ᠡᠳᠦᠷ ᠲᠤᠳᠤᠮ ᠤᠨ ᠠᠮᠢᠳᠤᠷᠠᠯ ᠲᠤᠮᠳᠠᠬᠢ ᠬᠢᠮᠢ ᠶᠢᠨ ᠪᠤᠬᠢᠷᠳᠤᠯ ᠢ ᠰᠡᠷᠭᠡᠶᠢᠯᠡᠭᠡᠷᠡᠢ
ᠨᠡᠶᠢᠲᠡᠯᠡᠭᠰᠡᠨ ᠴᠠᠭ᠄
2022/11/14
            ᠪᠢᠳᠡ ᠭᠡᠷ ᠲᠡᠭᠡᠨ ᠴᠤ ᠭᠡᠰᠡᠨ ᠬᠢᠮᠢ ᠶᠢᠨ ᠨᠡᠶᠢᠯᠡᠮᠡᠯ ᠪᠤᠳᠠᠰ ᠲᠠᠢ ᠲᠠᠭᠠᠷᠠᠯᠳᠤᠵᠤ ᠯᠠ ᠪᠠᠶᠢᠨ᠎ᠠ᠃ ᠵᠠᠷᠢᠮ ᠢ ᠨᠢ ᠬᠤᠤᠷ᠎ᠠ ᠲᠠᠢ ᠭᠡᠵᠦ ᠲᠤᠳᠤᠯᠠᠭᠰᠠᠨ᠂ ᠪᠤᠰᠤᠳ ᠨᠢ ᠴᠤ ᠬᠦᠮᠦᠨ ᠤ ᠪᠡᠶ᠎ᠡ ᠳᠤ ᠮᠠᠭᠤ ᠪᠠᠶᠢᠵᠤ ᠮᠡᠳᠡᠨ᠎ᠡ᠃ ᠭᠡᠪᠡᠴᠦ ᠪᠢᠳᠡ ᠬᠢᠮᠢ ᠶᠢᠨ ᠪᠤᠬᠢᠷᠳᠤᠯ ᠠᠴᠠ ᠵᠠᠶᠢᠯᠠᠰᠬᠢᠬᠦ ᠶᠢᠨ ᠲᠦᠯᠦᠭᠡ᠂ ᠭᠡᠷ ᠢᠶᠠᠨ ᠤᠷᠬᠢᠵᠤ ᠪᠤᠯᠬᠤ ᠦᠭᠡᠢ ᠪᠢᠵᠠ᠃ ᠬᠠᠷᠢᠨ       ᠪᠤᠬᠢᠷᠳᠤᠯ ᠢ ᠬᠠᠮᠤᠭ ᠤᠨ ᠪᠠᠭ᠎ᠠ ᠬᠡᠮᠵᠢᠶᠡᠨ ᠳᠤ ᠬᠦᠷᠳᠡᠯ᠎ᠡ ᠬᠢᠵᠠᠭᠠᠷᠯᠠᠬᠤ ᠯᠡ ᠴᠢᠬᠤᠯᠠ᠃       ᠤᠨᠳᠠᠯᠠᠭ᠎ᠠ ᠶᠢᠨ ᠦᠷᠦᠭᠡ ᠪᠠ ᠤᠭᠢᠶᠠᠯᠭ᠎ᠠ ᠶᠢᠨ ᠦᠷᠦᠭᠡ        ᠤᠯᠠᠨ ᠪᠷᠤᠮᠳᠤ ᠪᠧᠨ᠋ᠼᠧᠨ᠋ᠳᠤ ᠡᠲ᠋ᠢᠯ ᠡᠲ᠋ᠧᠷ᠄ ᠬᠦᠭᠡᠰᠦᠮᠡᠭ ᠰᠦᠯᠢᠶᠤᠤ ᠤᠯᠪᠤᠭ᠂ ᠲᠡᠷ᠎ᠡ᠂ ᠬᠢᠪᠢᠰ ᠵᠢᠴᠢ ᠨᠡᠮᠡᠯᠳᠡ ᠴᠢᠮᠡᠭ᠂ ᠰᠠᠨᠳᠠᠯᠢ ᠶᠢᠨ ᠲᠡᠪᠢᠰᠭᠡᠷ᠂ ᠦᠯᠢᠶᠡᠭᠦᠷ ᠮᠠᠰᠢᠨ᠂ ᠤᠳᠠᠰᠤ᠃       ᠬᠤᠷᠤᠬᠠᠢ ᠠᠯᠠᠬᠤ ᠡᠮ᠄ ᠠᠷᠢᠭᠤᠳᠬᠠᠬᠤ ᠡᠮ᠂ ᠡ᠊ᠩᠬᠦᠷᠡᠢ ᠠᠮᠢᠳᠠᠨ ᠤ ᠬᠤᠷᠤᠬᠠᠢ ᠲᠠᠭᠤᠬᠤ ᠡᠮ᠂ ᠭᠠᠳᠠᠨ᠎ᠠ ᠎ ᠠᠴᠠ ᠠᠪᠴᠢᠷᠠᠭᠰᠠᠨ ᠬᠤᠸᠠᠷ ᠴᠡᠴᠡᠭ᠃        ᠪᠧᠨ᠋ᠼᠧᠨ ᠵᠡᠷᠭᠡᠴᠡᠭᠰᠡᠨ ᠬᠦᠨᠳᠦ ᠲᠡᠮᠦᠷᠯᠢᠭ᠄ ᠲᠤᠭᠤᠯᠭ᠎ᠠ ᠠᠭᠤᠯᠠᠭᠰᠠᠨ ᠰᠢᠷ ᠪᠤᠳᠤᠭ᠃       ᠬᠤᠶᠠᠷ ᠮᠧᠲ᠋ᠢᠯᠳᠦ ᠬᠦᠴᠢᠯ ᠤᠨ ᠲᠠᠪᠤᠰᠤ᠄ ᠤᠭᠢᠶᠠᠯᠭ᠎ᠠ ᠶᠢᠨ ᠬᠦᠰᠢᠭᠡ᠂ ᠬᠢᠮᠤᠰᠤᠨ ᠲᠤᠰᠤ᠂ ᠭᠡᠵᠢᠭᠡ ᠤᠭᠢᠶᠠᠬᠤ ᠰᠢᠩᠭᠡᠨ᠂ ᠦᠨᠦᠷᠳᠦ ᠤᠰᠤ᠂ ᠰᠠᠪᠤᠩ᠂ ᠡᠮ᠂ ᠰᠦᠯᠢᠶᠤᠤ ᠲᠤᠭᠯᠠᠭᠠᠮ᠂ ᠦᠰᠦ       ᠭᠤᠶᠤᠯᠠᠬᠤ ᠵᠦᠢᠯ ᠤᠳ᠃             ᠵᠤᠴᠢᠯᠠᠬᠤ ᠦᠷᠦᠭᠡ       ᠤᠯᠠᠨ ᠪᠷᠤᠮᠳᠤ ᠪᠧᠨ᠋ᠼᠧᠨ᠋ᠳᠤ ᠡᠲ᠋ᠢᠯ ᠡᠲ᠋ᠧᠷ᠄ ᠱᠠᠹᠠ᠂ ᠰᠠᠨᠳᠠᠯᠢ ᠶᠢᠨ ᠲᠡᠪᠢᠰᠭᠡᠷ᠂ ᠴᠠᠬᠢᠯᠭᠠᠨ ᠬᠡᠷᠡᠭᠰᠡᠯ᠂ ᠲᠧᠯᠸᠢᠰ᠂ ᠺᠤᠮᠫᠢᠦ᠋ᠲ᠋ᠧᠷ᠂ ᠬᠢᠪᠢᠰ᠂ ᠡ᠊ᠩᠬᠦᠷᠡᠢ ᠠᠮᠢᠳᠠᠨ ᠤ ᠡᠳ᠋ᠯᠡᠯ᠃       ᠬᠤᠤᠰ ᠪᠧᠨᠤᠯ A᠄ ᠬᠡᠦᠬᠡᠳ ᠤᠨ ᠰᠦᠯᠢᠶᠤᠤ ᠤᠭᠵᠢ᠃        ᠪᠧᠨ᠋ᠼᠧᠨ ᠵᠡᠷᠭᠡᠴᠡᠭᠰᠡᠨ ᠬᠤᠶᠠᠷ ᠮᠧᠲ᠋ᠢᠯᠳᠦ ᠬᠦᠴᠢᠯ ᠎ ᠤᠨ ᠲᠠᠪᠤᠰᠤ᠄ ᠬᠠᠨ᠎ᠠ  ᠶᠢᠨ ᠴᠠᠭᠠᠰᠤ᠂ ᠴᠤᠩᠬᠤᠨ       ᠪᠦᠳᠡᠭᠡᠯᠭᠡ᠃       ᠬᠤᠷᠤᠬᠠᠢ ᠠᠯᠠᠬᠤ ᠡᠮ᠄ ᠭᠤᠳᠤᠯ ᠎ ᠢ ᠲᠠᠭᠠᠨ ᠤᠷᠤᠵᠤ ᠢᠷᠡᠬᠦ᠂ ᠰᠠᠯᠬᠢᠨ ᠳᠤ ᠴᠤᠩᠬᠤ ᠪᠠᠷ ᠤᠷᠤᠵᠤ       ᠢᠷᠡᠬᠦ ᠵᠡᠷᠭᠡ᠃        ᠠᠭᠤᠰᠤᠮᠠᠬᠠᠢ ᠲᠦᠷᠪᠡᠨ ᠹᠧᠯᠤᠷᠳᠤ ᠡᠲ᠋ᠧᠨ ᠤ ᠪᠦᠭᠡᠭᠡᠨᠡᠷᠡᠯ᠄ ᠭᠡᠷ ᠤᠨ ᠬᠡᠷᠡᠭᠰᠡᠯ ᠤᠨ ᠨᠡᠭᠡᠮᠡᠯ ᠡᠳ᠋᠂ ᠪᠢᠴᠢᠯ ᠲᠤᠯᠬᠢᠶᠠᠨ ᠤ ᠵᠤᠤᠬ᠎ᠠ ᠳᠤ ᠬᠡᠷᠡᠭᠯᠡᠳᠡᠭ ᠰᠠᠪᠠ ᠰᠠᠭᠠᠯᠢ ᠵᠡᠷᠭᠡ᠃                   ᠲᠤᠭᠤᠭᠠᠨ ᠭᠡᠷ ᠪᠠ ᠬᠤᠭᠤᠯᠠᠨ ᠰᠢᠷᠡᠭᠡ        ᠪᠧᠨ᠋ᠼᠧᠨ ᠵᠡᠷᠭᠡᠴᠡᠭᠰᠡᠨ ᠬᠤᠶᠠᠷ ᠮᠧᠲ᠋ᠢᠯᠳᠦ ᠬᠦᠴᠢᠯ ᠤᠨ ᠲᠠᠪᠤᠰᠤ᠄ ᠰᠦᠯᠢᠶᠤᠤ ᠰᠠᠪᠠ᠂ ᠪᠤᠭᠤᠳᠠᠯ ᠤᠭᠤᠳᠠ᠂ ᠬᠦᠰᠡᠷ ᠲᠤ ᠲᠡᠪᠢᠰᠦᠭᠰᠡᠨ ᠡᠯ᠎ᠡ ᠵᠦᠢᠯ ᠤᠨ ᠮᠠᠲ᠋ᠧᠷᠢᠶᠠᠯ᠃        ᠾᠯᠤᠷᠳᠤ ᠬᠤᠶᠠᠷ ᠪᠧᠨ᠋ᠼᠧᠨ ᠤ ᠪᠦᠭᠡᠭᠡᠨᠡᠷᠡᠯ᠄ ᠪᠤᠬᠢᠷᠳᠤᠭᠰᠠᠨ ᠵᠢᠭᠠᠰᠤ ᠪᠠ ᠠᠮᠢᠳᠠᠨ ᠵᠡᠷᠭᠡ᠃       ᠬᠦᠨᠳᠦ ᠲᠡᠮᠦᠷᠯᠢᠭ᠄ ᠪᠤᠬᠢᠷᠳᠤᠭᠰᠠᠨ ᠵᠢᠭᠠᠰᠤ ᠵᠡᠷᠭᠡ᠃        ᠬᠤᠤᠰ ᠹᠧᠨᠤᠯ A᠄ ᠰᠦᠯᠢᠶᠤᠤ ᠰᠠᠪᠠ᠂ ᠢᠳᠡᠭᠡᠨ ᠤ ᠭᠤᠸ᠋ᠨᠨᠲᠸᠤ ᠶᠢᠨ ᠲᠤᠳᠤᠷ᠎ᠠ ᠬᠠᠨ᠎ᠠ ᠵᠡᠷᠭᠡ᠃       ᠠᠭᠤᠰᠤᠮᠠᠬᠠᠢ ᠲᠦᠷᠪᠡᠨ ᠹᠧᠯᠤᠷᠳᠤ ᠡᠲ᠋ᠧᠨ ᠤ ᠪᠦᠭᠡᠭᠡᠨᠡᠷᠡᠯ᠄ ᠵᠢᠪᠡᠷᠡᠬᠦ ᠦᠭᠡᠢ ᠪᠤᠯᠤᠳ ᠲᠤᠭᠤᠭ᠎ᠠ ᠵᠡᠷᠭᠡ᠃        ᠤᠯᠠᠨ ᠪᠷᠤᠮᠳᠤ ᠪᠧᠨ᠋ᠼᠧᠨ᠋ᠳᠤ ᠡᠲ᠋ᠢᠯ ᠡᠲ᠋ᠧᠷ᠄ ᠺᠤᠹᠧ ᠶᠢᠨ ᠮᠠᠰᠢᠨ᠂ ᠬᠤᠳᠬᠤᠬᠤ ᠮᠠᠰᠢᠨ᠂ ᠪᠢᠴᠢᠯ ᠲᠤᠯᠭᠢᠶᠠᠨ ᠤ ᠵᠤᠤᠬ᠎ᠠ᠂ ᠰᠢᠷᠠᠬᠤ ᠵᠤᠤᠬ᠎ᠠ ᠵᠡᠷᠭᠡ᠃              ᠭᠡᠷ ᠤᠨ ᠡᠷᠭᠢᠨ ᠲᠤᠭᠤᠷᠢᠨ             ᠬᠦᠨᠳᠦ ᠲᠡᠮᠦᠷᠯᠢᠭ᠄ ᠦᠨᠳᠦᠷ ᠨᠢᠭᠳᠠᠴᠠᠳᠤ ᠮᠤᠳᠤᠨ ᠡᠳ᠋ᠯᠡᠯ ︵ᠠᠷᠰᠧᠨ᠂ ᠾᠷᠤᠮ︶᠂ ᠴᠠᠬᠢᠯᠭᠠᠨ       ᠦᠢᠯᠡᠳᠪᠦᠷᠢ ᠶᠢᠨ ᠤᠳᠤᠭ᠎ᠠ ᠲᠤᠭᠤᠰᠤ ︵ᠮᠦᠩᠭᠦᠨ ᠤᠰᠤ︶᠂ ᠰᠢᠷ ᠪᠤᠳᠤᠭ ︵ᠲᠤᠭᠤᠯᠭ᠎ᠠ︶᠂ ᠮᠠᠰᠢᠨ ᠲᠡᠷᠭᠡᠨ ᠤ ᠤᠳᠤᠭ᠎ᠠ ︵ᠲᠤᠭᠤᠯᠭ᠎ᠠ︶ ᠵᠡᠷᠭᠡ᠃       ᠬᠤᠷᠤᠬᠠᠢ ᠠᠯᠠᠬᠤ ᠡᠮ᠄ ᠵᠦᠯᠭᠡ᠂ ᠴᠡᠴᠡᠭ ᠤᠨ ᠲᠠᠳᠠᠭᠠᠯ ᠵᠡᠷᠭᠡ᠃        ᠪᠧᠨ᠋ᠼᠧᠨ ᠵᠡᠷᠭᠡᠴᠡᠭᠰᠡᠨ ᠬᠤᠶᠠᠷ ᠮᠧᠲ᠋ᠢᠯᠳᠦ ᠬᠦᠴᠢᠯ ᠤᠨ ᠲᠠᠪᠤᠰᠤ᠄ ᠤᠰᠤᠨ ᠰᠠᠪᠠ᠂ ᠲᠤᠭᠯᠠᠭᠠᠮ ᠤᠨ ᠵᠦᠢᠯ᠂ pvc ᠬᠠᠪᠳᠠᠰᠤ᠂ ᠲᠡᠭᠡᠰᠦ ᠲᠠᠳᠠᠯᠭ᠎ᠠ ᠵᠡᠷᠭᠡ᠃       ᠤᠯᠠᠨ ᠪᠷᠤᠮᠳᠤ ᠪᠧᠨ᠋ᠼᠧᠨ᠋ᠳᠤ ᠡᠲ᠋ᠢᠯ ᠡᠲ᠋ᠧᠷ᠄ ᠲᠧᠯᠸᠢᠰ᠂ ᠲᠠᠭᠤ ᠲᠤᠮᠤᠷᠠᠭᠤᠯᠤᠭᠴᠢ ᠵᠡᠷᠭᠡ᠃        ᠾᠯᠤᠷᠳᠤ ᠬᠤᠶᠠᠷ ᠪᠧᠨ᠋ᠼᠧᠨ ᠤ ᠪᠦᠭᠡᠭᠡᠨᠡᠷᠡᠯ᠄ ᠦᠭᠡᠬᠦ ᠲᠤᠰᠤ ᠵᠡᠷᠭᠡ᠃        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号