| ᠬᠠᠯᠳᠠᠷ ᠨᠠᠭᠤᠷ ᠨᠢ ᠳᠡᠭᠷᠢ ᠡᠯᠡᠰᠣᠨ ᠤ ᠦᠷᠦᠴᠡᠨ ᠳᠤ ᠪᠠᠶᠢᠷᠢᠰᠢᠵᠤ᠂ ᠪᠠᠶᠠᠨᠬᠤᠳᠠ ᠠᠴᠠ 84 ᠺᠢᠯᠤᠮᠧᠲᠷ | ᠵᠠᠶᠢᠳᠠᠢ᠂ ᠳᠣᠮᠳᠠᠳᠣ ᠣᠯᠣᠰ ᠤᠨ ᠨᠢᠭᠡᠳᠦᠭᠡᠷ ︽ᠠᠮᠢ ᠠᠬᠤᠢ ᠶᠢᠨ ᠠᠶᠠᠯᠠᠯ ᠵᠢᠭᠤᠯᠴᠢᠯᠠᠯ ᠪᠠ ᠣᠷᠴᠢᠨ | ᠳᠣᠭᠤᠷᠢᠨ ᠤ ᠰᠣᠷᠭᠠᠨ ᠬᠦᠮᠦᠵᠢᠯ︾ ᠢᠶᠠᠷ ᠰᠡᠳᠦᠪᠯᠡᠭᠰᠡᠨ ᠡᠯᠡᠰᠣ ᠮᠠᠩᠬᠠᠨ ᠤ ᠪᠠᠷᠳᠠᠭ᠎ᠠ ᠰᠢᠨᠵᠢᠯᠡᠭᠡ ᠶᠢᠨ ᠣᠷᠣᠨ | ᠪᠣᠯᠵᠡᠢ᠃ 2005 ᠣᠨ ᠳᠤ ᠣᠯᠣᠰ ᠤᠨ 4A ᠳᠡᠰ ᠤᠨ ᠠᠶᠠᠯᠠᠯ ᠵᠢᠭᠤᠯᠴᠢᠯᠠᠯ ᠤᠨ ᠦᠵᠡᠮᠵᠢ ᠶᠢᠨ ᠣᠷᠣᠨ | ᠪᠣᠯᠪᠡ᠃ ᠬᠠᠯᠳᠠᠷ ᠨᠠᠭᠤᠷ ᠨᠢ ᠬᠠᠴᠢᠨ ᠭᠠᠶᠢᠬᠠᠯᠳᠠᠢ ᠨᠠᠭᠤᠷ ᠪᠠᠶᠢᠵᠤ᠂ ᠳᠦᠷᠪᠡᠨ ᠳᠠᠯ᠎ᠠ ᠪᠠᠷ ᠨᠢ ᠡᠯᠡᠰᠣ ᠮᠠᠩᠬ᠎ᠠ | ᠬᠦᠷᠢᠶᠡᠯᠡᠭᠰᠡᠨ ᠡᠨᠡ ᠬᠦ ᠨᠠᠭᠤᠷ ᠤᠨ ᠣᠰᠣᠨ ᠤ ᠳᠠᠯᠠᠪᠡᠢ ᠨᠢ 4.5 ᠳᠡᠭᠰᠢ ᠳᠦᠷᠪᠡᠯᠵᠢᠨ ᠺᠢᠯᠤᠮᠧᠲᠷ᠂ ᠬᠦᠨ ᠨᠢ | 2-4 ᠮᠧᠲᠷ ᠪᠠᠶᠢᠵᠤ᠂ ᠨᠣᠮᠢᠨ ᠳᠣᠯᠬᠢᠶᠠᠨ ᠬᠠᠶᠠᠯᠠᠨ ᠬᠤᠯᠣᠰᠣ ᠨᠠᠶᠢᠭᠤᠯᠵᠠᠨ᠂ ᠨᠣᠭᠤᠰᠣ ᠰᠢᠪᠠᠭᠤ ᠴᠢᠯᠦᠭᠡᠳᠡᠢ | ᠱᠣᠩᠪᠠᠨᠠ᠃ ᠨᠠᠭᠤᠷ ᠤᠨ ᠬᠦᠪᠡᠭᠡ ᠪᠠᠷ ᠬᠢ ᠭᠡᠭᠡᠨᠴᠢᠷ ᠭᠤᠶᠤᠮᠰᠤᠭ ᠮᠤᠩᠭᠤᠯ ᠭᠡᠷ᠂ ᠣᠷᠣᠰ ᠮᠠᠶ᠋ᠢᠭ ᠤᠨ | ᠠᠮᠠᠷᠠᠯᠳᠠ ᠶᠢᠨ ᠭᠠᠵᠠᠷ ᠲᠠᠢ᠂ ᠦᠢᠯᠡᠴᠢᠯᠡᠬᠦ ᠴᠢᠳᠠᠪᠤᠷᠢ ᠪᠠᠷ ᠪᠦᠷᠢᠨ ᠳᠡᠬᠦᠯᠳᠡᠷ᠂ ᠳᠦᠷᠦᠯ ᠵᠦᠢᠯ ᠢᠶᠠᠷ ᠠᠷᠪᠢᠨ᠃ | ᠭᠤᠤᠯ ᠵᠤᠭᠠᠴᠠᠵᠤ ᠨᠠᠭᠠᠳᠬᠤ ᠵᠦᠢᠯ ᠭᠡᠪᠡᠯ ᠮᠠᠰᠢᠨ ᠳᠡᠷᠭᠡ ᠪᠠᠷ ᠡᠯᠡᠰᠣ ᠳᠣᠭᠤᠯᠬᠤ᠂ ᠡᠯᠡᠰᠣᠨ ᠣᠷᠭᠤᠮᠠᠯ | ᠰᠣᠨᠢᠷᠬᠠᠬᠤ᠂ ᠱᠣᠩᠭᠤᠯ ᠣᠩᠭᠤᠴᠠ᠂ ᠡᠯᠡᠰᠣᠨ ᠣᠬᠢᠶᠠᠯᠭ᠎ᠠ᠂ ᠮᠤᠩᠭᠤᠯ ᠦᠨᠳᠦᠰᠦᠳᠡᠨ ᠤ ᠵᠠᠩ ᠵᠠᠩᠰᠢᠯ᠂ | ᠳᠡᠮᠡᠭᠡ ᠮᠣᠷᠢ ᠣᠨᠣᠬᠤ᠂ ᠦᠨᠳᠦᠰᠦᠳᠡᠨ ᠤ ᠢᠳᠡᠭᠡᠨ ᠣᠮᠳᠠᠭᠠᠨ ᠢ ᠠᠮᠳᠠᠯᠠᠬᠤ ᠵᠡᠷᠭᠡ ᠪᠤᠢ᠃ ᠣᠳᠣ ᠨᠢᠭᠡᠨᠳᠡ | ᠦᠪᠦᠷ ᠮᠤᠩᠭᠤᠯ ᠤᠨ ᠪᠠᠷᠠᠭᠤᠨ ᠭᠡᠰᠡᠭ ᠲᠠᠬᠢ ᠬᠠᠮᠤᠭ ᠳᠣᠪᠤᠶᠢᠮ᠎ᠠ ᠣᠨᠴᠠᠯᠢᠭ ᠲᠠᠢ᠂ ᠳᠠᠳᠠᠬᠤ ᠬᠦᠴᠦᠨ ᠢᠶᠠᠷ ᠶᠡᠭᠡ | ᠡᠯᠡᠰᠣ ᠮᠠᠩᠬᠠᠨ ᠤ ᠪᠠᠷᠳᠠᠭᠠᠳᠣ ᠠᠶᠠᠯᠠᠯ ᠵᠢᠭᠤᠯᠴᠢᠯᠠᠯ ᠤᠨ ᠰᠠᠭᠤᠷᠢᠨ ᠭᠠᠵᠠᠷ ᠪᠤᠯᠵᠡᠢ᠃ | | | | |