ᠬᠠᠷ᠎ᠠ ᠳᠠᠷᠤᠬᠤ ᠨᠢ 12 ᠵᠦᠢᠯ ᠤᠨ ᠡᠪᠡᠳᠴᠢᠨ ᠤ ᠢᠯᠡᠷᠡᠯ ᠢ ᠬᠠᠷᠠᠭᠤᠯᠵᠤ ᠪᠤᠢ
ᠨᠡᠶᠢᠲᠡᠯᠡᠭᠰᠡᠨ ᠴᠠᠭ᠄
2022/11/14
       ᠤᠯᠠᠩᠬᠢ ᠬᠦᠮᠦᠰ ᠬᠠᠷ᠎ᠠ ᠳᠠᠷᠤᠵᠤ ᠨᠦᠢᠷ ᠠᠴᠠ ᠪᠠᠨ ᠰᠡᠷᠢᠳᠡᠭ᠃ ᠬᠠᠷ᠎ᠠ ᠳᠠᠷᠤᠬᠤ ᠨᠢ ᠤᠴᠢᠷ ᠰᠢᠯᠳᠠᠭᠠᠨ ᠦᠬᠡᠢ ᠪᠠᠷ ᠡᠬᠦᠰᠴᠦ ᠪᠠᠶᠢᠭ᠎ᠠ ᠪᠢᠰᠢ᠂ ᠬᠠᠷᠢᠨ ᠪᠡᠶ᠎ᠠ ᠶᠢᠨ ᠠᠯᠢ ᠨᠢᠬᠡ ᠬᠡᠰᠡᠭ ᠲᠤᠨᠢ ᠡᠪᠡᠳᠴᠢᠨ ᠤ ᠢᠯᠡᠷᠡᠯ ᠲᠠᠢ ᠪᠤᠯᠵᠤ ᠪᠤᠢ ᠬᠡᠳᠡᠭ ᠢ ᠮᠡᠳᠡᠬᠦ ᠬᠡᠷᠡᠭᠳᠠᠢ᠃       ᠡᠮᠨᠡᠯᠬᠡ ᠶᠢᠨ ᠤᠬᠠᠭᠠᠨᠳᠠᠳ ᠤᠨ ᠤᠷᠳᠤ ᠬᠤᠭᠤᠴᠠᠭᠠᠨ ᠤ ᠰᠤᠳᠤᠯᠭᠠᠨ ᠢᠶᠠᠷ ᠢᠯᠡᠷᠡᠬᠦᠯᠦᠭᠰᠡᠨ ᠢᠶᠠᠷ᠂ ᠰᠡᠳᠬᠢᠴᠡ ᠎ ᠶᠢᠨ ᠡᠯᠧᠮᠧᠨ᠋ᠲ ᠤᠨ ᠰᠢᠯᠳᠠᠭᠠᠨ ᠠᠴᠠ ᠭᠠᠳᠠᠨ᠎ᠠ᠂ ᠦᠷᠬᠦᠯᠵᠢ ᠬᠠᠷ᠎ᠠ ᠳᠠᠷᠤᠬᠤ ᠨᠢ ᠦᠨᠡᠬᠡᠷ ᠡᠪᠡᠳᠴᠢᠨ ᠤ ᠢᠯᠡᠷᠡᠯ ᠢ ᠬᠠᠷᠠᠭᠤᠯᠬᠤ ᠦᠢᠯᠡᠳᠤᠯ ᠲᠠᠢ᠃ ᠠᠳᠠᠯᠢ ᠪᠤᠰᠤ ᠡᠪᠡᠳᠴᠢᠨ ᠨᠢ ᠠᠳᠠᠯᠢ ᠪᠤᠰᠤ ᠶᠢᠨ ᠵᠡᠬᠦᠳᠤ ᠯᠦᠭᠡ ᠬᠤᠯᠪᠤᠭ᠎ᠠ ᠲᠠᠢ᠂ ᠠᠳᠠᠯᠢ ᠨᠢᠬᠡ ᠡᠪᠡᠳᠴᠢᠨ ᠤ ᠵᠡᠬᠦᠳᠤ ᠨᠢ ᠠᠳᠠᠯᠢᠪᠳᠤᠷ ᠪᠠᠶᠢᠳᠠᠭ᠃       ᠳᠤᠤᠷᠠᠬᠢ ᠬᠠᠷᠢᠭᠤᠯᠳᠠ ᠠᠴᠠ ᠡᠪᠡᠳᠴᠢᠨ ᠤ ᠪᠠᠶᠢᠳᠠᠯ ᠢᠶᠠᠨ ᠮᠡᠳᠡᠵᠤ ᠠᠪᠤᠭᠠᠷᠠᠢ᠄       1᠂ ᠬᠦᠮᠦᠨ ᠪᠤᠶᠤ ᠬᠠᠴᠢᠨ ᠠᠮᠢᠳᠠᠨ ᠳᠤᠯᠤᠭᠠᠢ ᠶᠢ ᠴᠢᠨᠢ ᠳᠤᠭᠰᠢᠵᠤ᠂ ᠡᠰᠡᠬᠦᠯ᠎ᠠ ᠳᠠᠪᠤᠨ ᠡᠷᠬᠡᠳᠠᠨ ᠳᠤ ᠴᠢᠨᠢ ᠶᠠᠭᠤᠮ᠎ᠠ ᠴᠢᠳᠬᠤᠵᠤ ᠪᠠᠶᠢᠨ᠎ᠠ ᠬᠡᠵᠤ ᠵᠡᠬᠦᠳᠤᠯᠡᠬᠦ᠃       ᠰᠠᠨᠠᠭᠤᠯᠤᠮᠵᠢ᠄ ᠳᠠᠷᠢᠬᠢᠨ ᠳᠤ ᠴᠢᠨᠢ ᠬᠠᠪᠤᠳᠠᠷ ᠤᠷᠭᠤᠭᠰᠠᠨ ᠪᠠ ᠮᠡᠳᠡᠷᠡᠯ ᠤᠨ ᠰᠢᠰᠲ᠋ᠧᠮ ᠤᠨ ᠡᠪᠡᠳᠴᠢᠨ ᠤᠯᠤᠭᠰᠠᠨ       ᠪᠠᠶᠢᠵᠤ ᠮᠡᠳᠡᠨ᠎ᠠ᠃       2᠂ ᠰᠤᠨᠢᠨ ᠳᠠᠭᠤ ᠰᠤᠨᠤᠰᠤᠭᠰᠠᠨ ᠬᠡᠵᠤ ᠵᠡᠬᠦᠳᠦᠯᠡᠬᠦ᠃       ᠰᠠᠨᠠᠭᠤᠯᠤᠮᠵᠢ᠄ ᠰᠤᠨᠤᠷ ᠤᠨ ᠳᠦᠪ ᠲᠤ ᠵᠠᠷᠢᠮ ᠡᠪᠡᠳᠴᠢᠨ ᠤ ᠪᠠᠶᠢᠳᠠᠯ ᠢᠯᠡᠷᠡᠭᠰᠡᠨ ᠪᠤᠶᠤ ᠤᠢᠢᠷᠠᠯᠴᠠᠬᠢ ᠴᠢᠰᠤᠨ       ᠰᠤᠳᠠᠯ ᠬᠠᠳᠠᠭᠤᠷᠠᠪᠠ᠃       3᠂ ᠬᠤᠭᠤᠯᠠᠢ ᠬᠠᠭᠠᠭᠳᠠᠵᠤ᠂ ᠠᠮᠢᠰᠬᠤᠭ᠎ᠠ ᠪᠦᠭᠯᠡᠷᠡᠨ᠎ᠠ ᠬᠡᠵᠤ ᠵᠡᠬᠦᠳᠤᠯᠡᠬᠦ᠃       ᠰᠠᠨᠠᠭᠤᠯᠤᠮᠵᠢ᠄ ᠠᠮᠢᠰᠬᠤᠯ ᠤᠨ ᠰᠢᠰᠲ᠋ᠧᠮ ᠡᠪᠡᠳᠴᠢᠯᠡᠭᠰᠡᠨ ᠪᠠᠶᠢᠵᠤ ᠮᠡᠳᠡᠨ᠎ᠠ᠃       4᠂ ᠬᠦᠬᠡᠬᠡᠭᠳᠡᠵᠤ ᠠᠶᠤᠵᠤ ᠰᠤᠴᠢᠨ᠂ ᠳᠤᠤᠭᠠᠷᠴᠤ ᠭᠠᠷᠬᠤ ᠦᠬᠡᠢ ᠬᠦᠶᠦᠵᠤ ᠴᠦ ᠳᠠᠶᠢᠯᠬᠦ ᠦᠬᠡᠢ ᠬᠡᠵᠤ ᠵᠡᠬᠦᠳᠦᠯᠡᠵᠤ᠂ ᠰᠡᠷᠢᠭᠰᠡᠨ ᠳᠠᠷᠠᠭ᠎ᠠ ᠠᠶᠢᠳᠠᠰ ᠬᠦᠷᠴᠦ ᠬᠦᠯᠦᠷᠡᠬᠡᠳ ᠵᠢᠷᠦᠬᠡᠨ ᠴᠤᠬᠢᠯᠳᠠ ᠳᠦᠷᠬᠡᠳᠦᠨ᠎ᠠ᠃       ᠰᠠᠨᠠᠭᠤᠯᠤᠮᠵᠢ᠄ ᠵᠢᠷᠦᠬᠡᠨ ᠳᠠᠬᠢ ᠴᠢᠰᠤᠨ ᠤ ᠬᠠᠨᠭ᠍ᠭᠠᠯᠭ᠎ᠠ ᠬᠦᠢᠴᠡᠳ ᠦᠬᠡᠢ ᠶᠢᠨ ᠢᠯᠡᠷᠡᠯ᠃       5᠂ ᠵᠡᠬᠦᠳᠤᠨ ᠳᠡᠭᠡᠨ ᠠᠯᠬᠤᠵᠤ ᠬᠢᠰᠬᠢᠬᠦ ᠳᠤᠭᠳᠠᠪᠤᠷᠢ ᠦᠬᠡᠢ᠂ ᠪᠡᠶ᠎ᠠ ᠬᠠᠷ᠎ᠠ ᠭᠤᠰᠢᠪᠢᠯᠵᠠᠨ᠂ ᠪᠡᠶ᠎ᠠ ᠶᠢᠨ ᠬᠦᠨᠳᠤ ᠨᠡᠮᠡᠭᠳᠡᠬᠦ ᠮᠦᠷᠳᠡᠬᠡᠨ ᠠᠮᠢᠰᠬᠤᠭ᠎ᠠ ᠪᠦᠭᠯᠡᠷᠡᠵᠤ᠂ ᠬᠡᠨᠡᠳᠳᠠ ᠰᠤᠴᠢᠨ ᠰᠡᠷᠢᠨ᠎ᠠ᠃       ᠰᠠᠨᠠᠭᠤᠯᠤᠮᠵᠢ᠄ ᠵᠢᠷᠦᠬᠡ ᠪᠠᠵᠠᠯᠠᠨ ᠡᠪᠡᠳᠬᠦ ᠶᠢᠨ ᠢᠯᠡᠷᠡᠯ ᠮᠠᠭᠠᠳ᠃       6᠂ ᠦᠨᠳᠤᠷ ᠳᠡᠬᠡᠷ᠎ᠠ ᠠᠴᠠ ᠤᠨᠠᠵᠤ ᠬᠡᠵᠤ ᠵᠡᠬᠦᠳᠤᠯᠡᠨ᠂ ᠬᠡᠪᠡᠴᠦ ᠬᠦᠰᠦᠷ ᠳᠤᠯᠬᠤ ᠠᠴᠠ ᠡᠮᠦᠨ᠎ᠠ ᠰᠤᠴᠢᠨ ᠰᠡᠷᠢᠨ᠎ᠠ᠃       ᠰᠠᠨᠠᠭᠤᠯᠤᠮᠵᠢ᠄ ᠵᠢᠷᠦᠬᠡᠨ ᠡᠪᠠᠳᠴᠢᠨ ᠤ ᠢᠯᠡᠷᠡᠯ᠃       7᠂ ᠭᠠᠯ ᠳᠤ ᠰᠢᠳᠠᠭᠳᠠᠨ᠎ᠠ ᠬᠡᠵᠤ ᠵᠡᠬᠦᠳᠦᠯᠡᠬᠦ᠃       ᠰᠠᠨᠠᠭᠤᠯᠤᠮᠵᠢ᠄ ᠴᠢᠰᠤᠨ ᠳᠠᠷᠤᠯᠳᠠ ᠦᠨᠳᠤᠷ ᠡᠪᠡᠳᠴᠢᠨ ᠪᠠᠶᠢᠵᠤ ᠮᠠᠭᠠᠳ᠃       8᠂ ᠦᠶᠡᠷ᠂ ᠨᠤᠭᠤ ᠭᠠᠵᠠᠷ᠂ ᠤᠰᠤᠨ ᠳᠤ ᠵᠢᠪᠪᠤᠬᠦ ᠬᠡᠵᠤ ᠵᠡᠬᠦᠳᠦᠯᠡᠬᠦ᠃       ᠰᠠᠨᠠᠭᠤᠯᠤᠮᠵᠢ᠄ ᠡᠯᠢᠬᠡ ᠰᠦᠰᠦᠨ ᠤ ᠰᠢᠰᠲ᠋ᠧᠮ ᠪᠤᠶᠤ ᠪᠦᠬᠡᠷ᠎ᠠ ᠡᠪᠡᠳᠴᠢᠯᠡᠭᠰᠡᠨ ᠤ ᠳᠡᠮᠳᠡᠭ᠃             9᠂ ᠨᠢᠰᠴᠤ ᠪᠠᠶᠢᠬᠤ ᠪᠠᠷ ᠵᠡᠬᠦᠳᠦᠯᠡᠬᠦ᠃       ᠰᠠᠨᠠᠭᠤᠯᠤᠮᠵᠢ᠄ ᠡᠷᠬᠢᠯᠳᠠ ᠶᠢᠨ ᠰᠢᠰᠲ᠋ᠧᠮ ᠡᠪᠡᠳᠴᠢᠯᠡᠭᠰᠡᠨ ᠤ ᠳᠡᠮᠳᠡᠭ᠃        10᠂ ᠨᠢᠭᠤᠷ ᠵᠢᠰᠤ ᠨᠢ ᠠᠶᠤᠮᠠᠷ ᠬᠦᠮᠦᠨ ᠢ ᠵᠡᠬᠦᠳᠦᠯᠡᠬᠦ᠃       ᠰᠠᠨᠠᠭᠤᠯᠤᠮᠵᠢ᠄ ᠰᠢᠩᠬᠡᠬᠡᠯᠳᠠ ᠶᠢᠨ ᠰᠢᠰᠲ᠋ᠧᠮ ᠡᠪᠡᠳᠴᠢᠯᠡᠭᠰᠡᠨ ᠮᠠᠭᠠᠳ᠃       11᠂ ᠬᠦᠮᠦᠨ ᠳᠤ ᠴᠤᠬᠢᠭᠳᠠᠵᠤ ᠪᠠᠶᠢᠨ᠎ᠠ ᠬᠡᠵᠤ ᠵᠡᠬᠦᠳᠦᠯᠡᠬᠡᠳ ᠰᠡᠷᠢᠭᠰᠡᠨ ᠤ ᠳᠠᠷᠠᠭ᠎ᠠ ᠴᠤᠬᠢᠭᠳᠠᠭᠰᠠᠨ ᠬᠡᠰᠡᠭ ᠎ ᠨᠢ ᠡᠪᠡᠳᠬᠦ᠃ ᠰᠠᠨᠠᠭᠤᠯᠤᠮᠵᠢ᠄ ᠴᠤᠬᠢᠭᠳᠠᠭᠰᠠᠨ ᠬᠡᠰᠡᠭ ᠤᠨ ᠳᠤᠳᠤᠷ᠎ᠠ ᠡᠷᠬᠡᠳᠡᠨ ᠰᠢᠷᠬᠠᠭᠯᠠᠬᠤ ᠶᠢᠨ ᠢᠯᠡᠷᠡᠯ᠃       12᠂ ᠵᠡᠬᠦᠳᠦᠨ ᠳᠡᠭᠡᠨ ᠶᠠᠭᠤᠮ᠎ᠠ ᠢᠳᠡᠬᠡᠳ ᠬᠠᠴᠢᠨ ᠠᠮᠳᠠ ᠲᠠᠢ ᠰᠠᠨᠠᠭᠳᠠᠨ᠂ ᠰᠡᠷᠢᠭᠰᠡᠨ ᠤ ᠳᠠᠷᠠᠭ᠎ᠠ ᠴᠦ ᠰᠤᠨᠢᠨ ᠠᠮᠳᠠᠯᠠᠭᠳᠠᠬᠤ ᠪᠤᠶᠤ ᠶᠡᠭᠡ ᠦᠯᠦᠰᠴᠤ ᠨᠡᠯᠢᠶᠡᠳ ᠶᠠᠭᠤᠮ᠎ᠠ ᠢᠳᠡᠬᠡᠳ ᠰᠠᠷᠢᠭᠰᠡᠨ ᠤ ᠳᠠᠷᠠᠭ᠎ᠠ ᠴᠦ ᠬᠡᠳᠡᠰᠦ ᠬᠦᠬᠡᠬᠡᠵᠤ ᠡᠪ ᠦᠬᠡᠶᠢᠷᠡᠬᠦ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号