| | ● ᠬᠠᠷ᠎ᠠ ᠴᠠᠢ 15 ᠭᠷᠡᠮ᠂ ᠰᠤᠩᠬᠢᠨ᠎ᠡ ᠶᠢᠨ ᠴᠠᠭᠠᠨ᠂ ᠨᠦᠢᠲᠠᠨ ᠭᠠ ᠶᠢᠨ ᠭᠡᠷᠴᠢᠮᠡᠯ ᠲᠤᠰ | ᠪᠦᠷᠢ 25 ᠭᠷᠠᠮ ᠢ ᠤᠰᠤᠨ ᠳᠤ ᠴᠢᠨᠠᠵᠦ ᠤᠤᠭᠤᠪᠠᠯ ᠲᠠᠭᠠᠷᠠᠬᠰᠠᠠ ᠠᠴᠠ ᠪᠤᠯᠵᠤ ᠬᠢᠮᠤᠷᠠᠭᠰᠠᠨ ᠲᠠᠭᠰᠢᠭᠤᠷ ᠢ | ᠵᠠᠰᠠᠨ᠎ᠠ᠃ | ● ᠴᠠᠢ᠂ ᠨᠦᠢᠲᠠᠨ ᠭᠠ ᠲᠤᠰ ᠪᠦᠷᠢ 25 ᠭᠷᠠᠮ᠂ ᠡᠳᠡᠭᠡᠷ ᠠᠴᠠ ᠤᠳᠠᠭ᠎ᠠ ᠪᠦᠷᠢ 6 ᠭᠷᠠᠮ ᠢ | ᠪᠦᠷᠢᠵᠦ ᠤᠤᠭᠤᠪᠠᠯ ᠲᠠᠭᠠᠷᠠᠬᠰᠠᠠ ᠠᠴᠠ ᠪᠤᠯᠤᠬᠰᠠᠠ ᠲᠠᠭᠰᠢᠭᠤᠷ᠂ ᠲᠠᠭᠠᠷᠠᠳᠠᠰᠤ ᠬᠦᠷᠴᠦ ᠬᠠᠯᠠᠭᠤᠷᠠᠬᠤ ᠶᠢ | ᠵᠠᠰᠠᠬᠤ ᠦᠢᠯᠡᠳᠦᠯ ᠲᠠᠢ᠃ | ● ᠴᠠᠢ 9 ᠭᠷᠠᠮ᠂ ᠨᠦᠢᠲᠡᠨ ᠭᠠ 5 ᠬᠡᠷᠴᠢᠮᠡᠯ᠂ ᠲᠤᠯᠤᠨᠤ 20 ᠭᠷᠠᠮ᠂ ᠡᠳᠡᠭᠡᠷ ᠢ ᠤᠰᠤᠨ ᠳᠤ ᠴᠢᠨᠠᠵᠦ᠂ | ᠲᠡᠭᠡᠷ᠎ᠡ ᠨᠢ ᠵᠤᠬᠢᠬᠤ ᠴᠠᠭᠠᠨ ᠰᠢᠬᠢᠷ ᠨᠠᠮᠡᠵᠦ ᠤᠤᠭᠤᠪᠠᠯ ᠡᠰᠡ ᠰᠢᠩᠭᠡᠭᠰᠡᠨ ᠠᠴᠠ ᠪᠤᠯᠵᠦ ᠰᠠᠭᠤᠯᠭᠠᠬᠤ ᠶᠢ ᠵᠤᠭᠰᠤᠭᠠᠨ᠎ᠠ᠃ | | ● ᠴᠠᠢ 6 ᠭᠷᠠᠮ᠂ ᠪᠤᠷᠤ ᠮᠠᠭᠠᠵᠢ ᠶᠢᠨ ᠨᠠᠪᠴᠢ᠂ ᠬᠠᠷ᠎ᠠ ᠵᠢᠷᠦ᠋ᠭᠪᠡ᠂ ᠨᠦᠢᠲᠡᠨ ᠭᠠ ᠲᠤᠰ ᠪᠦᠷᠢ 10 ᠭᠷᠡᠮ | ᠂ ᠪᠤᠷᠠᠮ 30 ᠭᠷᠠᠮ᠂ ᠡᠳᠡᠭᠡᠷ ᠢ ᠤᠰᠤᠨ ᠳᠤ ᠴᠢᠨᠠᠵᠦ ᠤᠤᠭᠤᠪᠠᠯ ᠲᠠᠭᠠᠷᠠᠬᠰᠠᠠ ᠠᠴᠠ ᠪᠤᠯᠵᠤ ᠬᠢᠮᠤᠷᠠᠭᠰᠠᠨ ᠲᠠᠭᠰᠢᠭᠤᠷ᠂ | ᠲᠠᠭᠠᠷᠠᠳᠠᠰᠤ ᠬᠦᠷᠬᠦ᠂ ᠪᠦᠬᠦ ᠪᠡᠶ᠎ᠡ ᠡᠪᠡᠳᠬᠦ᠂ ᠲᠤᠯᠤᠭᠠᠢ ᠡᠪᠡᠳᠬᠦ ᠵᠡᠷᠭᠡ ᠶᠢ ᠵᠠᠰᠠᠨ᠎ᠠ᠃ | ● ᠡᠭᠡᠭᠦᠨ ᠴᠠᠢ ᠪᠠᠷ ᠠᠮᠠ ᠪᠠᠨ ᠵᠠᠶᠢᠯᠪᠠᠯ ᠠᠮᠠᠨ ᠤ ᠬᠦᠨᠳᠠᠢ ᠶᠢᠨ ᠦᠷᠪᠢᠰᠤᠯ᠂ ᠰᠢᠩᠭᠡᠭᠡᠯᠲᠡ | ᠮᠠᠭᠤᠳᠠᠭᠰᠠᠨ ᠪᠤᠶᠤ ᠰᠤᠩᠬᠢᠨ᠎ᠡ ᠰᠠᠷᠢᠮᠰᠠᠭ ᠢᠳᠡᠭᠰᠡᠨ ᠠᠴᠠ ᠡᠭᠦᠰᠦᠭᠰᠡᠨ ᠠᠮᠠᠨ ᠤ ᠦᠮᠡᠭᠡᠢ ᠶᠢ ᠲᠠᠷᠤᠬᠤ | ᠦᠢᠯᠡᠳᠦᠯ ᠲᠠᠢ᠃ | ● ᠴᠠᠢ᠂ ᠠᠪᠤᠭ᠎ᠠ ᠨᠤᠭᠤᠭ᠎ᠠ ᠶᠢᠨ ᠴᠡᠴᠡᠭ ᠲᠤᠰ ᠪᠦᠷᠢ 25 ᠭᠷᠠᠮ᠂ ᠡᠳᠡᠭᠡᠷ ᠢ ᠬᠠᠮᠳᠤ ᠳᠤᠨᠢ ᠡᠭᠡᠭᠦᠨ ᠰᠢᠭ | ᠴᠢᠨᠠᠵᠦ᠂ ᠡᠳᠦᠷ ᠲᠤ 3 ᠬᠤᠪᠢᠶᠠᠵᠦ ᠬᠤᠭᠤᠯᠠᠨ ᠠᠴᠠ ᠪᠠᠨ ᠡᠮᠦᠨ᠎ᠡ ᠤᠤᠭᠤᠪᠠᠯ ᠰᠢᠭᠡᠯᠭᠡᠭᠦ ᠦᠢᠯᠡᠳᠦᠯ ᠲᠠᠢ ᠪᠦᠭᠡᠳ | ᠲᠠᠪᠤᠰᠠᠩ ᠤᠨ ᠦᠷᠪᠢᠰᠦᠯ ᠪᠤᠯᠤᠨ ᠰᠢᠭᠡᠰᠦᠨ ᠵᠠᠮ ᠤᠨ ᠬᠠᠯᠳᠠᠪᠤᠷᠢᠯᠡᠯ ᠢ ᠰᠡᠷᠭᠡᠶᠢᠯᠡᠨ ᠵᠠᠰᠠᠨ᠎ᠠ᠃ | ● ᠨᠤᠭᠤᠭᠠᠨ ᠴᠠᠢ 10 ᠭᠷᠠᠮ᠂ ᠪᠤᠳᠠᠭᠠᠨ ᠤ ᠼᠤᠤ 100 ᠮᠢᠯᠢᠯᠢᠲᠷ᠂ ᠭᠠ᠂ ᠰᠢᠬᠢᠷ ᠡᠪᠡᠰᠦ ᠲᠤᠰ ᠪᠦᠷᠢ | ᠵᠤᠬᠢᠬᠤ ᠬᠡᠮᠵᠢᠶ᠎ᠡ᠂ ᠡᠳᠡᠭᠡᠷ ᠢ ᠬᠠᠮᠳᠤ ᠳᠤᠨᠢ ᠤᠰᠤᠨ ᠳᠤ ᠴᠢᠨᠠᠵᠦ ᠤᠤᠭᠤᠪᠠᠯ ᠰᠠᠭᠤᠯᠭᠠᠬᠤ ᠶᠢ ᠵᠠᠰᠠᠨ᠎ᠠ᠃ | ● ᠰᠢᠨ᠎ᠡ ᠰᠤᠷᠭᠤᠭ ᠴᠤᠭᠤᠷ ᠨᠤᠭᠤᠭ᠎ᠠ 300 ᠭᠷᠠᠮ᠂ ᠵᠦᠭᠡᠢ ᠶᠢᠨ ᠪᠠᠯ ᠵᠤᠬᠢᠬᠤ ᠬᠡᠮᠵᠢᠶ᠎ᠡ | ᠬᠡᠷᠡᠭᠯᠡᠨ᠎ᠡ᠃ ᠡᠳᠡᠭᠡᠷ ᠴᠤᠭᠤᠷ ᠨᠤᠭᠤᠭ᠎ᠠ ᠶᠢ ᠤᠷᠢᠳᠠᠪᠡᠷ ᠴᠡᠪᠡᠷᠯᠡᠨ ᠤᠬᠢᠶᠠᠭᠰᠠᠨ ᠤ ᠲᠠᠷᠠᠭ᠎ᠠ ᠤᠳᠠᠭ᠎ᠠ ᠪᠦᠷᠢ | 150 ᠭᠷᠠᠮ ᠢ ᠵᠢᠵᠢᠭ ᠬᠡᠰᠡᠭ ᠪᠤᠯᠭᠠᠨ ᠬᠡᠷᠴᠢᠭᠡᠳ 2.5 ᠭᠷᠠᠮ ᠴᠠᠢ ᠲᠠᠢ ᠬᠠᠮᠳᠤ ᠴᠤᠮᠤ ᠳᠤ ᠬᠢᠵᠦ᠂ ᠪᠤᠴᠠᠯᠵᠦ ᠪᠠᠶᠢᠭ᠎ᠠ | ᠤᠰᠤ ᠪᠠᠷ ᠪᠦᠷᠢᠵᠦ 10 ᠮᠢᠨᠦ᠋ᠲ ᠬᠢᠷᠢᠲᠠᠢ ᠪᠤᠯᠪᠠᠯ ᠰᠢᠭᠠᠷᠤ ᠶᠢ ᠨᠢ ᠬᠡᠬᠡᠵᠦ᠂ ᠴᠠᠢ ᠲᠡᠭᠡᠷ᠎ᠡ ᠨᠢ ᠵᠦᠭᠡᠢ ᠶᠢᠨ ᠪᠠᠯ | ᠬᠤᠯᠢᠵᠦ ᠤᠤᠭᠤᠨᠡ᠃ ᠡᠨᠡ ᠨᠢ ᠭᠤᠤᠯᠳᠠᠭᠤ ᠯᠤᠭᠰᠢᠭᠤᠨ ᠰᠤᠳᠠᠯ ᠤᠨ ᠬᠠᠲᠠᠭᠤᠷᠠᠯ᠂ ᠡᠬᠢᠨ ᠤ ᠬᠤᠭᠤᠴᠠᠭᠠᠨ ᠤ | ᠴᠢᠰᠤᠨ ᠲᠠᠷᠤᠯᠲᠠ | ᠦᠨᠳᠦᠷ ᠡᠪᠡᠳᠴᠢᠨ᠂ ᠮᠡᠳᠡᠷᠡᠯ ᠤᠨ ᠲᠤᠷᠦ᠋ᠢᠲᠠᠯ ᠢ ᠵᠠᠰᠠᠵᠦ᠂ ᠬᠠᠯᠠᠭᠤᠨ ᠢ ᠬᠦᠭᠡᠭᠡᠵᠦ᠂ ᠰᠡᠳᠬᠢᠯ ᠢ | ᠲᠠᠶᠢᠪᠤᠰᠢᠷᠠᠭᠤᠯᠤᠨ᠂ ᠴᠢᠰᠤᠨ ᠤ ᠦᠭᠡᠬᠦ ᠶᠢ ᠪᠠᠭᠤᠷᠠᠭᠤᠯᠬᠤ ᠦᠢᠯᠡᠳᠦᠯ ᠲᠠᠢ᠃ | ● ᠴᠠᠭᠠᠨ ᠯᠤᠤᠪᠠᠨᠭ᠌ 100 ᠭᠷᠠᠮ᠂ ᠴᠠᠢ 5 ᠭᠷᠠᠮ᠂ ᠵᠦᠭᠡᠢ ᠶᠢᠨ ᠪᠠᠯ ᠵᠤᠬᠢᠬᠤ ᠬᠡᠮᠵᠢᠶ᠎ᠡ᠂ ᠡᠳᠡᠭᠡᠷ ᠴᠠᠭᠠᠨ | ᠯᠤᠤᠪᠠᠨᠭ᠌ ᠢ ᠤᠳᠠᠭ᠎ᠠ ᠪᠦᠷᠢ 50 ᠭᠷᠠᠮ ᠢᠶᠠᠷ ᠴᠡᠪᠡᠷᠯᠡᠨ ᠤᠬᠢᠶᠠᠵᠦ ᠵᠢᠵᠢᠭ ᠬᠡᠰᠡᠭᠯᠡᠨ ᠬᠡᠷᠴᠢᠭᠡᠳ ᠤᠰᠤᠨ ᠳᠤ | ᠰᠢᠯᠵᠠᠷᠠᠲᠠᠯ᠎ᠠ ᠴᠢᠨᠠᠭᠰᠠᠨ ᠤ ᠲᠠᠷᠠᠭ᠎ᠠ ᠪᠠᠯ ᠲᠠᠢ ᠵᠢᠭᠤᠷᠠᠨ᠎ᠠ᠃ ᠢᠡᠭᠬᠢᠭᠡᠳ ᠤᠳᠠᠭ᠎ᠠ ᠪᠦᠷᠢ 2.5 ᠭᠷᠠᠮ ᠴᠠᠢ ᠲᠠᠢ ᠬᠠᠮᠳᠤ | ᠪᠦᠷᠢᠵᠦ ᠤᠤᠭᠤᠪᠠᠯ ᠬᠠᠨᠢᠶᠠᠯᠭᠠᠵᠦ ᠴᠡᠷ ᠠᠷᠪᠢᠨ ᠭᠠᠷᠬᠤ᠂ ᠤᠳᠠᠭᠠᠨ ᠴᠢᠨᠠᠷᠲᠠᠢ ᠰᠠᠯᠪᠤᠷᠢ ᠮᠦᠭᠡᠷᠰᠦᠨ ᠬᠤᠭᠤᠯᠠᠢ ᠶᠢᠨ | ᠦᠷᠪᠢᠰᠦᠯ᠂ | ᠰᠢᠩᠭᠡᠭᠡᠯᠲᠡ ᠮᠠᠭᠤᠳᠠᠭᠰᠠᠨ ᠡᠪᠡᠳᠴᠢᠨ ᠪᠤᠯᠤᠨ ᠡᠯ᠎ᠡ ᠵᠦᠢᠯ ᠤᠨ ᠦᠮᠡᠨ ᠡᠪᠡᠳᠴᠢᠨ ᠢ ᠡᠮᠨᠡᠨ ᠵᠠᠰᠠᠬᠤ ᠳᠤ | ᠲᠤᠰᠠᠳᠠᠢ᠃ | ● ᠭᠠᠰᠢᠭᠤᠨ ᠬᠡᠮᠬᠡ ᠶᠢᠨ ᠡᠰᠢ 10 ᠭᠷᠠᠮ᠂ ᠨᠤᠭᠤᠭᠠᠨ ᠴᠠᠢ 5 ᠭᠷᠠᠮ᠂ ᠡᠳᠡᠭᠡᠷ ᠢ ᠬᠠᠮᠳᠤ | ᠳᠤᠨᠢ ᠪᠤᠴᠠᠯᠤᠭᠰᠠᠨ ᠤᠰᠤ ᠪᠠᠷ ᠪᠦᠷᠢᠵᠦ ᠬᠠᠭᠠᠰ ᠴᠠᠭ ᠬᠢᠷᠢᠲᠠᠢ ᠤᠳᠠᠪᠠᠯ ᠲᠠᠷᠤᠢ ᠤᠤᠭᠤᠵᠦ | ᠪᠤᠯᠤᠨ᠎ᠡ᠃ ᠡᠨᠡ ᠨᠢ ᠭᠤᠤᠯᠳᠠᠭᠤ ᠤᠯᠠᠭᠠᠠ ᠬᠤᠭᠤᠯᠠᠢ ᠶᠢᠨ ᠶᠢᠨ ᠦᠷᠪᠢᠰᠦᠯ᠂ ᠬᠦᠢᠯᠡᠰᠦᠯᠢᠭ ᠴᠤᠭᠴᠠ ᠶᠢᠨ | ᠦᠷᠪᠢᠰᠦᠯ ᠢ ᠲᠠᠷᠤᠵᠦ᠂ ᠤᠮᠳᠠᠭᠠᠰᠴᠦ ᠲᠤᠳᠤᠷ ᠪᠠᠴᠢᠮᠳᠠᠬᠤ᠂ ᠰᠢᠭᠡᠰᠦ ᠴᠢᠪᠳᠠᠬᠰᠢᠬᠤ ᠳᠤ ᠲᠤᠰᠠᠲᠠᠢ᠃ | ● ᠡᠷ᠎ᠠ ᠰᠠᠷᠢᠮᠰᠠᠭ 15~20 ᠭᠷᠠᠮ᠂ ᠨᠤᠭᠤᠭᠠᠨ ᠴᠠᠢ 2 ᠭᠷᠠᠮ᠂ ᠪᠤᠷᠠᠮ ᠵᠤᠬᠢᠬᠤ | ᠬᠡᠮᠵᠢᠶ᠎ᠡ ᠭᠡᠷᠡᠭᠰᠡᠨ᠎ᠠ᠂ ᠰᠠᠷᠢᠮᠰᠠᠭ ᠢ ᠤᠷᠢᠳᠠᠪᠡᠷ ᠬᠠᠯᠢᠰᠤᠯᠠᠵᠦ᠂ ᠨᠦᠳᠦᠵᠦ ᠨᠢᠴᠠᠯᠤᠭᠠᠳ ᠨᠤᠭᠤᠭᠠᠨ ᠴᠠᠢ᠂ | ᠪᠤᠷᠠᠮ ︵ᠪᠠᠭ᠎ᠠ ᠬᠢᠨ᠎ᠠ︶ ᠲᠠᠢ ᠬᠠᠮᠳᠤ ᠬᠢᠵᠦ᠂ ᠪᠤᠴᠠᠯᠤᠭᠰᠠᠨ ᠤᠰᠤ ᠪᠠᠷ ᠪᠦᠷᠢᠵᠦ ᠤᠤᠭᠤᠪᠠᠯ ᠬᠠᠯᠠᠭᠤᠨ ᠤ ᠬᠤᠤᠷ᠎ᠡ ᠶᠢ | ᠠᠷᠢᠯᠭᠠᠵᠦ᠂ ᠦᠮᠡᠨ ᠬᠠᠪᠤᠳᠠᠷ ᠢ ᠤᠷᠢᠳᠴᠢᠯᠠᠨ ᠰᠡᠷᠬᠡᠶᠢᠯᠡᠬᠦ ᠦᠢᠯᠡᠳᠦᠯ ᠲᠠᠢ᠃ |