| | ⒈ | ᠶᠤᠰᠤᠳᠠᠢ ᠲᠤᠭ᠎ᠠ — — ᠬᠢᠵᠠᠭᠠᠷ ᠲᠠᠢ ᠲᠤᠭ᠎ᠠ ᠡᠰᠡᠬᠦᠯ᠎ᠡ ᠬᠢᠵᠠᠭᠠᠷ ᠦᠬᠡᠢ ᠪᠤᠯᠪᠠᠴᠤ | ᠦᠶᠡᠯᠡᠬᠦ ᠠᠷᠪᠠᠳᠤ ᠶᠢᠨ ᠪᠤᠳᠠᠷᠬᠠᠢ ᠶᠢ ᠴᠦᠮ ᠶᠤᠰᠤᠳᠠᠢ ᠲᠤᠭ᠎ᠠ ᠬᠡᠳᠡᠭ᠃ | ⒉ ᠶᠤᠰᠤᠳᠠᠢ ᠲᠤᠭ᠎ᠠ ᠶᠢ ᠲᠦᠷᠦᠯ ᠬᠤᠪᠢᠶᠠᠬᠤ᠄ ᠶᠤᠰᠤᠳᠠᠢ ᠲᠤᠭ᠎ᠠ ᠶᠢ ᠲᠦᠷᠦᠯ ᠬᠤᠪᠢᠶᠠᠬᠤ ᠳᠤ ᠪᠠᠨ | ᠡᠶᠡᠷᠬᠦ ᠰᠦᠬᠡᠷᠬᠦ ᠶᠢ ᠦᠨᠳᠦᠰᠦᠯᠡᠨ ᠡᠶᠡᠷᠬᠦ ᠶᠤᠰᠤᠳᠠᠢ ᠲᠤᠭ᠎ᠠ᠂ 0᠂ ᠰᠦᠬᠡᠷᠬᠦ ᠶᠤᠰᠤᠳᠠᠢ ᠲᠤᠭ᠎ᠠ ᠬᠡᠵᠤ ᠬᠤᠪᠢᠶᠠᠳᠠᠭ᠃ | ᠪᠦᠬᠦᠯᠢ ᠲᠤᠭ᠎ᠠ ᠤᠤ ᠪᠤᠳᠠᠷᠬᠠᠢ ᠲᠤᠭ᠎ᠠ ᠤᠤ ᠬᠡᠳᠡᠭ ᠢᠶᠠᠷ ᠨᠢ ᠪᠦᠬᠦᠯᠢ ᠲᠤᠭ᠎ᠠ ᠪᠠ ᠪᠤᠳᠠᠷᠬᠠᠢ ᠲᠤᠭ᠎ᠠ ᠬᠡᠵᠤ ᠬᠤᠶᠠᠷ | ᠲᠦᠷᠦᠯ ᠳᠤ ᠬᠤᠪᠢᠶᠠᠳᠠᠭ᠃ | ⒊ ᠡᠰᠡᠷᠬᠦ ᠲᠤᠭ᠎ᠠ — ᠨᠡᠶᠢᠯᠡᠪᠤᠷᠢ ᠨᠢ 0 ᠪᠤᠯᠬᠤ ᠬᠤᠶᠠᠷ ᠲᠤᠭ᠎ᠠ ᠶᠢ ᠬᠠᠷᠢᠯᠴᠠᠨ ᠡᠰᠡᠷᠬᠦ ᠲᠤᠭ᠎ᠠ ᠬᠡᠳᠡᠭ᠃ | ⒋ ᠬᠠᠷᠢᠴᠠᠯᠠᠰᠢᠬᠦᠢ ᠬᠡᠮᠵᠢᠭᠳᠡᠯ — ᠨᠢᠬᠡᠨ ᠲᠤᠭᠠᠨ ᠤ ᠲᠤᠭᠠᠨ ᠤ ᠲᠡᠩᠬᠡᠯᠢᠭ ᠲᠡᠬᠡᠷᠡᠬᠢ ᠴᠡᠭ ᠪᠤᠯᠤᠨ ᠡᠬᠢᠨ | ᠤ ᠴᠡᠭ ᠤᠨ ᠬᠤᠭᠤᠷᠤᠨᠳᠤᠬᠢ ᠵᠠᠢ ᠶᠢ ᠡᠨᠡ ᠲᠤᠭᠠᠨ ᠤ ᠬᠠᠷᠢᠴᠠᠯᠠᠰᠢᠬᠦᠢ ᠬᠡᠮᠵᠢᠭᠳᠡᠯ ᠬᠡᠳᠡᠭ᠃ | ① ᠨᠢᠬᠡᠨ ᠡᠶᠡᠷᠬᠦ ᠲᠤᠭᠠᠨ ᠤ ᠬᠠᠷᠢᠴᠠᠯᠠᠰᠢᠬᠦᠢ ᠬᠡᠮᠵᠢᠭᠳᠡᠯ ᠨᠢ ᠲᠡᠬᠦᠨ ᠤ ᠲᠤᠰ ᠪᠡᠶ᠎ᠡ ᠨᠢ ᠪᠤᠯᠤᠨ᠎ᠠ᠃ | ② 0 ᠤᠨ ᠬᠠᠷᠢᠴᠠᠯᠠᠰᠢᠬᠦᠢ ᠬᠡᠮᠵᠢᠭᠳᠡᠯ ᠨᠢ ᠮᠦᠨ0᠃ | ③ᠨᠢᠬᠡᠨ ᠰᠦᠬᠡᠷᠬᠦ ᠲᠤᠭᠠᠨ ᠤ ᠬᠠᠷᠢᠴᠠᠯᠠᠰᠢᠬᠦᠢ ᠬᠡᠮᠵᠢᠭᠳᠡᠯ ᠨᠢ ᠲᠡᠬᠦᠨ ᠤ ᠡᠰᠡᠷᠬᠦ ᠲᠤᠭ᠎ᠠ ᠪᠤᠯᠤᠨ᠎ᠠ᠃ | ⒌ | ᠲᠤᠩᠭᠤᠷᠤᠤ ᠲᠤᠭ᠎ᠠ — ᠦᠷᠡᠵᠢᠪᠤᠷᠢ ᠨᠢ 1 ᠪᠤᠯᠬᠤ ᠬᠤᠶᠠᠷ ᠲᠤᠭ᠎ᠠ ᠶᠢ ᠬᠠᠷᠢᠯᠴᠠᠨ ᠲᠤᠩᠭᠤᠷᠤᠤ ᠲᠤᠭ᠎ᠠ | ᠬᠡᠳᠡᠭ᠃ ᠠᠩᠬᠠᠷᠬᠤ ᠨᠢ 0 ᠲᠤ ᠲᠤᠩᠭᠤᠷᠤᠤ ᠲᠤᠭ᠎ᠠ ᠪᠠᠶᠢᠬᠤ ᠦᠬᠡᠢ᠃ | ⒍ ᠲᠤᠭᠠᠨ ᠤ ᠲᠡᠩᠬᠡᠯᠢᠭ — ᠡᠬᠢᠨ ᠤ ᠴᠡᠭ᠂ ᠡᠶᠡᠷᠬᠦ ᠴᠢᠭᠯᠡᠯ᠂ ᠤᠷᠳᠤ ᠶᠢᠨ ᠨᠢᠬᠡᠴᠢ ᠨᠢ ᠲᠤᠭᠳᠠᠭᠰᠠᠨ | ᠰᠢᠯᠤᠭᠤᠨ ᠢ ᠲᠤᠭᠠᠨ ᠤ ᠲᠡᠩᠬᠡᠯᠢᠭ ᠬᠡᠳᠡᠭ᠃ | ⒎ ᠶᠤᠰᠤᠳᠠᠢ ᠲᠤᠭᠠᠨ ᠤ ᠶᠡᠭᠡ ᠪᠠᠭ᠎ᠠ ᠶᠢᠨ ᠬᠤᠯᠪᠤᠭᠳᠠᠯ— — | ① ᠬᠤᠶᠠᠷ ᠡᠶᠡᠷᠬᠦ ᠲᠤᠭᠠᠨ ᠤ ᠬᠠᠷᠢᠴᠠᠯᠠᠰᠢᠬᠦᠢ ᠬᠡᠮᠵᠢᠭᠳᠡᠯ ᠤᠨ ᠶᠡᠭᠡ ᠨᠢ ᠶᠡᠭᠡ᠃ | ② ᠡᠶᠡᠷᠬᠦ ᠲᠤᠭ᠎ᠠ ᠴᠦᠮ 0 ᠠᠴᠠ ᠶᠡᠭᠡ᠃ | ③ ᠰᠦᠬᠡᠷᠬᠦ ᠲᠤᠭ᠎ᠠ ᠴᠦᠮ 0 ᠠᠴᠠ ᠪᠠᠭ᠎ᠠ᠃ | ④ ᠬᠤᠶᠠᠷ ᠰᠦᠬᠡᠷᠬᠦ ᠲᠤᠭᠠᠨ ᠤ ᠬᠠᠷᠢᠴᠠᠯᠠᠰᠢᠬᠦᠢ ᠬᠡᠮᠵᠢᠭᠳᠡᠯ ᠢᠶᠠᠷ ᠶᠡᠭᠡ ᠨᠢ ᠬᠠᠷᠢᠨ ᠪᠠᠭ᠎ᠠ᠃ | ⑤ ᠡᠶᠡᠷᠬᠦ ᠲᠤᠭ᠎ᠠ ᠴᠦᠮ ᠰᠦᠬᠡᠷᠬᠦ ᠲᠤᠭ᠎ᠠ ᠠᠴᠠ ᠶᠡᠭᠡ᠃ | ⒏ ᠪᠤᠳᠤᠯᠭ᠎ᠠ ᠶᠢᠨ ᠬᠠᠤᠯᠢ᠄ | ① ᠨᠡᠮᠡᠬᠦ ᠤᠶᠢᠯᠡᠳᠤᠯ ᠤᠨ ᠪᠠᠶᠢᠷᠢ ᠰᠤᠯᠢᠬᠤ ᠬᠠᠤᠯᠢ — ᠬᠤᠶᠠᠷ ᠨᠡᠮᠡᠭᠳᠡᠬᠦᠨ ᠤ ᠪᠠᠶᠢᠷᠢ ᠶᠢ ᠰᠤᠯᠢᠭᠰᠠᠨ ᠴᠤ | ᠨᠡᠶᠢᠯᠡᠪᠤᠷᠢ ᠨᠢ ᠬᠤᠪᠢᠷᠠᠬᠤ ᠦᠬᠡᠢ᠃ | ② ᠨᠡᠮᠡᠬᠦ ᠤᠶᠢᠯᠡᠳᠤᠯ ᠤᠨ ᠬᠡᠰᠡᠭᠯᠡᠨ ᠨᠢᠬᠡᠳᠬᠡᠬᠦ ᠬᠠᠤᠯᠢ᠄ ᠭᠤᠷᠪᠠᠨ ᠲᠤᠭ᠎ᠠ ᠶᠢ ᠬᠠᠷᠢᠯᠴᠠᠨ ᠨᠡᠮᠡᠬᠦ ᠳᠤ | ᠤᠷᠢᠳᠠᠪᠠᠷ ᠡᠮᠤᠨᠡᠬᠢ ᠬᠤᠶᠠᠷ ᠨᠡᠮᠡᠭᠳᠡᠬᠦᠨ ᠶᠢ ᠨᠡᠮᠡᠬᠦ ᠪᠤᠶᠤ ᠡᠰᠡᠬᠦᠯ᠎ᠡ ᠤᠷᠢᠳᠠᠪᠠᠷ ᠰᠡᠬᠦᠯ ᠤᠨ ᠬᠤᠶᠠᠷ ᠨᠡᠮᠡᠭᠳᠡᠬᠦᠨ ᠢ | ᠨᠡᠮᠡᠭᠰᠡᠨ ᠴᠤ ᠳ᠋ᠦᠩ ᠨᠢ ᠮᠦᠨ ᠬᠤᠪᠢᠷᠠᠬᠤ ᠦᠬᠡᠢ᠃ | ③ ᠦᠷᠡᠵᠢᠬᠦᠯᠬᠦ ᠤᠶᠢᠯᠡᠳᠤᠯ ᠤᠨ ᠪᠠᠶᠢᠷᠢ ᠰᠤᠯᠢᠬᠤ ᠬᠠᠤᠯᠢ᠄ ᠬᠤᠶᠠᠷ ᠦᠷᠡᠵᠢᠭᠳᠡᠬᠦᠨ ᠤ ᠪᠠᠶᠢᠷᠢ ᠶᠢ | ᠰᠤᠯᠢᠭᠰᠠᠨ ᠴᠤ ᠦᠷᠡᠵᠢᠪᠦᠷᠢ ᠨᠢ ᠬᠤᠪᠢᠷᠠᠬᠤ ᠦᠬᠡᠢ᠃ | ④ ᠦᠷᠡᠵᠢᠬᠦᠯᠬᠦ ᠤᠶᠢᠯᠡᠳᠤᠯ ᠤᠨ ᠬᠡᠰᠡᠭᠯᠡᠨ ᠨᠢᠬᠡᠳᠬᠡᠬᠦ ᠬᠠᠤᠯᠢ᠄ | ᠭᠤᠷᠪᠠᠨ ᠲᠤᠭ᠎ᠠ ᠶᠢ ᠬᠠᠷᠢᠯᠴᠠᠨ ᠦᠷᠡᠵᠢᠬᠦᠯᠬᠦ ᠳᠤ ᠤᠷᠢᠳᠠᠪᠠᠷ ᠡᠮᠤᠨᠡᠬᠢ ᠬᠤᠶᠠᠷ ᠦᠷᠡᠵᠢᠭᠳᠡᠬᠦᠨ ᠢ | ᠦᠷᠡᠵᠢᠬᠦᠯᠬᠦᠤ᠋ ᠪᠤᠶᠤ ᠡᠰᠡᠬᠦᠯ᠎ᠡ ᠤᠷᠢᠳᠠᠪᠠᠷ ᠰᠡᠬᠦᠯ ᠤᠨ ᠬᠤᠶᠠᠷ ᠦᠷᠡᠵᠢᠭᠳᠡᠬᠦᠨ ᠢ ᠦᠷᠡᠵᠢᠬᠦᠯᠦᠭᠰᠡᠨᠴᠤ ᠳ᠋ᠦᠩ ᠨᠢ | ᠮᠦᠨ ᠬᠤᠪᠢᠷᠠᠬᠤ ᠦᠬᠡᠢ᠃ | ⑤ ᠦᠷᠡᠵᠢᠬᠦᠯᠬᠦ ᠤᠶᠢᠯᠡᠳᠤᠯ ᠤᠨ ᠵᠢᠭᠰᠠᠭᠠᠨ ᠦᠷᠦᠬᠦ ᠬᠠᠤᠯᠢ᠄ ᠨᠢᠬᠡᠨ ᠲᠤᠭ᠎ᠠ ᠪᠠᠷ ᠨᠢᠬᠡᠨ ᠢᠯᠡᠷᠬᠡᠶᠢᠯᠡᠯ ᠢ | ᠦᠷᠡᠵᠢᠬᠦᠯᠬᠦ ᠳᠤ ᠡᠨᠡ ᠲᠤᠭ᠎ᠠ ᠪᠠᠷ ᠡᠨᠡᠬᠦ ᠢᠯᠡᠷᠬᠡᠶᠢᠯᠡᠯ ᠤᠨ ᠡᠯ᠎ᠡ ᠬᠡᠰᠢᠬᠦᠨ ᠢ ᠦᠷᠡᠵᠢᠬᠦᠯᠦᠬᠡᠳ ᠤᠯᠤᠭᠰᠠᠨ | ᠦᠷᠡᠵᠢᠪᠤᠷᠢ ᠶᠢ ᠬᠠᠷᠢᠯᠴᠠᠨ ᠨᠡᠮᠡᠭᠰᠡᠨ ᠲᠠᠢ ᠲᠡᠩᠴᠡᠨ᠎ᠡ᠃ | ⒐ ᠶᠤᠰᠤᠳᠠᠢ ᠲᠤᠭᠠᠨ ᠤ ᠪᠤᠳᠤᠯᠭ᠎ᠠ ᠶᠢᠨ ᠲᠦᠷᠢᠮ᠄ | ① ᠶᠤᠰᠤᠳᠠᠢ ᠲᠤᠭᠠᠨ ᠤ ᠨᠡᠮᠡᠬᠦ ᠤᠶᠢᠯᠡᠳᠤᠯ ᠤᠨ ᠲᠦᠷᠢᠮ᠄ ᠬᠤᠶᠠᠷ ᠲᠤᠭ᠎ᠠ ᠶᠢ ᠬᠠᠷᠢᠯᠴᠠᠨ ᠨᠡᠮᠡᠬᠦ ᠳᠤ | ᠢᠵᠢᠯ ᠲᠡᠮᠳᠡᠭ ᠲᠠᠢ ᠦᠶᠡᠰ ᠤᠤᠯ ᠲᠡᠮᠳᠡᠭ ᠶᠢ ᠨᠢ ᠲᠠᠯᠪᠢᠵᠤ ᠬᠠᠷᠢᠴᠠᠯᠠᠰᠢᠬᠦᠢ ᠬᠡᠮᠵᠢᠭᠳᠡᠯ ᠢ ᠨᠢ ᠬᠤᠭᠤᠷᠤᠨᠳᠤ ᠨᠢ | ᠨᠡᠮᠡᠨ᠎ᠡ᠃ ᠤᠨᠳᠤᠤ ᠲᠡᠮᠳᠡᠭ ᠲᠠᠢ ᠦᠶᠡᠰ ᠬᠠᠷᠢᠴᠠᠯᠠᠰᠢᠬᠦᠢ ᠬᠡᠮᠵᠢᠭᠳᠡᠯ ᠤᠨ ᠶᠡᠭᠡ ᠶᠢᠨ ᠬᠢᠨᠢ ᠲᠡᠮᠳᠡᠭ ᠢ ᠲᠠᠯᠪᠢᠭᠠᠳ | ᠶᠡᠭᠡ ᠬᠠᠷᠢᠴᠠᠯᠠᠰᠢᠬᠦᠢ ᠬᠡᠮᠵᠢᠭᠳᠡᠯ ᠠᠴᠠ ᠪᠠᠭ᠎ᠠ ᠬᠠᠷᠢᠴᠠᠯᠠᠰᠢᠬᠦᠢ ᠬᠡᠮᠵᠢᠭᠳᠡᠯ ᠢ ᠬᠠᠰᠤᠨ᠎ᠠ᠃ | 0 ᠲᠡᠬᠡᠷ᠎ᠡ ᠶᠠᠮᠠᠷ ᠲᠤᠭ᠎ᠠ ᠶᠢ ᠨᠡᠮᠡᠭᠰᠡᠨ ᠴᠤ ᠮᠦᠨ ᠤᠤᠯ ᠤᠨ ᠲᠤᠭ᠎ᠠ ᠪᠤᠯᠤᠨ᠎ᠠ᠃ | ② ᠶᠤᠰᠤᠳᠠᠢ ᠲᠤᠭᠠᠨ ᠤ ᠬᠠᠰᠤᠬᠤ ᠤᠶᠢᠯᠡᠳᠤᠯ ᠤᠨ ᠲᠦᠷᠢᠮ᠄ ᠨᠢᠬᠡᠨ ᠲᠤᠭ᠎ᠠ ᠶᠢ ᠬᠠᠰᠤᠬᠤ ᠨᠢ ᠲᠡᠬᠦᠨ ᠤ | ᠡᠰᠡᠷᠬᠦ ᠲᠤᠭ᠎ᠠ ᠶᠢ ᠨᠡᠮᠡᠭᠰᠡᠨ ᠲᠠᠢ ᠲᠡᠩᠴᠡᠨ᠎ᠡ᠃ | ③ ᠶᠤᠰᠤᠳᠠᠢ ᠲᠤᠭᠠᠨ ᠤ ᠦᠷᠡᠵᠢᠬᠦᠯᠬᠦ ᠤᠶᠢᠯᠡᠳᠤᠯ ᠤᠨ ᠲᠦᠷᠢᠮ᠄ ᠬᠤᠶᠠᠷ ᠲᠤᠭ᠎ᠠ ᠶᠢ ᠬᠠᠷᠢᠯᠴᠠᠨ | ᠦᠷᠡᠵᠢᠬᠦᠯᠬᠦ ᠳᠤ ᠢᠵᠢᠯ ᠲᠡᠮᠳᠡᠭ ᠪᠤᠯ ᠦᠷᠡᠵᠢᠪᠦᠷᠢ ᠨᠢ ᠡᠶᠡᠷᠬᠦ ᠪᠠᠶᠢᠵᠤ ᠬᠠᠷᠢᠴᠠᠯᠠᠰᠢᠬᠦᠢ ᠬᠡᠮᠵᠢᠭᠳᠡᠯ ᠢ ᠨᠢ ᠬᠠᠷᠢᠯᠴᠠᠨ | ᠦᠷᠡᠵᠢᠬᠦᠯᠦᠨᠡ᠃ ᠤᠨᠳᠤᠤ ᠲᠡᠮᠳᠡᠭ ᠲᠠᠢ ᠪᠤᠯ ᠦᠷᠡᠵᠢᠪᠦᠷᠢ ᠨᠢ ᠰᠦᠬᠡᠷᠬᠦ ᠪᠠᠶᠢᠵᠤ ᠬᠠᠷᠢᠴᠠᠯᠠᠰᠢᠬᠦᠢ ᠬᠡᠮᠵᠢᠭᠳᠡᠯ ᠢ ᠨᠢ | ᠬᠠᠷᠢᠯᠴᠠᠨ ᠦᠷᠡᠵᠢᠬᠦᠯᠦᠨᠡ᠃ 0 ᠢ ᠶᠠᠮᠠᠷᠪᠠ ᠲᠤᠭ᠎ᠠ ᠪᠠᠷ ᠦᠷᠡᠵᠢᠬᠦᠯᠦᠭᠰᠡᠨ ᠴᠤ ᠮᠦᠨ0 ᠪᠤᠯᠤᠨ᠎ᠠ᠃ | ④ ᠨᠢᠬᠡᠨ ᠲᠤᠭ᠎ᠠ ᠪᠠᠷ ᠬᠤᠪᠢᠶᠠᠬᠤ ᠨᠢ ᠬᠤᠪᠢᠶᠠᠭᠴᠢ ᠶᠢᠨ ᠲᠤᠩᠭᠤᠷᠤᠤ ᠲᠤᠭ᠎ᠠ ᠪᠠᠷ ᠦᠷᠡᠵᠢᠬᠦᠯᠦᠭᠰᠡᠨ ᠲᠠᠢ | ᠲᠡᠩᠴᠡᠨ᠎ᠡ᠃ | ⑤ ᠶᠤᠰᠤᠳᠠᠢ ᠲᠤᠭᠠᠨ ᠤ ᠵᠡᠷᠬᠡ ᠲᠡᠪᠰᠢᠬᠦᠯᠬᠦ ᠲᠦᠷᠢᠮ᠄ n ᠪᠤᠳᠠᠭᠠᠯᠢ ᠢᠵᠢᠯ ᠦᠷᠡᠵᠢᠭᠳᠡᠬᠦᠨ ᠤ | ᠦᠷᠡᠵᠢᠪᠦᠷᠢ ᠶᠢ ᠤᠯᠬᠤ ᠪᠤᠳᠤᠯᠭ᠎ᠠ ᠶᠢ ᠵᠡᠷᠬᠡ ᠲᠡᠪᠰᠢᠬᠦᠯᠬᠦ ᠬᠡᠨ᠎ᠡ᠃ | B ᠰᠦᠬᠡᠷᠬᠦ ᠲᠤᠭᠠᠨ ᠤ ᠰᠤᠨᠳᠤᠭᠤᠢ ᠵᠡᠷᠬᠡ ᠶᠢᠨ ᠵᠡᠷᠬᠡᠳᠤ ᠨᠢ ᠰᠦᠬᠡᠷᠬᠦ ᠲᠤᠭ᠎ᠠ᠃ ᠰᠦᠬᠡᠷᠬᠦ ᠲᠤᠭᠠᠨ ᠤ | ᠲᠡᠭᠰᠢ ᠵᠡᠷᠬᠡ ᠶᠢᠨ ᠵᠡᠷᠬᠡᠳᠤ ᠨᠢ ᠡᠶᠡᠷᠬᠦ ᠲᠤᠭ᠎ᠠ᠃ | b ᠡᠶᠡᠷᠬᠦ ᠲᠤᠭᠠᠨ ᠤ ᠶᠠᠮᠠᠷᠪᠠ ᠵᠡᠷᠬᠡ ᠶᠢᠨ ᠵᠡᠷᠬᠡᠳᠤ ᠨᠢ ᠴᠦᠮ ᠡᠶᠡᠷᠬᠦ ᠲᠤᠭ᠎ᠠ᠂ 0 ᠤᠨ ᠶᠠᠮᠠᠷᠪᠠ ᠵᠡᠷᠬᠡ | ᠶᠢᠨ ᠵᠡᠷᠬᠡᠳᠤ ᠨᠢ ᠴᠦᠮ0 ᠪᠤᠯᠤᠨ᠎ᠠ᠃ |