᠭᠠᠵᠦ᠂ ᠦᠪᠡᠷ ᠤᠨ ᠳᠡᠰᠪᠦᠷᠢ ᠵᠤᠷᠢᠭ ᠢᠶᠠᠨ ᠪᠤᠯᠪᠠᠰᠤᠷᠠᠭᠤᠯᠬᠤ ᠬᠦᠴᠦᠨ ᠢᠶᠠᠨ ᠪᠤᠯᠭᠠᠵᠦ ᠪᠠᠶᠢᠳᠠᠭ ᠶᠤᠮ︾ ᠬᠡᠵᠦ ᠶᠠᠷᠢᠨ᠎ᠠ᠃
ᠳᠡᠶᠢᠨᠬᠦ ᠴᠡᠬᠡᠯ ᠳᠣᠷ᠎ᠠ ᠰᠣᠨᠢᠷᠬᠠᠯ ᠢᠶᠠᠨ ᠬᠦᠭᠡᠮᠡᠢ᠂ ᠮᠣᠷᠢᠨ ᠬᠤᠭᠤᠷ ᠲᠤ ᠰᠢᠯᠵᠢᠬᠦᠯᠵᠡᠢ᠃ ᠶᠠᠭᠤ ᠤᠷᠤᠯᠳᠤᠭᠰᠠᠨ ᠴᠦ ᠳᠡᠬᠦᠨ ᠢᠶᠠᠨ ᠦᠵᠦᠬᠦᠷ ᠲᠤᠨᠢ ᠭᠠᠷᠳᠠᠯ᠎ᠠ ᠰᠠᠶᠢᠬᠠᠨ ᠡᠵᠡᠮᠰᠢᠶ᠎ᠠ ᠬᠡᠳᠡᠭ ᠪᠤᠳᠤᠯ ᠲᠠᠢ ᠳᠠᠷᠠᠪᠠᠷ᠂ ᠤᠳᠤᠭ ᠤᠨ ᠡᠮᠦᠨᠡᠳᠦ ᠬᠤᠰᠢᠭᠤᠨ ᠤ ᠨᠡᠷᠡᠳᠦ ᠬᠦᠬᠡᠮᠡᠶᠢᠴᠢᠨ ᠠᠭᠤᠯᠠ ᠪᠠᠭᠰᠢ ᠠᠴᠠ ᠭᠤᠷᠪᠠᠨ ᠵᠢᠯ ᠬᠦᠬᠡᠮᠡᠢ ᠰᠣᠷᠴᠣ᠂ ᠣᠳᠣ ᠪᠣᠯᠬᠤ ᠳᠤ ᠡᠨᠡ ᠳᠠᠯ᠎ᠠ ᠪᠠᠷ ᠬᠦᠭᠵᠢᠬᠦ ᠬᠠᠨᠳᠣᠰᠢ ᠲᠠᠢ ᠪᠣᠯᠣᠭᠰᠠᠨ ᠪᠠᠶᠢᠯ᠎ᠠ᠃ ᠪᠢᠳᠠ ᠳᠡᠬᠦᠨ ᠲᠠᠢ ᠠᠭᠤᠯᠵᠠᠬᠤ ᠎ ᠳᠤ ᠳᠡᠷᠡ ᠠᠮᠠᠷᠠᠯᠳᠠ ᠶᠢᠨ ᠡᠳᠣᠷ ᠲᠤ ᠪᠠᠶᠠᠨᠬᠤᠳᠠ ᠳᠤ ᠪᠠᠭᠠᠴᠣᠳ ᠭᠡᠣᠭᠡᠳ ᠲᠤ ᠮᠣᠷᠢᠨ ᠬᠤᠭᠤᠷ ᠵᠢᠭᠠᠵᠣ ᠪᠠᠷᠠᠭᠠᠳ ᠰᠤᠷᠭᠠᠭᠤᠯᠢ ᠳᠠᠭᠠᠨ ᠪᠤᠴᠠᠵᠦ ᠶᠡᠭᠡ ᠰᠤᠷᠭᠠᠭᠤᠯᠢ ᠳᠤ ᠰᠢᠯᠭᠠᠯᠳᠠ ᠳᠤ ᠤᠷᠤᠬᠤ ᠪᠠᠷ ᠪᠡᠯᠡᠳᠬᠡᠵᠦ ᠪᠠᠶᠢᠯ᠎ᠠ᠃
