| | ⒈ | ᠠᠯᠭ᠍ᠪᠷᠠ ᠶᠢᠨ ᠢᠯᠡᠷᠬᠡᠶᠢᠯᠡᠯ — — ᠲᠤᠭ᠎ᠠ ᠪᠤᠶᠤ ᠲᠤᠭ᠎ᠠ ᠶᠢ ᠢᠯᠡᠷᠬᠡᠶᠢᠯᠡᠭᠰᠡᠨ ᠦᠰᠦᠭ ᠤᠳ ᠢ ᠤᠶᠢᠯᠡᠳᠤᠯ | ᠤᠨ ᠲᠡᠮᠳᠡᠭ ᠢᠶᠠᠷ ᠬᠤᠯᠪᠤᠵᠤ ᠤᠯᠤᠭᠰᠠᠨ ᠢᠯᠡᠷᠬᠡᠶᠢᠯᠡᠯ ᠢᠠᠯᠭ᠍ᠪᠷᠠ ᠶᠢᠨ ᠢᠯᠡᠷᠬᠡᠶᠢᠯᠡᠯ ᠬᠡᠳᠡᠭ᠃ ᠠᠩᠬᠠᠷᠬᠤ ᠨᠢ ᠲᠠᠩ | ᠭᠠᠭᠴᠠ ᠲᠤᠭ᠎ᠠ ᠪᠤᠶᠤ ᠲᠠᠩ ᠭᠠᠭᠴᠠ ᠦᠰᠦᠭ ︵ᠦᠰᠦᠭ ᠨᠢ ᠲᠤᠭ᠎ᠠ ᠶᠢ ᠢᠯᠡᠷᠬᠡᠶᠢᠯᠡᠭᠰᠡᠨ | ︶ ᠨᠢ ᠴᠦᠮᠠᠯᠭ᠍ᠪᠷᠠ ᠶᠢᠨ ᠢᠯᠡᠷᠬᠡᠶᠢᠯᠡᠯ ᠮᠦᠨ᠃ | ⒉ ᠨᠢᠬᠡᠨᠬᠡᠰᠢᠬᠦᠨᠳᠤ — ᠲᠤᠭ᠎ᠠ ᠪᠤᠶᠤ ᠦᠰᠦᠭ ᠤᠨ ᠦᠷᠡᠵᠢᠪᠤᠷᠢ ᠶᠢᠨ ᠬᠡᠯᠪᠡᠷᠢ ᠲᠠᠢ ᠠᠯᠭ᠍ᠪᠷᠠ ᠶᠢᠨ | ᠢᠯᠡᠷᠬᠡᠶᠢᠯᠡᠯ ᠢ ᠨᠢᠬᠡᠨᠬᠡᠰᠢᠬᠦᠨᠳᠤ ᠬᠡᠨ᠎ᠡ᠃ | ⒊ ᠨᠢᠬᠡᠨᠬᠡᠰᠢᠬᠦᠨᠳᠤ ᠶᠢᠨ ᠵᠡᠷᠬᠡ ᠶᠢᠨ ᠲᠤᠭ᠎ᠠ — ᠨᠢᠬᠡᠨᠬᠡᠰᠢᠬᠦᠨᠳᠤ ᠳᠠᠬᠢ ᠡᠯ᠎ᠡ ᠦᠰᠦᠭ ᠦᠷᠡᠵᠢᠭᠳᠡᠬᠦᠨ ᠤ | ᠵᠡᠷᠬᠡ ᠢᠯᠡᠳᠬᠡᠭᠴᠢ ᠶᠢᠨ ᠨᠡᠶᠢᠯᠡᠪᠤᠷᠢ ᠶᠢ ᠡᠨᠡ ᠨᠢᠬᠡᠨᠬᠡᠰᠢᠬᠦᠨᠳᠤ ᠶᠢᠨ ᠵᠡᠷᠬᠡ ᠶᠢᠨ ᠲᠤᠭ᠎ᠠ ᠬᠡᠳᠡᠭ᠃ | ⒋ᠨᠢᠬᠡᠨᠬᠡᠰᠢᠬᠦᠨᠳᠤ ᠶᠢᠨ ᠢᠯᠡᠳᠬᠡᠮᠵᠢ — ᠨᠢᠬᠡᠨᠬᠡᠰᠢᠬᠦᠨᠳᠤ ᠳᠠᠬᠢ ᠼᠡᠹᠡᠷ ︵ᠲᠤᠭ᠎ᠠ ᠦᠷᠡᠵᠢᠭᠳᠡᠬᠦᠨ︶ | ᠦᠷᠡᠵᠢᠭᠳᠡᠬᠦᠨ ᠢᠨᠢᠬᠡᠨᠬᠡᠰᠢᠬᠦᠨᠳᠤ ᠶᠢᠨ ᠢᠯᠡᠳᠬᠡᠮᠵᠢ ᠬᠡᠳᠡᠭ᠃ | ⒌ ᠤᠯᠠᠨᠬᠡᠰᠢᠬᠦᠨᠳᠤ — ᠬᠡᠳᠤᠨ ᠨᠢᠬᠡᠨᠬᠡᠰᠢᠬᠦᠨᠳᠤ ᠶᠢᠨ ᠨᠡᠶᠢᠯᠡᠪᠤᠷᠢ ᠶᠢ ᠤᠯᠠᠨᠬᠡᠰᠢᠬᠦᠨᠳᠤ ᠬᠡᠨ᠎ᠡ᠃ | ⒍ ᠰᠤᠯᠠ ᠬᠡᠰᠢᠬᠦᠨ — ᠤᠯᠠᠨᠬᠡᠰᠢᠬᠦᠨᠳᠤ ᠳᠠᠬᠢ ᠦᠰᠦᠭ ᠠᠭᠤᠯᠠᠬᠤ ᠦᠬᠡᠢ ᠬᠡᠰᠢᠬᠦᠨ ᠢ ᠵᠢᠭᠠᠨ᠎ᠠ᠃ | ⒎ᠪᠦᠬᠦᠯᠢ ᠢᠯᠡᠷᠬᠡᠶᠢᠯᠡᠯ — — ᠨᠢᠬᠡᠨᠬᠡᠰᠢᠬᠦᠨᠳᠤ ᠪᠠ ᠤᠯᠠᠨᠬᠡᠰᠢᠬᠦᠨᠳᠤ ᠶᠢ ᠬᠠᠮᠳᠤᠷᠠᠭᠤᠯᠤᠭᠠᠳ ᠪᠦᠬᠦᠯᠢ | ᠢᠯᠡᠷᠬᠡᠶᠢᠯᠡᠯ ᠬᠡᠳᠡᠭ᠃ ᠠᠩᠬᠠᠷᠬᠤ ᠨᠢ ᠬᠤᠪᠢᠶᠠᠷᠢ ᠳᠤ ᠨᠢ ᠦᠰᠦᠭ ᠠᠭᠤᠯᠤᠭᠰᠠᠨ ᠢᠯᠡᠷᠬᠡᠶᠢᠯᠡᠯ ᠨᠢ ᠪᠦᠬᠦᠯᠢ | ᠢᠯᠡᠷᠬᠡᠶᠢᠯᠡᠯ ᠪᠢᠰᠢ᠃ | ⒏ ᠢᠵᠢᠯ ᠲᠦᠷᠦᠯ ᠤᠨ ᠬᠡᠰᠢᠬᠦᠨ — — ᠠᠭᠤᠯᠠᠬᠤ ᠦᠰᠦᠭ ᠨᠢ ᠠᠳᠠᠯᠢ ᠪᠦᠬᠡᠳ ᠠᠳᠠᠯᠢ ᠦᠰᠦᠭ ᠤᠨ | ᠵᠡᠷᠬᠡ ᠶᠢᠨ ᠲᠤᠭ᠎ᠠ ᠨᠢ ᠲᠡᠩᠴᠡᠬᠦᠦ ᠪᠠᠶᠢᠭ᠎ᠠ ᠬᠡᠰᠢᠬᠦᠳ ᠢ ᠢᠵᠢᠯ ᠲᠦᠷᠦᠯ ᠤᠨ ᠬᠡᠰᠢᠬᠦᠨ ᠬᠡᠳᠡᠭ᠃ | ⒏ᠢᠵᠢᠯ ᠲᠦᠷᠦᠯ ᠤᠨ ᠬᠡᠰᠢᠬᠦᠨ ᠢ ᠡᠮᠬᠢᠳᠬᠡᠬᠦ — ᠪᠦᠬᠦᠯᠢ ᠢᠯᠡᠷᠬᠡᠶᠢᠯᠡᠯ ᠤᠨ ᠨᠡᠮᠡᠬᠦ ᠬᠠᠰᠤᠬᠤ ᠪᠤᠳᠤᠯᠭ᠎ᠠ | ᠨᠢ ᠦᠨᠡᠨ ᠳᠡᠭᠡᠨ | ᠢᠵᠢᠯ ᠲᠦᠷᠦᠯ ᠤᠨ ᠬᠡᠰᠢᠬᠦᠨ ᠢ ᠡᠮᠬᠢᠳᠬᠡᠬᠦ | ᠶᠠᠪᠤᠳᠠᠯ ᠪᠤᠯᠤᠨ᠎ᠠ᠃ ᠪᠤᠳᠠᠳᠠᠢ ᠠᠷᠭ᠎ᠠ ᠨᠢ ᠬᠡᠳᠤᠨ ᠢᠵᠢᠯ ᠲᠦᠷᠦᠯ ᠤᠨ ᠬᠡᠰᠢᠬᠦᠨ ᠢ ᠬᠠᠷᠢᠯᠴᠠᠨ ᠨᠡᠮᠡᠬᠦ | ᠪᠤᠶᠤ ᠬᠠᠰᠤᠬᠤ ᠳᠤ ᠵᠦᠪᠬᠡᠨ ᠢᠯᠡᠳᠬᠡᠮᠵᠢ ᠶᠢ ᠬᠤᠭᠤᠷᠤᠨᠳᠤ ᠨᠢ ᠨᠡᠮᠡᠬᠦ ᠪᠤᠶᠤ ᠬᠠᠰᠤᠨ᠎ᠠ᠃ ᠤᠤᠯ ᠦᠰᠦᠭ ᠪᠠ ᠲᠡᠬᠦᠨ | ᠤ ᠵᠡᠷᠬᠡ ᠶᠢᠨ ᠲᠤᠭ᠎ᠠ ᠶᠢ ᠨᠢ ᠬᠤᠪᠢᠷᠠᠭᠤᠯᠬᠤ ᠦᠬᠡᠢ᠃ |