ᠭᠤᠷᠪᠠ ᠶᠢᠰᠦ ᠶᠢᠨ ᠬᠦᠢᠳᠡᠨ ᠳᠤ ᠪᠤᠳᠤᠭᠤᠯᠠᠭᠰᠠᠨ ︽ᠲᠡᠮᠡᠭᠡᠨ ᠪᠠᠭᠠᠳᠤᠷ︾
ᠨᠡᠶᠢᠲᠡᠯᠡᠭᠰᠡᠨ ᠴᠠᠭ᠄
2021/7/5
 ᠰᠡᠴᠡᠨ          ᠭᠤᠷᠪᠠ ᠶᠢᠰᠦ ᠶᠢᠨ ᠬᠦᠢᠳᠡᠨ ᠳᠤ ᠪᠤᠳᠤᠭᠤᠯᠠᠭᠰᠠᠨ ︽ᠲᠡᠮᠡᠭᠡᠨ ᠪᠠᠭᠠᠳᠤᠷ︾    ᠭᠤᠷᠪᠠ ᠶᠢᠰᠦ ᠶᠢᠨ ᠬᠦᠢᠳᠡᠨ ᠳᠤ ᠪᠤᠳᠤᠭᠤᠯᠠᠭᠰᠠᠨ ︽ᠲᠡᠮᠡᠭᠡᠨ ᠪᠠᠭᠠᠳᠤᠷ︾᠎ ᠤᠨ ᠡᠵᠡᠨ ᠢ ᠰᠡᠴᠡᠨᠪᠠᠭᠠᠳᠤᠷ ᠬᠡᠳᠡᠭ᠃ ᠲᠡᠳᠡᠨᠡᠶᠢᠬᠢ ᠠᠯᠠᠱᠠ ᠵᠡᠬᠦᠨ ᠬᠤᠰᠢᠭᠤᠨ ᠤ ᠦᠨᠳᠦᠷᠮᠤᠳᠤ ᠭᠠᠴᠠᠭᠠᠨ ᠤ ᠡᠷᠢᠶᠡᠨ ᠲᠤᠯᠤᠭᠠᠢ ᠬᠡᠮᠡᠬᠦ ᠭᠠᠵᠠᠷ ᠨᠤᠳᠤᠭᠯᠠᠳᠠᠭ᠃
  ᠰᠡᠴᠡᠨᠪᠠᠭᠠᠳᠤᠷ ᠪᠤᠯ ᠦᠯᠵᠡᠢ ᠰᠤᠮᠤᠨ ᠤ ᠦᠨᠳᠦᠷᠮᠤᠳᠤ ᠭᠠᠴᠠᠭᠠᠨ ᠤ ᠲᠠᠷᠤᠭ᠎ᠠ᠃ ᠤᠷᠴᠢᠮ ᠤᠨ ᠡᠳᠦᠷ ᠭᠠᠴᠠᠭᠠᠨ ᠤ ᠪᠠᠨ ᠰᠤᠩᠭᠤᠭᠤᠯᠢ ᠶᠢᠨ ᠠᠵᠢᠯ ᠳᠤ ᠶᠠᠭᠠᠷᠠᠭᠠᠳ ᠲᠡᠮᠡᠭᠡᠨ ᠰᠦᠷᠦᠭ ᠢᠶᠠᠨ ᠪᠤᠯᠭᠤᠭᠠᠵᠦ ᠠᠮᠵᠢᠭᠰᠠᠨ ᠦᠭᠡᠢ ᠪᠠᠶᠢᠵᠡᠢ᠃ 1 ᠰᠠᠷ᠎ᠠ ᠶᠢᠨ 15᠎ ᠤ ᠡᠳᠦᠷ᠂ ᠲᠠᠷᠤᠢ ᠭᠤᠷᠪᠠ ᠶᠢᠰᠦ ᠶᠢᠨ ᠨᠠᠢᠮᠠᠳᠤᠭᠠᠷ ᠡᠳᠦᠷ ᠵᠢᠭᠠᠬᠠᠨ ᠵᠠᠪ ᠭᠠᠷᠬᠤᠯᠠᠷ ᠲᠡᠮᠡᠭᠡᠨ ᠰᠦᠷᠦᠭ ᠢᠶᠠᠨ ᠡᠷᠬᠢᠵᠦ ᠦᠵᠡᠬᠦ ᠪᠠᠷ ᠤᠴᠢᠭᠰᠠᠨ ᠴᠢᠨᠢ  ︽ᠦᠨᠳᠦᠷ ᠬᠠᠷ᠎ᠠ︾ ᠨᠡᠷ᠎ᠡ ᠲᠠᠢ ᠢᠩᠭᠡ ᠨᠢ ᠪᠤᠳᠤᠭᠤᠯᠠᠭᠠᠳ ᠬᠡᠳᠦ ᠬᠤᠨᠤᠭᠰᠠᠨ ᠪᠤᠳᠤᠭᠤ ᠪᠠᠨ ᠲᠠᠭᠠᠭᠤᠯᠴᠢᠬᠠᠭᠰᠠᠨ ᠶᠠᠪᠤᠵᠦ ᠪᠠᠶᠢᠬᠤ ᠲᠠᠢ ᠲᠠᠭᠠᠷᠠᠭᠰᠠᠨ ᠪᠠᠶᠢᠨ᠎ᠠ᠃
ᠤᠤᠭᠠᠨ ᠪᠤᠳᠤᠭᠤ ᠶᠢ ᠶᠡᠷᠦᠨᠢ ︽ᠮᠢᠩᠭᠠᠨ ᠤ ᠮᠠᠩᠯᠠᠢ᠂ ᠲᠦᠮᠡᠨ ᠤ ᠲᠦᠷᠦᠬᠦᠦ︾ ᠬᠡᠮᠡᠨ ᠪᠡᠯᠭᠡᠰᠢᠶᠡᠳᠡᠭ ᠶᠤᠰᠤᠭᠠᠷ ᠰᠡᠴᠡᠨᠪᠠᠭᠠᠳᠤᠷ ᠴᠤ ᠪᠤᠳᠤᠭᠤ ᠪᠠᠨ ᠦᠬᠦᠬᠡᠷᠳᠦᠨ ᠭᠠᠳᠠᠨ᠎ᠠ ᠪᠠᠨ ᠠᠪᠴᠢᠷᠠᠵᠦ ᠤᠶᠠᠭᠠᠳ ︽ᠭᠤᠷᠪᠠ ᠶᠢᠰᠦ︾ ᠬᠡᠰᠡᠨ ᠨᠡᠷ᠎ᠡ ᠬᠠᠶᠢᠷᠠᠯᠠᠵᠡᠢ᠃
︽ᠭᠤᠷᠪᠠ ᠶᠢᠰᠦ ᠶᠢᠨ ᠬᠦᠢᠳᠡᠨ ᠳᠤ ᠭᠠᠷᠤᠭᠰᠠᠨ ᠪᠤᠳᠤᠭᠤ ᠬᠡᠮᠡᠨ ᠰᠡᠬᠦᠳᠡᠷᠯᠡᠭᠡᠳ ᠨᠠᠶᠢᠵᠠ ᠨᠠᠷ  ᠎ ᠲᠠᠭᠠᠨ ᠭᠠᠶᠢᠬᠠᠭᠤᠯᠬᠤ ᠳᠤ ᠨᠠᠶᠢᠵᠠ ᠨᠠᠷ ᠮᠢᠨᠢ ︿ᠡᠨᠡ ᠬᠦᠢᠳᠡᠨ ᠢ ᠲᠡᠰᠴᠦ ᠭᠠᠷᠤᠭᠰᠠᠨ ᠨᠢ ᠭᠠᠶᠢᠬᠠᠯᠳᠠᠢ ᠪᠠᠶᠢᠨ᠎ᠠ﹀᠂ ︿ᠶᠠᠮᠠᠷ ᠡᠷᠳᠡ ᠪᠤᠳᠤᠭᠤᠯᠠᠳᠠᠭ ᠪᠤᠢ︖﹀᠂ ︿ᠡᠨᠡ ᠠᠶᠢᠬᠤᠪᠳᠤᠷ ᠪᠤᠳᠤᠭᠤ ᠳᠠᠭᠠᠨ ᠲᠡᠮᠡᠭᠡᠨ ᠪᠠᠭᠠᠳᠤᠷ ᠬᠡᠰᠡᠨ ᠨᠡᠷ᠎ᠡ ᠦᠭᠬᠦᠪᠡᠯ ᠵᠤᠬᠢᠮᠠᠷ ᠪᠠᠶᠢᠨ᠎ᠠ ᠬᠡᠵᠦ ᠤᠯᠠᠨ ᠵᠤᠶᠢᠯ ᠢ ᠶᠠᠷᠢᠵᠦ ᠪᠠᠶᠢᠭᠰᠠᠨ︾ ᠬᠡᠮᠡᠨ ᠨᠠᠶᠢᠵᠠ ᠨᠦᠬᠦᠳ᠂ ᠬᠤᠯᠠ ᠤᠶᠢᠷ᠎ᠠ ᠶᠢᠨ ᠬᠢᠨ ᠭᠤᠷᠪᠠ ᠶᠢᠰᠦ ᠪᠠᠷ ᠭᠠᠷᠤᠭᠰᠠᠨ ᠪᠤᠳᠤᠭᠤ ᠶᠢ ᠨᠢ ᠭᠠᠶᠢᠬᠠᠵᠦ ᠪᠠᠭ᠋ᠠᠷᠬᠠᠵᠦ ᠪᠠᠶᠢᠭ᠎ᠠ ᠲᠤᠬᠠᠢ ᠶᠠᠷᠢᠯ᠎ᠠ  ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号