ᠨᠢᠬᠡ ᠦᠯᠦ ᠮᠡᠳᠡᠭᠳᠡᠭᠴᠢᠳᠠᠢ ᠨᠢᠬᠡᠳᠦᠬᠡᠷ ᠵᠡᠷᠬᠡ  ᠶᠢᠨ ᠲᠡᠭᠰᠢᠳᠬᠡᠯ
ᠨᠡᠶᠢᠲᠡᠯᠡᠭᠰᠡᠨ ᠴᠠᠭ᠄
2022/11/14
        ᠲᠤᠰ ᠪᠦᠯᠦᠭ  ᠤᠨ ᠠᠭᠤᠯᠭ᠎ᠠ ᠲᠠᠢ ᠬᠤᠯᠪᠤᠭᠳᠠᠬᠤ ᠤᠬᠠᠭᠳᠠᠬᠤᠨ ᠨᠤᠭᠤᠳ       ⒈ ᠲᠡᠩᠴᠡᠳᠬᠡᠯ — — ᠲᠡᠩᠴᠡᠬᠦᠦ ᠬᠤᠯᠪᠤᠳᠠᠯ  ᠢ ᠢᠯᠡᠷᠬᠡᠶᠢᠯᠡᠭᠰᠡᠨ ᠢᠯᠡᠷᠬᠡᠶᠢᠯᠡᠯ  ᠢ ᠲᠡᠩᠴᠡᠳᠬᠡᠯ ᠬᠡᠨ᠎ᠡ᠃       ⒉ ᠲᠡᠩᠴᠡᠳᠬᠡᠯ  ᠤᠨ ᠰᠢᠨᠵᠢ ᠴᠢᠨᠠᠷ 1 — — ᠲᠡᠩᠴᠡᠳᠬᠡᠯ  ᠤᠨ ᠬᠤᠶᠠᠷ ᠲᠠᠯ᠎ᠠ ᠲᠡᠬᠡᠷ᠎ᠡ ᠢᠵᠢᠯ ᠨᠢᠬᠡᠨ ᠲᠤᠭ᠎ᠠ ᠪᠤᠶᠤ ᠢᠯᠡᠷᠬᠡᠶᠢᠯᠡᠯ  ᠢ ᠨᠡᠮᠡᠬᠦ ︵       ᠬᠠᠰᠤᠬᠤ︶᠎ ᠳᠤ ᠤᠯᠤᠭᠰᠠᠨ ᠢᠯᠡᠷᠬᠡᠶᠢᠯᠡᠯ ᠨᠢ ᠮᠦᠨ ᠲᠡᠩᠴᠡᠳᠬᠡᠯ ᠪᠤᠯᠤᠨ᠎ᠠ᠃       ⒊ ᠲᠡᠩᠴᠡᠳᠬᠡᠯ  ᠤᠨ ᠰᠢᠨᠵᠢ ᠴᠢᠨᠠᠷ 2 — — ᠲᠡᠩᠴᠡᠳᠬᠡᠯ  ᠤᠨ ᠬᠤᠶᠠᠷ ᠲᠠᠯ᠎ᠠ  ᠶᠢ ᠢᠵᠢᠯ ᠨᠢᠬᠡᠨ ᠲᠤᠭ᠎ᠠ ᠪᠤᠶᠤ ᠢᠯᠡᠷᠬᠡᠶᠢᠯᠡᠯ ︵       ᠲᠡᠭ ᠪᠢᠰᠢ︶᠎ ᠢᠶᠠᠷ ᠦᠷᠡᠵᠢᠬᠦᠯᠬᠦᠤ᠋ ︵       ᠬᠤᠪᠢᠶᠠᠬᠤ︶᠎ ᠳᠤ ᠤᠯᠤᠭᠰᠠᠨ ᠢᠯᠡᠷᠬᠡᠶᠢᠯᠡᠯ ᠨᠢ ᠮᠦᠨ ᠲᠡᠩᠴᠡᠳᠬᠡᠯ ᠪᠤᠯᠤᠨ᠎ᠠ᠃       ⒋ᠲᠡᠭᠰᠢᠳᠬᠡᠯ — — ᠦᠯᠦ ᠮᠡᠳᠡᠬᠦ ᠲᠤᠭ᠎ᠠ ᠠᠭᠤᠯᠤᠭᠰᠠᠨ ᠲᠡᠩᠴᠡᠳᠬᠡᠯ  ᠢ ᠲᠡᠭᠰᠢᠳᠬᠡᠯ ᠬᠡᠨ᠎ᠡ᠃       ⒌ ᠲᠡᠭᠰᠢᠳᠬᠡᠯ  ᠤᠨ ᠬᠠᠷᠢᠭᠤ — — ᠲᠡᠭᠰᠢᠳᠬᠡᠯ  ᠤᠨ ᠵᠡᠬᠦᠨ ᠪᠠᠷᠠᠭᠤᠨ ᠬᠤᠶᠠᠷ ᠲᠠᠯ᠎ᠠ  ᠶᠢ ᠲᠡᠩᠴᠡᠬᠦᠦ ᠪᠤᠯᠭᠠᠵᠤ ᠴᠢᠳᠠᠬᠤ ᠦᠯᠦ ᠮᠡᠳᠡᠬᠦ ᠲᠤᠭᠠᠨ  ᠤ ᠬᠡᠮᠵᠢᠭᠳᠡᠯ  ᠢ ᠲᠡᠭᠰᠢᠳᠬᠡᠯ  ᠤᠨ ᠬᠠᠷᠢᠭᠤ ᠬᠡᠳᠡᠭ᠃ ︵ᠵᠠᠷᠢᠮ ᠳᠠᠭᠠᠨ ᠲᠡᠭᠰᠢᠳᠬᠡᠯ  ᠤᠨ ᠢᠵᠠᠭᠤᠷ ᠬᠡᠳᠡᠭ︶       ⒍ᠲᠡᠭᠰᠢᠳᠬᠡᠯ  ᠢ ᠪᠤᠳᠤᠬᠤ — — ᠲᠡᠭᠰᠢᠳᠬᠡᠯ  ᠤᠨ ᠬᠠᠷᠢᠭᠤ  ᠶᠢ ᠤᠯᠬᠤ ᠶᠠᠪᠤᠴᠠ  ᠶᠢ ᠲᠡᠭᠰᠢᠳᠬᠡᠯ  ᠢ ᠪᠤᠳᠤᠬᠤ ᠬᠡᠳᠡᠭ᠃       ⒎ᠨᠢᠬᠡ ᠦᠯᠦ ᠮᠡᠳᠡᠭᠳᠡᠭᠴᠢᠳᠠᠢ ᠨᠢᠬᠡᠳᠦᠬᠡᠷ ᠵᠡᠷᠬᠡ  ᠶᠢᠨ ᠲᠡᠭᠰᠢᠳᠬᠡᠯ — — ᠨᠢᠬᠡ ᠵᠤᠶᠢᠯ  ᠤᠨ ᠦᠯᠦ ᠮᠡᠳᠡᠬᠦ ᠲᠤᠭ᠎ᠠ  ᠶᠢ ᠠᠭᠤᠯᠠᠬᠤ ᠪᠦᠬᠡᠳ ᠦᠯᠦ ᠮᠡᠳᠡᠬᠦ ᠲᠤᠭᠠᠨ  ᠤ ᠵᠡᠷᠬᠡ ᠨᠢ 1 ᠪᠠᠶᠢᠬᠤ ᠲᠡᠭᠰᠢᠳᠬᠡᠯ  ᠢ ᠨᠢᠬᠡ ᠦᠯᠦ ᠮᠡᠳᠡᠭᠳᠡᠭᠴᠢᠳᠠᠢ ᠨᠢᠬᠡᠳᠦᠬᠡᠷ ᠵᠡᠷᠬᠡ  ᠶᠢᠨ ᠲᠡᠭᠰᠢᠳᠬᠡᠯ ᠬᠡᠨ᠎ᠡ᠃       ⒏ᠨᠢᠬᠡ ᠦᠯᠦ ᠮᠡᠳᠡᠭᠳᠡᠭᠴᠢᠳᠠᠢ ᠨᠢᠬᠡᠳᠦᠬᠡᠷ ᠵᠡᠷᠬᠡ  ᠶᠢᠨ ᠲᠡᠭᠰᠢᠳᠬᠡᠯ  ᠢ ᠪᠤᠳᠤᠬᠤ ᠠᠯᠬᠤᠮ ᠲᠠᠷᠠᠭ᠎ᠠ᠄       ① ᠬᠤᠪᠢᠶᠠᠷᠢ ᠪᠠᠶᠢᠪᠠᠯ ᠬᠤᠪᠢᠶᠠᠷᠢ ᠠᠴᠠ ᠲᠠᠶᠢᠯᠤᠨ᠎ᠠ᠃       ② ᠬᠠᠭᠠᠯᠳᠠ ᠪᠠᠶᠢᠪᠠᠯ ᠬᠠᠭᠠᠯᠳᠠ ᠠᠴᠠ ᠲᠠᠶᠢᠯᠤᠨ᠎ᠠ᠃       ③ ᠬᠡᠰᠢᠬᠦᠨ  ᠢ ᠰᠢᠯᠵᠢᠬᠦᠯᠦᠨ᠎ᠡ᠃       ④ ᠢᠵᠢᠯ ᠲᠦᠷᠦᠯ  ᠤᠨ ᠬᠡᠰᠢᠬᠦᠨ  ᠢ ᠡᠮᠬᠢᠳᠬᠡᠨ᠎ᠡ᠃       ⑤ ᠦᠯᠦ ᠮᠡᠳᠡᠬᠦ ᠲᠤᠭᠠᠨ  ᠤ ᠢᠯᠡᠳᠬᠡᠮᠵᠢ  ᠶᠢ 1 ᠪᠤᠯᠭᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号