ᠲᠡᠮᠡᠬᠡᠨ ᠲᠡᠭᠦᠵᠢᠩ ᠰᠢᠨ᠎ᠡ ᠥᠢᠯᠡᠳᠤᠯ ᠲᠠᠢ ᠪᠤᠯᠤᠯ᠎ᠠ
ᠨᠡᠶᠢᠲᠡᠯᠡᠭᠰᠡᠨ ᠴᠠᠭ᠄
2022/6/7
ᠲᠠᠪᠰᠢᠯᠳᠤ ᠡᠷᠳᠡᠨᠢᠭᠦᠤ                   ᠡᠨᠡ ᠵᠤᠨ᠂ ᠠᠯᠠᠱᠠ ᠵᠡᠭᠦᠨ ᠬᠤᠰᠢᠭᠤᠨ ᠤ ᠪᠠᠶᠠᠨᠬᠤᠳᠠ ᠪᠠᠯᠭᠠᠰᠤᠨ ᠳᠤ ᠪᠠᠶᠢᠭ᠎ᠠ ︽ᠲᠡᠮᠡᠬᠡᠨ ᠵᠢᠩ ᠵᠠᠷ ᠮᠡᠳᠡᠬᠡᠨ ᠤ ᠭᠠᠵᠠᠷ︾᠎ ᠤᠨ ᠡᠵᠡᠩᠨᠡᠭᠴᠢ ᠰᠤᠯᠤᠩᠭ᠎ᠠ ᠲᠡᠮᠡᠬᠡᠨ ᠲᠡᠭᠦᠵᠢᠩ ᠢ ᠰᠢᠨ᠎ᠡ ᠮᠠᠶ᠋ᠢᠭ ᠢᠶᠠᠷ ᠵᠤᠬᠢᠶᠠᠵᠤ᠂ ᠲᠡᠭᠦᠵᠢᠩ ᠲᠡᠬᠡᠷ᠎ᠡ ᠰᠥᠷᠥᠭ ᠤᠨ ᠡᠵᠡᠨ ᠤ ᠭᠠᠷ ᠤᠳᠠᠰᠤᠨ ᠨᠤᠮᠧᠷ᠂ ᠮᠡᠷᠬᠡᠨ ᠴᠤᠬᠤᠷ ᠵᠡᠷᠬᠡ ᠨᠠᠷᠢᠨ ᠰᠤᠷᠠᠭ ᠵᠠᠩᠬᠢ ᠶᠢ ᠬᠠᠳᠠᠵᠤ᠂ ᠤᠳᠤᠬᠢᠴᠢᠯᠠᠭᠰᠠᠨ ᠤᠯᠠᠨ ᠲᠠᠯ᠎ᠠ ᠶᠢᠨ ᠥᠢᠯᠡᠳᠤᠯ ᠲᠠᠢ ᠲᠡᠮᠡᠬᠡᠨ ᠲᠡᠭᠦᠵᠢᠩ ᠢ ᠵᠤᠬᠢᠶᠠᠨ ᠪᠤᠷᠤᠯᠠᠭᠤᠯᠤᠭᠰᠠᠨ ᠶᠠᠪᠤᠳᠠᠯ ᠨᠢ ᠬᠤᠯᠠ ᠥᠢᠷ᠎ᠠ ᠶᠢᠨ ᠮᠠᠯᠴᠢᠳ ᠤᠨ ᠬᠠᠯᠠᠭᠤᠨ ᠵᠤᠭᠤᠭ ᠪᠤᠯᠵᠤ ᠪᠠᠶᠢᠨ᠎ᠠ᠃       ᠲᠡᠮᠡᠬᠡᠨ ᠲᠡᠭᠦᠵᠢᠩ ᠪᠤᠯ ᠬᠤᠳᠠ ᠰᠥᠷᠥᠭ ᠤᠨ ᠤᠯᠠᠰᠢᠷᠠᠬᠤ ᠶᠢ ᠲᠠᠭᠠᠯᠳᠤᠨ ᠲᠡᠮᠡᠬᠡᠨ ᠲᠠᠮᠠᠭ᠎ᠠ ᠲᠠᠪᠬᠤᠴᠠᠬᠤ᠂ ᠲᠡᠮᠡᠭᠡ ᠠᠳᠠᠷ ᠬᠠᠩᠭᠠᠢ ᠪᠡᠯᠴᠢᠬᠡᠷᠯᠡᠨ ᠪᠤᠰᠤᠳ ᠤᠨ ᠰᠥᠷᠥᠭ ᠲᠠᠢ ᠨᠡᠶᠢᠯᠡᠭᠰᠡᠨ ᠥᠶᠡᠰ ᠰᠥᠷᠥᠭ ᠎ ᠤᠨ ᠲᠤᠮᠳᠠ ᠠᠴᠠ ᠲᠡᠮᠡᠭᠡ ᠪᠠᠨ ᠢᠯᠭᠠᠨ ᠲᠠᠨᠢᠬᠤ ᠪᠠ ᠲᠡᠮᠡᠭᠡ ᠠᠯᠤᠰ ᠨᠤᠳᠤᠭ ᠲᠤ ᠠᠯᠳᠠᠭᠳᠠᠬᠤ ᠥᠶᠡᠰ ᠲᠡᠭᠦᠵᠢᠩ ᠢᠶᠠᠷ ᠢᠶᠠᠨ ᠰᠤᠷᠠᠭ ᠭᠠᠷᠬᠤ ᠶᠢ ᠬᠥᠰᠡᠮᠵᠢᠯᠡᠭᠰᠡᠨ ᠵᠤᠷᠢᠯᠭ᠎ᠠ ᠪᠠᠷ ᠲᠡᠮᠡᠬᠡᠨ ᠬᠥᠵᠥᠭᠦᠨ ᠳᠤ ᠲᠡᠭᠦᠵᠢᠯᠡᠳᠡᠭ ᠤᠯᠠᠨ ᠬᠡᠯᠪᠡᠷᠢ ᠶᠢᠨ ᠲᠡᠮᠳᠡᠭ ᠶᠤᠮ᠃ ᠵᠢᠱᠢᠶᠡᠯᠡᠪᠡᠯ᠂  ᠮᠠᠯ ᠤᠨ ᠲᠠᠯᠤ᠂ ᠡᠪᠡᠷ ᠪᠤᠯᠤᠨ ᠪᠥᠰ ᠢᠶᠠᠷ ᠱᠠᠭᠯᠠᠵᠤ ᠤᠶᠤᠭᠰᠠᠨ ᠡᠯ᠎ᠡ ᠵᠥᠢᠯ ᠤᠨ ᠲᠠᠮᠠᠭ᠎ᠠ ᠲᠡᠮᠳᠡᠭ᠂ ᠠᠷᠠᠪ ᠲᠤᠭ᠎ᠠ ᠮᠡᠳᠤ ᠶᠢᠨ ᠲᠡᠭᠦᠵᠢᠩ ᠤᠯᠠᠨ ᠪᠠᠶᠢᠳᠠᠭ᠃ ᠬᠡᠳᠡᠯ᠎ᠡ ᠤᠳᠤ ᠨᠤᠳᠤᠭ ᠤᠨ ᠮᠠᠯᠴᠢᠳ ᠮᠠᠨᠢ ᠥᠪᠡᠷ ᠤᠨ ᠱᠠᠭᠠᠷᠳᠠᠯᠭ᠎ᠠ ᠳᠠᠭᠠᠨ ᠵᠤᠬᠢᠴᠠᠭᠤᠯᠤᠨ ᠮᠠᠰᠢ ᠤᠯᠠᠨ ᠬᠡᠯᠪᠡᠷᠢ ᠶᠢᠨ ᠲᠡᠮᠡᠬᠡᠨ ᠲᠡᠭᠦᠵᠢᠩ ᠢ ᠵᠤᠬᠢᠶᠠᠨ ᠬᠡᠷᠡᠭᠯᠡᠭᠦ ᠪᠤᠯᠤᠭᠰᠠᠨ ᠠᠵᠢ᠃        ᠲᠡᠮᠡᠬᠡᠨ ᠵᠢᠩ ᠵᠠᠷ ᠮᠡᠳᠡᠬᠡᠨ ᠤ ᠭᠠᠵᠠᠷ ᠤᠨ ᠡᠵᠡᠩᠨᠡᠭᠴᠢ ᠰᠤᠯᠤᠩᠭ᠎ᠠ ᠤᠯᠠᠮᠵᠢᠯᠠᠯᠳᠤ ᠮᠠᠶ᠋ᠢᠭ ᠤᠨ ᠲᠡᠮᠡᠬᠡᠨ ᠲᠡᠭᠦᠵᠢᠩ ᠢ ᠤᠳᠤᠬᠢᠴᠢᠯᠠᠭᠰᠠᠨ ᠰᠤᠷᠠᠭ ᠵᠠᠩᠬᠢ ᠶᠢᠨ ᠥᠢᠯᠡᠴᠢᠯᠡᠭᠡ ᠲᠠᠢ ᠤᠶᠠᠯᠳᠤᠭᠤᠯᠤᠨ ᠰᠥᠷᠥᠭ ᠤᠨ ᠡᠵᠡᠨ ᠤ ᠭᠠᠷ ᠤᠳᠠᠰᠤᠨ ᠨᠤᠮᠧᠷ᠂ ᠮᠡᠷᠬᠡᠨ ᠴᠤᠬᠤᠷ ᠢ ᠬᠠᠳᠠᠬᠤ᠂ ᠴᠢᠨᠠᠭᠰᠢᠯᠠᠨ ᠰᠥᠷᠥᠭ ᠤᠨ ᠡᠵᠡᠨ ᠤ ᠱᠠᠭᠠᠷᠳᠠᠯᠭ᠎ᠠ ᠪᠠᠷ ᠨᠡᠷ᠎ᠡ ᠤᠰᠤ ᠠᠴᠠ ᠥᠭᠰᠥᠭᠦᠯᠤᠨ ᠨᠡᠩ ᠨᠠᠷᠢᠯᠢᠭ ᠰᠤᠷᠠᠭ ᠵᠠᠩᠬᠢ ᠶᠢ ᠬᠠᠳᠠᠵᠤ᠂ ᠵᠢᠵᠢᠭᠬᠡᠨ ᠲᠡᠭᠦᠵᠢᠩ ᠠᠴᠠ ᠨᠢ ᠰᠥᠷᠥᠭ ᠤᠨ ᠡᠵᠡᠨ ᠤ ᠰᠤᠷᠠᠭ ᠵᠠᠩᠬᠢ ᠶᠢ ᠬᠠᠮᠤᠭ ᠲᠥᠷᠬᠡᠨ ᠤᠯᠵᠤ ᠮᠡᠳᠡᠭᠦ ᠴᠢᠳᠠᠮᠵᠢ ᠲᠠᠢ ᠪᠤᠯᠭᠠᠭᠰᠠᠨ ᠪᠠᠶᠢᠨ᠎ᠠ᠃ ᠡᠭᠦᠨ ᠠᠴᠠ ᠭᠠᠳᠠᠨ᠎ᠠ ᠥᠩᠬᠡ ᠪᠤᠳᠤᠭ ᠨᠢ ᠲᠤᠳᠤ ᠤᠴᠢᠷ ᠠᠴᠠ ᠬᠤᠯᠠ ᠠᠴᠠ ᠬᠠᠷᠠᠬᠤ ᠪᠤᠶᠤ ᠲᠤᠷᠠᠨᠳᠠᠬᠤ ᠳᠤ ᠲᠤᠳᠤ ᠥᠵᠡᠭᠳᠡᠭᠦ᠂ ᠬᠠᠳᠠᠭᠤ ᠵᠥᠬᠡᠯᠡᠨ ᠡᠯ᠎ᠡ ᠵᠥᠢᠯ ᠤᠨ ᠮᠠᠲ᠋ᠧᠷᠢᠶᠠᠯ ᠢᠶᠠᠷ ᠪᠥᠷ ᠬᠢᠵᠤ ᠪᠤᠯᠬᠤ ᠲᠤᠯᠠ ᠡᠪᠡᠰᠤ ᠤᠷᠭᠤᠮᠠᠯ ᠳᠤ ᠡᠯᠭᠦᠭᠳᠡᠨ ᠰᠠᠯᠪᠠᠷᠠᠵᠤ ᠥᠬᠢᠷᠡᠨ ᠤᠷᠠᠭᠳᠠᠬᠤ ᠥᠬᠡᠢ᠂ ᠬᠡᠷᠡᠯ ᠥᠢᠬᠤ ᠮᠠᠲ᠋ᠧᠷᠢᠶᠠᠯ ᠢᠶᠠᠷ ᠬᠢᠵᠤ ᠪᠤᠯᠬᠤ ᠲᠤᠯᠠ ᠰᠥᠨᠢ ᠲᠤᠳᠤ ᠥᠵᠡᠭᠳᠡᠭᠦ ᠪᠠ ᠲᠡᠮᠡᠭᠡ ᠲᠡᠷᠬᠡᠨ ᠵᠠᠮ ᠲᠡᠬᠡᠷ᠎ᠡ ᠵᠤᠭᠰᠤᠵᠤ ᠪᠠᠶᠢᠬᠤ ᠥᠶᠡᠰ ᠮᠠᠰᠢᠨ ᠤ ᠵᠢᠯᠤᠭᠤᠴᠢ ᠳᠤ ᠲᠤᠳᠤ ᠥᠵᠡᠭᠳᠡᠭᠦ ᠲᠤᠯᠠ ᠮᠠᠯᠴᠢᠳ ᠤᠨ ᠲᠡᠮᠡᠭᠡ ᠲᠡᠷᠬᠡᠨ ᠳᠤ ᠲᠠᠭᠠᠷᠢᠭᠳᠠᠬᠤ ᠠᠴᠠ ᠵᠠᠶᠢᠯᠠᠰᠬᠢᠭᠦ᠂  ᠮᠠᠯᠴᠢᠳ ᠤᠨ ᠰᠠᠨᠠᠯ ᠱᠠᠭᠠᠷᠳᠠᠯᠭ᠎ᠠ ᠪᠠᠷ ᠵᠠᠬᠢᠶᠠᠯᠠᠭ᠎ᠠ ᠶᠢ ᠬᠥᠯᠢᠶᠡᠵᠤ᠂ ᠱᠠᠭᠠᠷᠳᠠᠯᠭ᠎ᠠ ᠳᠤᠨᠢ ᠵᠤᠬᠢᠴᠠᠭᠤᠯᠤᠨ ᠬᠢᠵᠤ ᠥᠭᠭᠦ ᠵᠡᠷᠬᠡ ᠤᠯᠠᠨ ᠲᠠᠯ᠎ᠠ ᠶᠢᠨ ᠲᠠᠪᠠᠭᠤᠯᠢᠭ ᠲᠠᠢ ᠶᠤᠮ᠃       ᠰᠢᠨ᠎ᠡ ᠮᠠᠶ᠋ᠢᠭ ᠤᠨ ᠲᠡᠮᠡᠬᠡᠨ ᠲᠡᠭᠦᠵᠢᠩ ᠤᠨ ᠥᠨ᠎ᠡ ᠥᠷᠳᠡᠭ ᠨᠢ ᠬᠢᠮᠳᠠ᠂ ᠬᠡᠷᠡᠭᠯᠡᠭᠦ ᠴᠠᠭ ᠬᠤᠭᠤᠴᠠᠭ᠎ᠠ ᠎ ᠨᠢ ᠤᠷᠳᠤ ᠪᠠᠶᠢᠳᠠᠭ ᠢᠶᠠᠷ ᠢᠶᠠᠨ ᠨᠤᠳᠤᠭ ᠤᠨ ᠮᠠᠯᠴᠢᠳ ᠤᠨ ᠬᠠᠯᠠᠭᠤᠨ ᠲᠠᠭᠠᠰᠢᠶᠠᠯ ᠵᠢᠴᠢ ᠪᠠᠶᠠᠨᠨᠠᠭᠤᠷ᠂ ᠤᠷᠳᠤᠰ ᠵᠡᠷᠬᠡ ᠭᠠᠵᠠᠷ ᠤᠷᠤᠨ ᠤ ᠮᠠᠯᠴᠢᠳ ᠲᠤ ᠲᠠᠭᠠᠰᠢᠶᠠᠭᠳᠠᠵᠤ ᠪᠤᠢ᠃ ᠠᠯᠠᠱᠠ ᠵᠡᠭᠦᠨ ᠬᠤᠰᠢᠭᠤᠨ ᠤ ᠴᠤᠭᠳᠤᠭᠥ᠋ᠷᠢᠶ᠎ᠡ ᠰᠤᠮᠤᠨ ᠤ ᠵᠠᠭᠳᠤ ᠭᠠᠴᠠᠭᠠᠨ ᠤ ᠮᠠᠯᠴᠢᠨ ᠬᠤᠷᠴᠠ ᠶᠢᠨ ᠶᠠᠷᠢᠬᠤ ᠪᠠᠷ᠂ ᠪᠢ ᠤᠳᠤ ᠰᠢᠨ᠎ᠡ ᠮᠠᠶ᠋ᠢᠭ ᠤᠨ ᠲᠡᠮᠡᠬᠡᠨ ᠲᠡᠭᠦᠵᠢᠩ ᠢ 100 ᠭᠠᠷᠤᠢ ᠬᠤᠳᠠᠯᠳᠤᠨ ᠠᠪᠤᠭᠠᠳ ᠲᠡᠮᠡᠭᠡ᠂ ᠥᠬᠡᠷ ᠲᠤ ᠵᠡᠭᠦᠵᠤ ᠪᠠᠶᠢᠨ᠎ᠠ᠃ ᠡᠨᠡ ᠶᠠᠭᠤᠮᠠᠨ ᠤ ᠥᠨ᠎ᠡ ᠨᠢ ᠬᠢᠮᠳᠠ᠂ ᠬᠢᠭᠦ ᠳᠤ ᠲᠥᠷᠬᠡᠨ᠂ ᠡᠯᠡᠭᠳᠡᠵᠤ ᠥᠬᠢᠷᠡᠭᠦ ᠥᠬᠡᠢ᠂ ᠬᠥᠩᠬᠡᠨ ᠪᠠᠶᠢᠳᠠᠭ ᠤᠴᠢᠷ ᠠᠴᠠ ᠲᠡᠮᠡᠭᠡ ᠪᠠ ᠥᠬᠡᠷ ᠲᠤ ᠵᠡᠭᠦᠭᠦ ᠳᠤ ᠮᠠᠰᠢ ᠲᠤᠬᠢᠷᠠᠮᠵᠢᠳᠠᠢ ᠶᠤᠮ᠃ ᠲᠡᠬᠡᠷ᠎ᠡ ᠨᠢ ᠭᠠᠷ ᠤᠳᠠᠰᠤᠨ ᠤ ᠨᠤᠮᠧᠷ ᠪᠠᠶᠢᠬᠤ ᠤᠴᠢᠷ ᠎ ᠠᠴᠠ ᠲᠡᠮᠡᠭᠡ ᠪᠤᠳᠤᠭᠤᠯᠠᠬᠤ᠂ ᠥᠬᠡᠷ ᠲᠤᠭᠤᠯᠯᠠᠬᠤ ᠪᠠ ᠲᠡᠮᠡᠭᠡ ᠥᠬᠡᠷ ᠠᠯᠳᠠᠭᠳᠠᠬᠤ ᠥᠶᠡᠰ ᠲᠤᠩ ᠠᠮᠠᠷᠬᠠᠨ ᠡᠷᠢᠵᠤ ᠤᠯᠤᠨ᠎ᠠ᠃ ᠤᠤᠯ ᠨᠢ ᠪᠢ ᠤᠶᠤᠳᠠᠯ ᠤᠨ ᠭᠠᠵᠠᠷ ᠤᠨ ᠤᠴᠢᠭᠠᠳ ᠪᠥᠰ ᠢᠶᠠᠷ ᠲᠡᠭᠦᠵᠢᠩ ᠤᠶᠤᠭᠤᠯᠵᠤ ᠪᠠᠶᠢᠭᠰᠠᠨ ᠶᠤᠮ᠃ ᠥᠨ᠎ᠡ ᠨᠢ ᠥᠨᠳᠤᠷ ᠮᠥᠷᠳᠡᠬᠡᠨ ᠨᠡᠯᠢᠶᠡᠳ ᠴᠠᠭ ᠬᠡᠷᠡᠭᠰᠡᠨ᠎ᠡ᠃ ᠡᠶᠢᠮᠤ ᠠᠴᠠ ᠡᠨᠡ ᠲᠡᠭᠦᠵᠢᠩ ᠮᠠᠨ ᠤ ᠮᠠᠯᠴᠢᠨ ᠬᠥᠮᠤᠨ ᠳᠤ ᠠᠪᠴᠤ ᠬᠡᠯᠡᠪᠡᠯ ᠶᠡᠭᠡ ᠲᠥᠭᠦᠮ ᠥᠵᠡᠭᠦᠯᠵᠤ ᠪᠠᠶᠢᠨ᠎ᠠ ᠬᠡᠯ᠎ᠡ᠃      ᠲᠡᠮᠡᠬᠡᠨ ᠵᠢᠩ ᠵᠠᠷ ᠮᠡᠳᠡᠬᠡᠨ ᠤ ᠭᠠᠵᠠᠷ ᠲᠤ ᠰᠢᠨ᠎ᠡ ᠮᠠᠶ᠋ᠢᠭ ᠤᠨ ᠲᠡᠮᠡᠬᠡᠨ ᠲᠡᠭᠦᠵᠢᠩ᠂ ᠲᠡᠮᠡᠬᠡᠨ ᠤ ᠴᠢᠬᠢᠨ ᠎ ᠳᠤ ᠵᠡᠭᠦᠳᠡᠭ ᠫᠠᠶᠢᠰᠠ ︵ᠡᠭᠡᠮᠦᠭ︶᠂ ᠲᠥᠯ ᠮᠠᠯ ᠤᠨ ᠬᠥᠯ ᠳᠤ ᠤᠶᠠᠳᠠᠭ ᠫᠠᠶᠢᠰᠠ ︵ᠲᠡᠮᠳᠡᠭ︶᠂ ᠮᠠᠯ ᠤᠨ ᠨᠢᠷᠤᠭᠤᠨ ᠳᠤ ᠤᠶᠠᠳᠠᠭ ᠫᠠᠶᠢᠰᠠ ︵ᠲᠡᠮᠳᠡᠭ︶᠂ ᠲᠡᠮᠡᠬᠡᠨ ᠲᠠᠮᠠᠭ᠎ᠠ ᠵᠡᠷᠬᠡ ᠶᠢ ᠵᠠᠬᠢᠶᠠᠯᠠᠭ᠎ᠠ ᠪᠠᠷ ᠬᠢᠵᠤ ᠪᠤᠢ᠃ ᠡᠵᠡᠩᠨᠡᠭᠴᠢ ᠰᠤᠯᠤᠩᠭ᠎ᠠ ᠶᠠᠷᠢᠬᠤ ᠳᠠᠭᠠᠨ᠄ ︽ᠪᠢ ᠥᠪᠡᠷ ᠲᠡᠭᠡᠨ ᠮᠠᠯᠵᠢᠬᠤ ᠤᠷᠤᠨ ᠤ ᠬᠥᠮᠤᠨ ᠪᠤᠯᠬᠤᠷ ᠮᠠᠯᠴᠢᠨ ᠲᠥᠮᠡᠨ ᠳᠡᠭᠡᠨ ᠲᠥᠭᠦᠮ ᠥᠵᠡᠭᠦᠯᠭᠦ ᠶᠢᠨ ᠲᠤᠰᠠᠳᠠ ᠴᠢᠨᠠᠷ ᠰᠠᠶᠢᠳᠠᠢ᠂ ᠥᠢᠯᠡᠳᠤᠯ ᠨᠢ ᠠᠷᠪᠢᠨ ᠲᠡᠮᠡᠬᠡᠨ ᠲᠡᠭᠦᠵᠢᠩ ᠬᠢᠭᠦ ᠶᠢ ᠰᠡᠳᠥᠭᠰᠡᠨ ᠶᠤᠮ᠃ ᠡᠭᠦᠨ ᠢ ᠵᠤᠬᠢᠶᠠᠵᠤ ᠪᠤᠷᠤᠯᠠᠭᠤᠯᠤᠭᠠᠳ ᠥᠷᠬᠡᠨ ᠤᠯᠠᠨ ᠮᠠᠯᠴᠢᠳ ᠤᠨ ᠲᠠᠭᠠᠰᠢᠶᠠᠯ ᠢ ᠤᠯᠵᠤ ᠪᠠᠶᠢᠨ᠎ᠠ᠂ ᠲᠠᠷᠠᠭ᠎ᠠ ᠠᠯᠬᠤᠮ ᠳᠤ ᠲᠡᠭᠦᠵᠢᠩ ᠤᠨ ᠴᠢᠳᠠᠮᠵᠢ ᠶᠢ ᠤᠯᠠᠮ ᠲᠡᠬᠡᠭᠰᠢᠯᠡᠭᠦᠯᠤᠨ GPS ᠪᠠᠶᠢᠷᠢᠰᠢᠯ ᠢ ᠤᠨᠤᠰᠢᠯᠠᠬᠤ ᠮᠡᠷᠬᠡᠵᠢᠯ ᠢ ᠤᠷᠤᠭᠤᠯᠵᠤ᠂ ᠲᠡᠮᠡᠭᠡ ᠮᠠᠯ ᠤᠨ ᠬᠡᠬᠡᠵᠤ ᠠᠯᠳᠠᠭᠳᠠᠬᠤ ᠶᠢ ᠰᠡᠷᠬᠡᠶᠢᠯᠡᠭᠦ ᠴᠢᠳᠠᠮᠵᠢ ᠶᠢ ᠲᠡᠭᠦᠯᠳᠡᠷᠵᠢᠭᠦᠯᠤᠨ᠎ᠡ︾ ᠬᠡᠵᠤ ᠶᠠᠷᠢᠯ᠎ᠠ᠃       ᠲᠡᠮᠡᠬᠡᠨ ᠵᠢᠩ ᠵᠡᠷ ᠮᠡᠳᠡᠬᠡᠨ ᠤ ᠭᠠᠵᠠᠷ ᠨᠢ ᠪᠠᠶᠠᠨᠬᠤᠳᠠ ᠪᠠᠯᠭᠠᠰᠤᠨ ᠤ ᠪᠠᠳᠠᠢ ᠶᠢᠨ ᠵᠢᠷᠠᠨ ᠵᠠᠮ ᠤᠨ ᠲᠥᠷᠪᠡᠳᠤᠬᠡᠷ ᠪᠠᠭ᠎ᠠ ᠰᠤᠷᠭᠠᠭᠤᠯᠢ ᠶᠢᠨ ᠨᠡᠶᠢᠳᠡ ᠶᠢᠨ ᠮᠠᠰᠢᠨ ᠤ ᠥᠷᠳᠡᠭᠡ ᠶᠢᠨ ᠲᠡᠷᠬᠡᠳᠡ ᠪᠠᠶᠢᠷᠢᠰᠢᠵᠤ᠂ 2013 ᠤᠨ ᠠᠴᠠ ᠡᠬᠢᠯᠡᠨ ᠵᠡᠷ ᠮᠡᠳᠡᠭᠡ ᠲᠥᠰᠥᠪᠯᠡᠭᠦ᠂ ᠪᠢᠴᠢᠭ ᠮᠠᠲ᠋ᠧᠷᠢᠶᠠᠯ ᠲᠠᠷᠤᠮᠠᠯᠯᠠᠨ ᠲᠡᠪᠳᠡᠷᠯᠡᠭᠦ᠂ ᠬᠠᠪᠳᠠᠭᠠᠢ ᠶᠢᠨ ᠵᠢᠷᠤᠭ ᠲᠥᠰᠤᠪᠯᠡᠭᠦ᠂ ᠪᠥᠯᠭᠦᠮ ᠨᠡᠶᠢᠳᠡ ᠶᠢᠨ ᠬᠤᠪᠴᠠᠰᠤ ᠬᠤᠨᠠᠷ ᠲᠡᠬᠡᠷ᠎ᠡ ᠥᠰᠥᠭ ᠲᠠᠷᠤᠮᠠᠯᠯᠠᠬᠤ᠂ ᠤᠷᠢᠯᠭ᠎ᠠ ᠲᠠᠷᠤᠮᠠᠯᠯᠠᠬᠤ᠂ ᠱᠠᠩᠨᠠᠯ ᠬᠥᠬᠢᠭᠦᠯᠤᠯ ᠤᠨ ᠪᠤᠳᠠᠰ᠂ ᠪᠡᠯᠡᠭ ᠤᠨ ᠬᠠᠷᠢᠭᠤ ᠪᠤᠳᠠᠰ ᠪᠤᠷᠤᠯᠠᠭᠤᠯᠬᠤ ᠵᠡᠷᠬᠡ ᠤᠯᠠᠨ ᠲᠠᠯ᠎ᠠ ᠶᠢᠨ ᠥᠢᠯᠡᠴᠢᠯᠡᠭᠡ ᠪᠠᠷ ᠢᠶᠠᠨ ᠡᠷᠬᠢᠮ ᠲᠠᠨ ᠢ ᠤᠭᠳᠤᠨᠠᠮ᠃       ᠰᠤᠯᠤᠩᠭ᠎ᠠ ᠶᠢᠨ ᠤᠳᠠᠰᠤ᠄ 13948041202
           
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号