ᠬᠦᠮᠦᠰ ᠦᠷᠯᠦᠬᠡ ᠪᠤᠰᠤᠩᠭᠤᠳᠠ ᠤᠰᠦ ᠤᠤᠭᠤᠬᠤ ᠨᠢ ᠡᠷᠡᠬᠦᠯ ᠮᠡᠨᠳᠦ ᠳᠤ ᠳᠤᠰᠠᠳᠠᠢ ᠬᠡᠵᠦ ᠦᠵᠡᠳᠡᠭ᠂ ᠬᠡᠳᠡᠯ᠎ᠡ ᠶᠠᠮᠠᠷ ᠤᠰᠦ ᠤᠤᠭᠤᠪᠠᠯ ᠰᠠᠶᠢᠨ ᠪᠤᠢ ᠬᠡᠳᠡᠭ ᠢ ᠠᠩᠬᠠᠷᠦᠭᠤᠰᠢᠳᠠᠢ ᠶᠤᠮ
ᠨᠡᠶᠢᠲᠡᠯᠡᠭᠰᠡᠨ ᠴᠠᠭ᠄
2022/11/4
       ᠳᠠᠪᠤᠰᠤᠳᠠᠢ ᠤᠰᠦ        ᠵᠠᠷᠢᠮ ᠬᠦᠮᠦᠨ ᠦᠷᠯᠦᠬᠡ ᠪᠤᠰᠤᠩᠭᠤᠳᠠ ᠲᠠᠪᠤᠰᠤᠳᠠᠢ ᠤᠰᠦ ᠤᠤᠭᠤᠪᠠᠯ ᠪᠡᠶᠡᠨ ᠳᠤ ᠰᠠᠶᠢᠨ ᠬᠡᠵᠦ ᠦᠵᠡᠬᠡᠳ ᠪᠤᠰᠤᠮᠠᠭᠴᠠ ᠳᠠᠪᠤᠰᠤᠳᠠᠢ ᠤᠰᠦ ᠤᠤᠭᠤᠳᠠᠭ᠂ ᠦᠨᠡᠨ ᠳᠡᠭᠡᠨ ᠡᠨᠡ ᠪᠤᠯ ᠪᠤᠷᠦᠭᠤ ᠳᠠᠨᠢᠯᠳᠠ ᠪᠤᠯᠤᠨ᠎ᠠ᠃ ᠳᠠᠪᠤᠰᠦ ᠲᠠᠢ ᠤᠰᠦ ᠤᠤᠭᠤᠬᠤ ᠨᠢ ᠪᠡᠶ᠎ᠡ ᠶᠢᠨ ᠡᠷᠡᠬᠦᠯ ᠮᠡᠨᠳᠦ ᠳᠤ ᠳᠤᠰᠠᠳᠠᠢ ᠪᠤᠯᠪᠠᠴᠦ᠂ ᠥᠷᠯᠥᠭᠡ ᠪᠤᠰᠤᠮᠠᠭᠴᠠ ᠳᠠᠪᠤᠰᠤ ᠲᠠᠢ ᠤᠰᠤ ᠤᠤᠭᠤᠬᠤ ᠨᠢ ᠪᠡᠶ᠎ᠡ ᠶᠢᠨ ᠡᠷᠡᠭᠦᠯ ᠮᠠᠨᠳᠦ ᠳᠤ ᠠᠰᠢᠭ ᠦᠬᠡᠢ ᠪᠠᠷ ᠪᠠᠷᠠᠬᠤ ᠦᠬᠡᠢ ᠡᠷᠡᠬᠦᠯ ᠮᠡᠨᠳᠦ ᠶᠢ ᠨᠦᠯᠦᠬᠡᠯᠡᠬᠦ ᠪᠤᠯᠤᠨ᠎ᠠ ᠃ ᠳᠠᠪᠤᠰᠦ ᠲᠠᠢ ᠤᠰᠦ ᠶᠢ ᠬᠠᠷᠢᠨ ᠶᠡᠭᠡ ᠬᠡᠮᠵᠢᠶᠡᠨ ᠤ ᠬᠦᠯᠦᠰᠦ ᠭᠠᠷᠤᠭᠰᠠᠨ ᠦᠶ᠎ᠡ ᠳᠤ ᠤᠤᠭᠤᠪᠠᠯ ᠬᠦᠯᠦᠰᠦ ᠭᠠᠷᠤᠭᠰᠠᠨ ᠠᠴᠠ ᠪᠤᠯᠵᠦ ᠠᠯᠳᠠᠭᠳᠠᠭᠰᠠᠨ ᠤᠰᠦ ᠶᠢ ᠨᠦᠬᠦᠪᠤᠷᠢᠯᠡᠳᠡᠭ᠃       ᠹᠢᠽᠤᠯᠤᠺᠢ ᠶᠢᠨ ᠰᠤᠳᠤᠯᠭᠠᠳᠠᠨ ᠤ ᠦᠵᠡᠬᠦ ᠪᠠᠷ᠂ ᠬᠦᠮᠦᠨ ᠰᠦᠨᠢ ᠳᠡᠭᠡᠨ ᠤᠨᠳᠠᠵᠦ ᠳᠤᠰᠤᠯ ᠤᠰᠦ ᠴᠦ       ᠤᠤᠭᠤᠳᠠᠭ ᠦᠬᠡᠢ ᠳᠤᠯᠠ ᠠᠮᠢᠰᠬᠤᠬᠤ᠂ ᠬᠦᠯᠦᠰᠦ ᠭᠠᠷᠬᠤ ᠢᠯᠭᠠᠷᠠᠭᠤᠯᠬᠤ ᠪᠠᠷ ᠳᠠᠮᠵᠢᠵᠦ ᠪᠡᠶ᠎ᠡ ᠳᠤᠳᠤᠷᠠᠬᠢ ᠤᠰᠦ ᠶᠡᠭᠡ ᠬᠡᠮᠵᠢᠶ᠎ᠡ ᠪᠠᠷ ᠬᠤᠷᠤᠭᠳᠠᠳᠠᠭ᠃       ᠦᠷᠯᠦᠬᠡ ᠪᠤᠰᠬᠤ ᠦᠶ᠎ᠡ ᠳᠤ᠂ ᠪᠡᠶ᠎ᠡ ᠳᠤᠳᠤᠷᠠᠬᠢ ᠴᠢᠰᠦ ᠨᠢᠬᠡᠨᠳᠡ ᠦᠳᠬᠡᠷᠡᠭᠰᠡᠨ ᠪᠤᠯᠬᠤᠷ ᠵᠤᠬᠢᠬᠤ ᠬᠡᠮᠵᠢᠶᠡᠨ ᠤ ᠪᠤᠴᠠᠯᠤᠭᠰᠠᠨ ᠤᠰᠦ ᠤᠤᠭᠤᠪᠠᠯ ᠦᠳᠬᠡᠷᠡᠭᠰᠡᠨ ᠴᠢᠰᠦ ᠳᠤᠤᠷ᠎ᠠ ᠪᠠᠨ ᠰᠢᠩᠬᠡᠷᠡᠳᠡᠭ᠃ ᠬᠡᠷᠪᠡ ᠳᠠᠪᠤᠰᠦ ᠲᠠᠢ ᠤᠰᠦ       ᠤᠤᠭᠤᠪᠠᠯ ᠤᠯᠠᠮ ᠤᠮᠳᠠᠭᠠᠰᠤᠭᠤᠯᠬᠤ ᠪᠤᠯᠤᠨ᠎ᠠ᠃ ᠢᠯᠠᠩᠭᠤᠶ᠎ᠠ ᠦᠷᠯᠦᠬᠡ ᠬᠦᠮᠦᠰ ᠤᠨ ᠴᠢᠰᠦᠨ ᠳᠠᠷᠦᠯᠳᠠ ᠮᠠᠰᠢ ᠦᠨᠳᠦᠷ ᠪᠠᠶᠢᠳᠠᠭ ᠳᠤᠯᠠ ᠳᠠᠪᠤᠰᠦ ᠲᠠᠢ ᠤᠰᠦ ᠤᠤᠭᠤᠪᠠᠯ ᠴᠢᠰᠦᠨ ᠳᠠᠷᠦᠯᠳᠠ ᠶᠢ ᠤᠯᠠᠮ ᠥᠨᠳᠥᠷ ᠪᠣᠯᠭᠠᠵᠤ᠂ ᠪᠡᠶ᠎ᠡ ᠶᠢᠨ ᠡᠷᠡᠬᠦᠯ ᠮᠠᠨᠳᠦ ᠶᠢ ᠨᠦᠯᠦᠬᠡᠯᠡᠬᠦ ᠪᠤᠯᠤᠨ᠎ᠠ᠃       ᠵᠢᠩᠬᠢᠨᠡᠮ᠎ᠡ ᠬᠦᠢᠳᠡᠨ ᠤᠰᠦ        ᠤᠯᠠᠩᠬᠢ ᠬᠦᠮᠦᠨ ᠦᠷᠯᠦᠬᠡ ᠪᠤᠰᠤᠩᠭᠤᠳᠠ᠂ ᠢᠯᠠᠩᠭᠤᠶ᠎ᠠ ᠵᠤᠨ ᠤ ᠠᠭᠠᠬᠢᠮ᠎ᠠ ᠬᠠᠯᠠᠭᠤᠨ ᠦᠶ᠎ᠡ ᠳᠤ ᠪᠤᠰᠤᠮᠠᠭᠴᠠ ᠵᠢᠩᠬᠢᠨᠢᠮ᠎ᠡ ᠬᠦᠢᠳᠡᠨ ᠤᠰᠦ ᠤᠤᠭᠤᠬᠤ ᠳᠤᠷᠠᠳᠠᠢ ᠶᠤᠮ᠃ ᠦᠨᠡᠨᠳᠡᠬᠡᠨ ᠡᠨᠡ ᠪᠤᠯ ᠮᠠᠰᠢ ᠰᠢᠨᠵᠢᠯᠡᠬᠦ ᠤᠬᠠᠭᠠᠨᠴᠢ ᠪᠤᠰᠦ ᠠᠵᠢᠯᠯᠠᠭ᠎ᠠ ᠪᠤᠯᠤᠨ᠎ᠠ᠃ ᠮᠦᠨ ᠴᠦ ᠬᠦᠮᠦᠨ ᠤ ᠪᠡᠶ᠎ᠡ ᠶᠢᠨ ᠡᠷᠡᠬᠦᠯ ᠮᠠᠨᠳᠦ ᠳᠤ ᠳᠤᠩ ᠠᠰᠢᠭ ᠦᠬᠡᠢ ᠶᠤᠮ᠃ ᠵᠠᠰᠠᠵᠦ ᠭᠤᠶᠤᠯᠠᠬᠤ ᠳᠤᠷᠠᠳᠠᠢ ᠡᠮᠡᠭᠳᠡᠶᠢᠴᠦᠳ ᠡᠨᠡ ᠳᠠᠯ᠎ᠠ ᠪᠠᠷ ᠨᠡᠩ ᠠᠩᠬᠠᠷᠬᠤ ᠴᠢᠬᠤᠯᠠᠳᠠᠢ᠃       ᠤᠮᠳᠠᠭᠠᠨ        ᠦᠷᠯᠦᠬᠡ ᠪᠤᠰᠤᠮᠠᠭᠴᠠ ᠵᠢᠮᠢᠰ ᠤᠨ ᠰᠢᠬᠦᠰᠦ᠂ ᠺᠤᠺᠠ ᠺᠤᠷᠠ᠂ ᠺᠤᠹᠧ᠂ ᠴᠢᠱᠦ᠋ᠢ᠂ ᠦᠨᠢᠶᠡᠨ ᠰᠦ ᠵᠡᠷᠬᠡ ᠤᠮᠳᠠᠭᠠᠨ ᠢ ᠤᠤᠭᠤᠵᠦ ᠪᠤᠯᠬᠤ ᠦᠬᠡᠢ᠃ ᠺᠤᠺᠠ ᠺᠤᠷᠠ ᠪᠤᠯᠤᠨ ᠴᠢᠱᠦ᠋ᠢ ᠵᠡᠷᠬᠡ ᠨᠡᠬᠦᠷᠡᠰᠦ ᠬᠦᠴᠢᠯ ᠤᠨ ᠴᠢᠨᠠᠷᠳᠠᠢ ᠤᠮᠳᠠᠭᠠᠨ ᠳᠤ ᠨᠢᠮᠪᠡᠭᠡ ᠶᠢᠨ ᠬᠦᠴᠢᠯ ᠠᠭᠤᠯᠤᠭᠳᠠᠵᠦ ᠪᠠᠶᠢᠬᠤ ᠤᠴᠢᠷ ᠠᠴᠠ ᠰᠢᠨ᠎ᠡ ᠬᠠᠭᠤᠴᠢᠨ ᠤ ᠰᠤᠯᠢᠯᠴᠠᠭᠠᠨ ᠤ ᠶᠠᠪᠤᠴᠠ ᠳᠤ ᠪᠡᠶ᠎ᠡ ᠳᠤᠳᠤᠷᠠᠬᠢ ᠶᠡᠭᠡ ᠬᠡᠮᠵᠢᠶᠡᠨ ᠤ ᠺᠠᠯᠼ ᠢ ᠭᠠᠳᠠᠭᠰᠢᠯᠠᠭᠤᠯᠵᠦ᠂ ᠴᠢᠰᠦᠨ ᠤ ᠳᠤᠳᠤᠷᠠᠬᠢ ᠺᠠᠯᠼ ᠤᠨ ᠠᠭᠤᠯᠤᠭᠳᠠᠴᠠ ᠶᠢ ᠪᠠᠭᠤᠷᠠᠭᠤᠯᠵᠦ᠂ ᠤᠳᠠᠭᠠᠨ ᠳᠠᠭᠠᠨ ᠪᠠᠶ᠎ᠡ ᠳᠤᠳᠤᠷᠠᠬᠢ ᠺᠠᠯᠼ ᠢ ᠳᠤᠳᠠᠭᠳᠠᠭᠤᠯᠳᠠᠭ᠃ ᠵᠠᠷᠢᠮ       ᠤᠮᠳᠠᠭᠠᠨ ᠪᠠᠰᠠ ᠰᠢᠬᠡᠰᠦ ᠢᠯᠭᠠᠷᠠᠭᠤᠯᠳᠠᠭ ᠦᠢᠯᠡᠳᠦᠯ ᠲᠠᠢ ᠪᠤᠯᠬᠤᠷ ᠦᠷᠯᠦᠬᠡ ᠪᠤᠰᠤᠮᠠᠭᠴᠠ ᠤᠮᠳᠠᠭᠠᠨ ᠤᠤᠭᠤᠬᠤ ᠨᠢ ᠪᠡᠶ᠎ᠡ ᠳᠤᠳᠤᠷᠠᠬᠢ ᠠᠯᠳᠠᠭᠳᠠᠭᠰᠠᠨ ᠤᠰᠦ ᠶᠢ ᠨᠦᠬᠦᠪᠤᠷᠢᠯᠡᠵᠦ ᠴᠢᠳᠠᠬᠤ ᠦᠬᠡᠢ ᠪᠠᠷ ᠪᠠᠷᠠᠬᠤ ᠦᠬᠡᠢ᠂ ᠬᠠᠷᠢᠨ ᠤᠯᠠᠮ ᠤᠮᠳᠠᠭᠠᠰᠤᠭᠤᠯᠵᠦ ᠤᠰᠦ ᠳᠤᠳᠠᠭᠳᠠᠭᠤᠯᠳᠠᠭ᠃       ᠵᠢᠮᠢᠰ ᠤᠨ ᠰᠢᠬᠦᠰᠦ᠂ ᠦᠨᠢᠶᠡᠨ ᠰᠦ᠂ ᠺᠤᠹᠧ ᠵᠡᠷᠬᠡ ᠶᠢ ᠪᠠᠰᠠ ᠦᠷᠯᠦᠬᠡ ᠪᠤᠰᠤᠮᠠᠭᠴᠠ ᠦᠯᠦᠨ ᠢᠶᠠᠷ ᠤᠤᠭᠤᠵᠦ ᠪᠤᠯᠬᠤ ᠦᠬᠡᠢ᠂ ᠤᠴᠢᠷ ᠨᠢ ᠡᠳᠡᠬᠡᠷ ᠤᠮᠳᠠᠭᠠᠨ ᠨᠢ ᠦᠷᠯᠦᠬᠡ ᠳᠡᠭᠡᠨ ᠬᠦᠮᠦᠨ ᠤ ᠪᠡᠶ᠎ᠡ ᠳᠤ ᠳᠤᠯᠭᠠᠮ᠎ᠠ ᠱᠠᠭᠠᠷᠳᠠᠭᠳᠠᠬᠤ ᠤᠰᠦ ᠶᠢ ᠨᠦᠬᠦᠪᠤᠷᠢᠯᠡᠵᠦ ᠴᠢᠳᠠᠬᠤ ᠦᠬᠡᠢ ᠮᠦᠷᠳᠡᠬᠡᠨ ᠤᠰᠦ ᠳᠤᠳᠠᠭᠳᠠᠵᠦ ᠪᠠᠶᠢᠭ᠎ᠠ ᠪᠠᠶᠢᠳᠠᠯ ᠳᠤ ᠬᠤᠳᠤᠭᠤᠳᠦ ᠬᠡᠳᠡᠰᠦ ᠶᠢ ᠰᠢᠩᠬᠡᠬᠡᠯᠳᠡ ᠶᠢᠨ ᠠᠵᠢᠯᠯᠭ᠎ᠠ ᠬᠢᠯᠬᠡᠳᠡᠭ ᠳᠤᠯᠠ ᠡᠷᠡᠬᠦᠯ ᠮᠡᠨᠳᠦ ᠳᠤ ᠠᠰᠢᠭ ᠦᠬᠡᠢ ᠶᠤᠮ᠃       ᠤᠳᠠᠭᠠᠨ ᠳᠠᠯᠪᠢᠭᠰᠠᠨ ᠪᠤᠴᠠᠯᠤᠭᠰᠠᠨ ᠤᠰᠦ        ᠪᠤᠴᠠᠯᠤᠭᠰᠠᠨ ᠤᠰᠦ ᠶᠢ ᠤᠳᠠᠭᠠᠨ ᠳᠠᠯᠪᠢᠪᠠᠯ ᠳᠡᠬᠦᠨ ᠤ ᠳᠤᠳᠤᠷᠠᠬᠢ ᠠᠽᠤᠲ ᠤᠨ ᠤᠷᠭᠠᠨᠢᠭ ᠪᠤᠳᠠᠰ ᠨᠢ ᠠᠽᠤᠲ ᠬᠦᠴᠢᠯ ᠤᠨ ᠳᠠᠪᠤᠰᠦ ᠪᠤᠯᠤᠨ ᠵᠠᠳᠠᠷᠠᠳᠠᠭ᠃ ᠢᠯᠠᠩᠭᠤᠶ᠎ᠠ ᠤᠷᠳᠦ ᠬᠤᠭᠤᠴᠠᠭ᠎ᠠ ᠳᠠᠯᠪᠢᠭᠰᠠᠨ ᠪᠤᠴᠠᠯᠤᠭᠰᠠᠨ ᠤᠰᠦ ᠨᠢ ᠪᠠᠺᠲ᠋ᠧᠷᠢ ᠳᠤ ᠪᠤᠬᠢᠷᠳᠦᠵᠦ ᠤᠰᠦᠨ ᠳᠤᠳᠤᠷᠠᠬᠢ ᠠᠽᠤᠲ ᠤᠨ ᠤᠷᠭᠠᠨᠢᠭ ᠪᠤᠳᠠᠰ ᠳᠦᠷᠬᠡᠨ ᠵᠠᠳᠠᠷᠠᠵᠦ᠂ ᠨᠡᠩ ᠠᠷᠪᠢᠨ ᠠᠽᠤᠲ ᠬᠦᠴᠢᠯ ᠤᠨ ᠳᠠᠪᠤᠰᠦ ᠶᠢ ᠪᠤᠢ ᠪᠤᠯᠭᠠᠳᠠᠭ᠃ ᠡᠶᠢᠮᠦ ᠤᠰᠦ ᠶᠢ ᠤᠤᠭᠤᠪᠠᠯ ᠠᠽᠤᠲ ᠬᠦᠴᠢᠯ ᠤᠨ ᠳᠠᠪᠤᠰᠦ ᠨᠢ ᠴᠢᠰᠦᠨ ᠤ ᠤᠯᠠᠭᠠᠨ ᠤᠭᠤᠷᠠᠭ ᠲᠠᠢ ᠬᠤᠯᠢᠯᠳᠦᠵᠦ ᠴᠢᠰᠦᠨ ᠤ ᠬᠦᠴᠢᠯᠳᠦ᠋ᠷᠦᠭᠴᠢ ᠢᠯᠭᠠᠷᠠᠭᠤᠯᠬᠤ ᠴᠢᠳᠠᠪᠬᠢ ᠶᠢ       ᠨᠦᠯᠦᠬᠡᠯᠡᠬᠦ ᠪᠤᠯᠤᠨ᠎ᠠ᠃ ᠡᠶᠢᠮᠦ ᠠᠴᠠ ᠨᠠᠩᠬᠤ ᠳᠤᠳᠤᠷ᠎ᠠ ᠤᠳᠠᠭᠠᠨ ᠡᠳᠦᠷ ᠬᠠᠳᠠᠭᠠᠯᠠᠭᠰᠠᠨ ᠤᠰᠦ᠂ ᠤᠯᠠᠨ ᠤᠳᠠᠭ᠎ᠠ ᠪᠤᠴᠠᠯᠭᠠᠭᠰᠠᠨ ᠤᠰᠦᠨ ᠤ ᠪᠦᠷᠢᠯᠳᠦᠬᠦᠨ ᠳᠤ ᠬᠤᠪᠢᠷᠠᠯᠳᠠ ᠭᠠᠷᠤᠭᠰᠠᠨ ᠳᠤᠯᠠ ᠤᠤᠭᠤᠵᠦ ᠪᠤᠯᠬᠤ ᠦᠬᠡᠢ᠃ ᠬᠠᠮᠤᠭ ᠤᠨ ᠰᠠᠶᠢᠨ ᠨᠢ ᠨᠢᠬᠡ ᠯᠡ ᠤᠳᠠᠭ᠎ᠠ ᠪᠤᠴᠠᠯᠭᠠᠭᠰᠠᠨ ᠨᠢᠬᠡ ᠬᠤᠨᠤᠭ ᠪᠤᠯᠤᠭ᠎ᠠ ᠦᠬᠡᠢ ᠤᠰᠦ ᠶᠢ ᠤᠤᠭᠤᠪᠠᠯ ᠰᠠᠶᠢᠨ ᠶᠤᠮ᠃       ᠡᠬᠦᠨ ᠠᠴᠠ ᠭᠠᠳᠠᠨ᠎ᠠ᠂ ᠡᠯᠳᠡᠪ ᠵᠦᠢᠯ ᠤᠨ ᠰᠠᠪᠠᠨ ᠳᠤ ᠰᠠᠪᠠᠯᠠᠭᠰᠠᠨ ᠤᠯᠠᠨ ᠳᠦᠷᠦᠯ ᠤᠨ ᠨᠡᠷᠡᠮᠡᠯ ᠤᠰᠦ᠂ ᠷᠠᠰᠢᠶᠠᠨ ᠤᠰᠦ ᠵᠡᠷᠬᠡ ᠶᠢ ᠤᠳᠠᠭᠠᠨ ᠬᠠᠳᠠᠭᠠᠯᠠᠵᠦ ᠪᠤᠯᠬᠤ ᠦᠬᠡᠢ᠃ ᠠᠮᠠᠰᠠᠷ ᠢ ᠨᠢ ᠨᠡᠬᠡᠬᠡᠳ ᠭᠤᠷᠪᠠᠨ ᠡᠳᠦᠷ ᠠᠴᠠ ᠬᠡᠳᠦᠷᠡᠭᠰᠡᠨ ᠪᠠᠶᠢᠪᠠᠯ ᠤᠤᠭᠤᠬᠤ ᠪᠠᠨ ᠪᠤᠯᠢᠬᠤ ᠬᠡᠷᠡᠭᠳᠡᠢ᠃             ᠳᠦᠬᠡᠬᠡᠯ ᠤᠰᠦ       ᠵᠠᠷᠢᠮ ᠬᠦᠮᠦᠨ ᠦᠷᠯᠦᠬᠡ ᠪᠤᠰᠤᠮᠠᠭᠴᠠ ᠳᠦᠬᠡᠬᠡᠯ ᠤᠰᠦ ᠶᠢ ᠰᠢᠭᠤᠳ ᠴᠤᠮᠤᠨ ᠳᠤ ᠳᠤᠰᠴᠦ ᠤᠤᠭᠤᠳᠠᠭ ᠵᠠᠩᠰᠢᠯ ᠲᠠᠢ ᠪᠠᠶᠢᠳᠠᠭ᠃ ᠦᠨᠡᠨ ᠳᠡᠭᠡᠨ ᠡᠨᠡ ᠪᠤᠯ ᠡᠷᠡᠬᠦᠯ ᠮᠡᠨᠳᠦ ᠳᠤ ᠮᠠᠭᠤ ᠶᠤᠮ᠃ ᠤᠴᠢᠷ ᠨᠢ ᠤᠰᠦ ᠳᠠᠮᠵᠢᠭᠤᠯᠬᠤ ᠬᠤᠭᠤᠯᠠᠢ ᠳᠤ ᠦᠨᠵᠢᠭᠰᠡᠨ ᠳᠦᠬᠡᠬᠡᠯ ᠤᠰᠦ ᠨᠢ ᠨᠢᠬᠡ ᠰᠦᠨᠢ ᠳᠡᠭᠡᠨ ᠳᠦᠬᠡᠬᠡᠯ ᠤᠰᠤ ᠳᠠᠮᠵᠢᠭᠤᠯᠬᠤ ᠳᠡᠮᠦᠷᠯᠢᠭ ᠬᠤᠭᠤᠯᠠᠢ ᠲᠠᠢ ᠤᠷᠪᠠᠯ ᠡᠬᠦᠰᠴᠦ ᠳᠡᠮᠦᠷᠯᠢᠭ ᠲᠤ ᠪᠤᠬᠢᠷᠳᠤᠭᠳᠠᠭᠰᠠᠨ ᠪᠠᠶᠢᠳᠠᠭ᠃ ᠡᠶᠢᠮᠦ ᠳᠦᠬᠡᠬᠡᠯ ᠤᠰᠦ ᠶᠢ ᠤᠤᠭᠤᠪᠠᠯ       ᠠᠮᠢᠰᠬᠤᠯ ᠤᠨ ᠵᠠᠮ ᠤᠨ ᠬᠠᠯᠳᠠᠪᠤᠷᠢᠳᠦ ᠡᠪᠡᠳᠴᠢᠨ ᠳᠤ ᠨᠡᠷᠪᠡᠭᠳᠡᠬᠦ ᠨᠤᠷᠮ᠎ᠠ ᠶᠢ ᠳᠡᠬᠡᠭᠰᠢᠯᠡᠬᠦᠯᠳᠡᠭ᠃ ᠡᠶᠢᠮᠦ ᠠᠴᠠ ᠂ ᠦᠷᠯᠦᠬᠡ ᠪᠤᠰᠤᠮᠠᠭᠴᠠ ᠳᠦᠬᠡᠬᠡᠯ ᠤᠰᠦ ᠶᠢ ᠰᠢᠭᠤᠳ ᠳᠤᠰᠦᠨ ᠤᠤᠭᠤᠵᠦ ᠪᠤᠯᠬᠤ ᠦᠬᠡᠢ᠃ ᠡᠶᠢᠮᠦ ᠳᠠᠳᠬᠠᠯ ᠲᠠᠢ ᠬᠦᠮᠦᠰ ᠡᠷᠡᠬᠦᠯ ᠪᠤᠰᠦ ᠳᠠᠳᠬᠠᠯ ᠢᠶᠠᠨ ᠡᠷᠬᠡᠪᠰᠢ ᠦᠬᠡᠷᠡᠴᠢᠯᠡᠬᠦ ᠬᠡᠷᠡᠭᠳᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号