ᠴᠡᠭᠡᠯ ᠪᠣᠯ ᠠᠪᠤ ᠡᠵᠢ ᠶᠢᠨ ᠢᠶᠠᠨ ᠠᠴᠢᠯᠠᠯᠳᠣ ᠬᠦᠣ᠃ ᠢᠮᠠᠭᠳᠠ ᠠᠪᠤ ᠡᠵᠢ ᠶᠢ ᠪᠠᠨ ᠪᠠᠶᠠᠷᠯᠠᠭᠤᠯᠬᠤ ᠶᠢ ᠪᠣᠳᠣᠵᠣ᠂ ᠬᠠᠮᠢᠭ᠎ᠠ ᠶᠠᠪᠣᠭᠰᠠᠨ ᠴᠦ᠂ ᠶᠠᠮᠠᠷ ᠠᠵᠢᠯ ᠠᠬᠤᠢ ᠶᠢ ᠬᠢᠵᠣ ᠣᠷᠣᠯᠳᠣᠭᠰᠠᠨ ᠴᠦ ᠠᠪᠤ ᠡᠵᠢ ᠤᠨ ᠢᠶᠠᠨ ᠰᠠᠨᠠᠯ ᠪᠣᠳᠣᠯ ᠢ ᠰᠠᠶᠢᠨ ᠲᠣᠩᠭᠠᠵᠣ ᠶᠠᠪᠣᠳᠠᠭ᠃ ᠳᠡᠬᠦᠨ ᠢ ᠠᠩᠬ᠎ᠠ ᠳᠣᠮᠳᠠᠳᠣ ᠶᠢᠨ ᠬᠤᠶᠠᠳᠣᠭᠠᠷ ᠣᠨ ᠤ ᠦᠶ᠎ᠡ ᠳᠤ ᠠᠪᠤ ᠨᠢ ᠬᠦᠨᠳᠣ ᠡᠪᠡᠳᠴᠢᠯᠡᠭᠰᠡᠨ ᠠᠴᠠ ᠪᠣᠯᠵᠣ᠂ ᠡᠷᠳᠡ ᠣᠬᠠᠭᠠᠵᠢᠵᠣ᠂ ᠠᠵᠢᠯ ᠬᠦᠳᠡᠯᠮᠣᠷᠢ ᠳᠤ ᠣᠷᠣᠯᠴᠠᠨ᠂ ᠭᠡᠷ ᠪᠦᠯᠢ ᠶᠢᠨ ᠳᠠᠷᠣᠭᠠᠰᠣ ᠶᠢ ᠬᠦᠩᠭᠡᠯᠡᠵᠣ᠂ ᠭᠡᠷ ᠪᠦᠯᠢ ᠳᠡᠭᠡᠨ ᠳᠣᠰᠠ ᠪᠣᠯᠬᠤ ᠶᠢ ᠦᠷᠬᠦᠯᠵᠢ ᠳᠡᠭᠡᠨ ᠪᠣᠳᠣᠵᠣ ᠪᠡᠶᠡᠯᠡᠬᠦᠯᠦᠭᠰᠡᠭᠡᠷ ᠢᠷᠡᠵᠡᠢ᠃  ᠠᠮᠠᠷᠠᠯᠳᠠ ᠪᠠᠷ ᠬᠠᠷᠢᠪᠠᠯ ᠣᠯᠠᠨ ᠵᠦᠢᠯ ᠤᠨ ᠠᠵᠢᠯ ᠢ ᠬᠢᠵᠣ ᠣᠷᠣᠯᠳᠣᠳᠠᠭ᠃ ᠨᠠᠭᠠᠴᠣ ᠠᠪᠤ ᠪᠠᠨ ᠬᠠᠪᠰᠣᠷᠴᠣ ᠮᠠᠯ ᠠᠬᠤᠢ ᠳᠣᠳᠣᠮᠳᠠᠬᠤ᠂ ᠠᠪᠤ ᠪᠠᠨ ᠬᠠᠪᠰᠤᠷᠴᠦ ᠠᠷᠠᠯᠵᠢᠶ᠎ᠠ ᠬᠢᠬᠦ᠂ ᠭᠡᠣᠭᠡᠳ ᠎ ᠲᠤ ᠮᠣᠷᠢᠨ ᠬᠤᠭᠤᠷ ᠳᠤᠪᠰᠢᠭᠤᠷ ᠵᠢᠭᠠᠵᠦ ᠤᠷᠤᠯᠭ᠎ᠠ ᠤᠯᠬᠤ ᠮᠡᠳᠦ ᠶᠠᠭᠠᠷᠠᠵᠦ ᠪᠠᠶᠢᠳᠠᠭ ᠬᠡᠨ᠎ᠠ᠃ ᠨᠢᠳᠣᠨᠣᠨ ᠵᠤᠨ ᠠᠪᠤ ᠪᠠᠨ ᠬᠠᠪᠰᠣᠷᠴᠣ ᠭᠡᠰᠡᠭ ᠬᠤᠭᠤᠴᠠᠭ᠎ᠠ ᠪᠠᠷ ᠶᠦᠨᠨᠠᠨ᠂ ᠬᠦᠢᠵᠸᠣ ᠵᠡᠷᠭᠡ ᠡᠮᠣᠨ᠎ᠡ ᠣᠷᠣᠨ ᠵᠢᠴᠢ᠂ ᠸᠢᠶᠧᠲᠨᠠᠮ ᠵᠡᠷᠭᠡ ᠣᠯᠣᠰ ᠤᠳ ᠢᠶᠠᠷ ᠶᠠᠪᠣᠵᠣ ᠠᠷᠠᠯᠵᠢᠶ᠎ᠠ ᠬᠢᠵᠡᠢ᠃ ᠢᠩᠭᠢᠭᠡᠳ ᠶᠡᠭᠡ ᠰᠣᠷᠭᠠᠭᠤᠯᠢ ᠳᠤ ᠰᠢᠯᠭᠠᠬᠤ ᠨᠡᠷ᠎ᠠ ᠮᠡᠳᠡᠬᠦᠯᠬᠦ ᠡᠳᠣᠷ ᠲᠤ ᠠᠮᠵᠢᠵᠣ ᠢᠷᠡᠵᠣ ᠴᠢᠳᠠᠭᠰᠠᠨ ᠦᠭᠡᠢ ᠠᠴᠠ ᠶᠡᠭᠡ ᠰᠣᠷᠭᠠᠭᠤᠯᠢ ᠳᠤ ᠰᠢᠯᠭᠠᠬᠤ ᠳᠣᠬᠢᠶᠠᠯ ᠎ ᠢᠶᠠᠨ ᠠᠯᠳᠠᠭᠰᠠᠨ ᠪᠠᠶᠢᠪᠠ᠃ ᠳᠡᠷᠡ ᠶᠡᠷᠣ ᠠᠴᠠ ᠡᠨᠡ ᠣᠴᠢᠷ ᠲᠤ ᠬᠠᠷᠠᠮᠰᠠᠭ᠎ᠠ ᠦᠭᠡᠢ᠂ ᠡᠷ᠎ᠠ ᠦᠰᠪᠡᠯ ᠬᠡᠷ ᠡᠷᠦᠬᠡ ᠪᠠᠨ ᠳᠤᠯᠭᠠᠭᠤᠷᠢᠯᠠᠵᠦ ᠶᠠᠪᠤᠬᠤ ᠶᠤᠰᠤᠳᠠᠢ ᠬᠡᠵᠦ ᠪᠤᠳᠤᠳᠠᠭ ᠢᠶᠠᠷ ᠦᠪᠡᠷ ᠢ ᠪᠠᠨ ᠨᠢᠬᠡ ᠦᠩᠭᠡᠷᠡᠯᠳᠡ ᠳᠠᠪᠳᠠᠯᠳᠠ ᠲᠠᠢ ᠪᠤᠯᠤᠯ᠎ᠠ᠂ ᠠᠷᠠᠯᠵᠢᠶ᠎ᠠ ᠮᠠᠶᠢᠮᠠᠢ ᠬᠢᠬᠦ ᠶᠢᠨ ᠠᠷᠭ᠎ᠠ ᠳᠤᠷᠰᠢᠯᠭ᠎ᠠ ᠤᠯᠵᠤ ᠴᠢᠳᠠᠯ᠎ᠠ ᠬᠡᠵᠦ ᠤᠯᠵᠠᠷᠬᠠᠵᠦ᠂ ᠶᠡᠭᠡ ᠰᠣᠷᠭᠠᠭᠤᠯᠢ ᠶᠢᠨ ᠰᠢᠯᠭᠠᠯᠳᠠ ᠳᠤ ᠳᠠᠬᠢᠵᠣ ᠨᠢᠭᠡ ᠵᠢᠯ ᠳᠠᠪᠳᠠᠵᠣ ᠰᠢᠯᠭᠠᠭᠤᠯᠬᠤ ᠪᠠᠷ ᠰᠡᠮᠡᠭᠡᠷ ᠵᠤᠷᠢᠭ ᠰᠢᠭᠤᠳᠤᠭᠰᠠᠨ ᠪᠠᠶᠢᠵᠡᠢ᠃
ᠴᠡᠭᠡᠯ ᠡᠨᠡ ᠵᠢᠯ ᠣᠷᠠᠯᠢᠭ ᠤᠨ ᠳᠣᠰᠬᠠᠢ ᠮᠡᠷᠭᠡᠵᠢᠯ ᠢᠶᠠᠷ ᠶᠡᠭᠡ ᠰᠣᠷᠭᠠᠭᠤᠯᠢ ᠳᠤ ᠰᠢᠯᠭᠠᠵᠣ ᠪᠠᠶᠢᠭ᠎ᠠ ᠶᠤᠮ ᠬᠡᠨ᠎ᠠ᠂ ᠳᠡᠷᠡᠪᠡᠷ ᠣᠷᠠᠯᠢᠭ ᠤᠨ ᠳᠣᠰᠬᠠᠢ ᠮᠡᠷᠭᠡᠵᠢᠯ ᠤᠨ ᠰᠢᠯᠭᠠᠯᠳᠠ ᠢᠶᠠᠨ 203 ᠬᠤᠪᠢ ᠶᠢᠨ ᠦᠨᠳᠣᠷ ᠬᠢᠷᠢ ᠪᠦᠳᠦᠮᠵᠢ ᠎ ᠪᠠᠷ ᠰᠢᠯᠭᠠᠵᠣ᠂ ᠣᠳᠣ ᠰᠤᠶᠤᠯ ᠤᠨ ᠬᠢᠴᠢᠶᠡᠯ ᠤᠨ ᠰᠢᠯᠭᠠᠯᠳᠠ ᠳᠠᠭᠠᠨ ᠤᠷᠤᠬᠤ ᠪᠠᠷ ᠴᠢᠷᠮᠠᠶᠢᠵᠣ ᠪᠤᠢ᠃ ᠳᠡᠬᠦᠨ ᠎ ᠤ ᠬᠦᠰᠡᠯ ᠪᠡᠶᠡᠯᠡᠭᠳᠡᠵᠦ᠂ ᠬᠦᠬᠡᠮᠡᠢ ᠶᠢᠨ ᠠᠶ᠎ᠠ ᠪᠠᠨ ᠨᠡᠩ ᠬᠤᠯᠠ ᠳᠤ ᠰᠤᠨᠤᠷᠳᠠᠭᠤᠯᠵᠤ᠂ ᠦᠩᠭᠡ ᠲᠠᠢ ᠦᠨ᠎ᠠ ᠎ ᠲᠠᠢ ᠰᠠᠶᠢᠬᠠᠨ ᠶᠠᠪᠤᠬᠤ ᠶᠢᠨ ᠢᠷᠤᠬᠡᠯ ᠢᠶᠠᠨ ᠡᠷᠬᠦᠶ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号