ᠬᠦᠳᠡᠭᠡ ᠶᠢᠨ ᠦᠬᠢᠷ᠎ᠠ ᠬᠤᠵᠤᠤᠯ᠎ᠠ ᠶᠢ ᠡᠷᠳᠡᠨᠢ  ᠪᠤᠯᠭᠠᠨ ᠤᠷᠠᠯᠠᠳᠠᠭ ᠮᠠᠯᠴᠢᠨ ᠡᠪᠦᠬᠡᠨ
ᠨᠡᠶᠢᠲᠡᠯᠡᠭᠰᠡᠨ ᠴᠠᠭ᠄
2022/6/7
ᠡᠷᠳᠡᠨᠢᠬᠦᠦ ᠡᠷᠳᠡᠨᠢᠠᠠᠭᠤᠯᠠ            ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠵᠠᠬᠠᠳᠤᠯᠤᠭᠠᠨ ᠭᠠᠴᠠᠭᠠᠨ ᠤ ᠮᠠᠯᠴᠢᠨ ᠦᠯᠵᠡᠢ ᠮᠠᠯ ᠳᠤ ᠶᠠᠪᠤᠬᠤ ᠳᠠᠭᠠᠨ ᠬᠡᠬᠡᠷ᠎ᠠ ᠬᠦᠳᠡᠭᠡ ᠠᠴᠠ ᠦᠬᠢᠷᠠᠵᠦ ᠬᠤᠪᠠᠭ᠋ᠠᠶᠢᠷᠠᠭᠰᠠᠨ ᠪᠤᠴᠢᠬᠢᠨᠠᠭᠤᠷ᠂ ᠮᠦᠩᠭᠡ ᠬᠠᠷᠭᠠᠨ᠎ᠠ ᠶᠢ ᠳᠡᠬᠦᠵᠦ ᠠᠪᠴᠢᠷᠠᠭᠠᠳ ᠭᠤᠶᠤ ᠰᠠᠶᠢᠬᠠᠨ ᠳᠡᠷ᠎ᠠ᠂ ᠨᠢᠷᠤᠭᠤ ᠳᠠᠷᠤᠬᠤ ᠮᠤᠳᠤ ᠪᠤᠯᠭᠠᠨ ᠵᠠᠰᠠᠵᠦ ᠤᠷᠠᠯᠠᠳᠠᠭ ᠭᠠᠷ ᠤᠷᠠᠨ ᠨᠢᠳᠦ ᠬᠢᠷᠠᠬᠠᠢ ᠬᠦᠮᠦᠨ ᠪᠠᠶᠢᠭ᠎ᠠ ᠶᠤᠮ᠃ ᠤᠷᠴᠢᠮ ᠳᠤ ᠳᠡᠷᠡ ᠦᠪᠡᠷ ᠤᠨ ᠪᠦᠳᠦᠬᠡᠯ ᠎ ᠢᠶᠠᠨ ᠴᠤᠤᠷᠢᠶ᠎ᠠ ᠵᠡᠷᠬᠡ ᠰᠢᠨ᠎ᠠ ᠵᠠᠭᠤᠴᠢᠯᠠᠭᠤᠷ ᠲᠤ ᠭᠠᠷᠭᠠᠭᠠᠳ ᠦᠵᠡᠭᠴᠢ ᠤᠯᠠᠨ ᠤ ᠪᠠᠭ᠋ᠠᠷᠬᠠᠯ ᠢ ᠳᠠᠳᠠᠵᠦ ᠪᠠᠶᠢᠨ᠎ᠠ᠃     ᠦᠯᠵᠡᠢ ᠶᠢᠨ ᠬᠢ ᠳᠤᠩ ᠳᠤᠯᠤᠭᠠᠢ ᠭᠡᠭᠴᠢ ᠠᠭᠤᠯᠠ ᠡᠯᠡᠰᠦᠨ ᠤ ᠵᠠᠪᠰᠠᠷ ᠲᠤ ᠪᠠᠶᠢᠷᠢᠯᠠᠭ᠎ᠠ ᠪᠤᠴᠢᠬᠢᠨᠠᠭᠤᠷ ᠎ ᠲᠠᠢ᠂ ᠬᠠᠷᠭᠠᠨ᠎ᠠ ᠲᠠᠢ ᠰᠠᠶᠢᠬᠠᠨ ᠨᠤᠳᠤᠭ ᠲᠤ ᠮᠠᠯᠵᠢᠳᠠᠭ᠃ ᠠᠳᠡᠬᠢ ᠮᠠᠯᠴᠢᠳ ᠦᠶ᠎ᠠ ᠶᠢᠨ ᠦᠶ᠎ᠠ ᠳᠡᠭᠡᠨ ᠪᠤᠴᠢᠬᠢᠨᠠᠭᠤᠷ ᠢᠶᠠᠷ ᠳᠡᠮᠡᠭᠡ ᠮᠠᠯ ᠤᠨ ᠢᠶᠠᠨ ᠢᠳᠡᠩᠬᠢ ᠪᠤᠯᠭᠠᠬᠤ ᠠᠴᠠ ᠭᠠᠳᠠᠨ᠎ᠠ ᠳᠡᠮᠡᠬᠡᠨ ᠪᠤᠶᠢᠯᠡ ᠵᠤᠷᠭᠤᠬᠤ᠂ ᠳᠡᠷ᠎ᠡ ᠬᠢᠬᠦ᠂ ᠨᠢᠷᠤᠭᠤ ᠳᠠᠷᠤᠳᠠᠭ ᠮᠤᠳᠤ ᠬᠢᠬᠦ ᠵᠡᠷᠬᠡ ᠤᠯᠠᠨ ᠳᠠᠯ᠎ᠠ ᠶᠢᠨ ᠬᠡᠷᠡᠭᠴᠡᠬᠡᠨ ᠳᠤ ᠠᠰᠢᠭᠯᠠᠵᠦ ᠪᠠᠶᠢᠵᠡᠢ᠃ ᠪᠤᠴᠢᠬᠢᠨᠠᠭᠤᠷ ᠤᠨ ᠮᠤᠳᠤ ᠬᠠᠳᠠᠭᠤ᠂ ᠴᠢᠨᠠᠷ ᠰᠡᠷᠢᠬᠦᠨ᠂ ᠴᠢᠰᠦᠨ ᠤ ᠡᠷᠬᠢᠯᠳᠡ ᠶᠢ ᠰᠠᠶᠢᠵᠢᠷᠠᠭᠤᠯᠵᠤ᠂ ᠬᠤᠶᠠᠩ ᠰᠢᠷ᠎ᠠ ᠤᠰᠤ ᠶᠢ ᠳᠠᠷᠤᠬᠤ ᠳᠤ ᠰᠠᠶᠢᠨ ᠬᠡᠳᠡᠭ ᠳᠤᠯᠠ ᠦᠯᠵᠡᠢ ᠦᠷᠬᠦᠯᠵᠢ ᠳᠡᠬᠦᠨ ᠢᠶᠠᠷ ᠳᠠᠷ᠎ᠠ᠂ ᠨᠢᠷᠤᠭᠤ ᠳᠠᠷᠤᠬᠤ ᠮᠤᠳᠤ ᠬᠡᠬᠦᠴᠢᠯᠡᠨ ᠢ ᠬᠢᠵᠦ ᠨᠤᠳᠤᠭ ᠤᠰᠤᠨ ᠤ ᠪᠠᠨ ᠨᠠᠰᠤᠳᠠᠶᠢᠴᠤᠳ ᠲᠤ ᠬᠦᠷᠬᠡᠵᠦ ᠪᠠᠶᠠᠷᠯᠠᠭᠤᠯᠳᠠᠭ ᠪᠠᠶᠢᠵᠡᠢ᠃      ︽ᠪᠢ ᠬᠡᠨ ᠬᠦᠮᠦᠨ ᠢᠶᠠᠷ ᠵᠢᠭᠠᠯᠭᠠᠵᠦ ᠰᠤᠷᠤᠭ᠎ᠠ ᠦᠬᠡᠢ᠂ ᠠᠩᠬ᠎ᠠ ᠳᠤᠮᠳᠠᠳᠤ ᠶᠢᠨ ᠰᠤᠶᠤᠯ ᠤᠨ ᠬᠡᠮᠵᠢᠶ᠎ᠠ ᠎ ᠲᠠᠢ ᠪᠤᠯᠬᠤᠷ ᠠᠵᠢᠯ ᠠᠮᠢᠳᠤᠷᠠᠯ ᠳᠤᠮᠳᠠ ᠪᠠᠨ ᠶᠠᠭᠤ ᠨᠢᠬᠡᠨ ᠢ ᠠᠵᠢᠭᠯᠠᠵᠦ ᠰᠤᠳᠤᠯᠵᠤ᠂ ᠦᠵᠡᠭᠰᠡᠨ ᠬᠠᠷᠠᠭᠰᠠᠨ ᠪᠤᠳᠤᠭᠰᠠᠨ ᠤᠶᠢᠯᠠᠭᠠᠭᠰᠠᠨ ᠢᠶᠠᠷ ᠢᠶᠠᠨ ᠬᠢᠵᠦ ᠤᠷᠤᠯᠳᠤᠬᠤ ᠳᠤᠷᠠᠳᠠᠢ᠂ ᠠᠩᠬ᠎ᠠ ᠡᠬᠢᠯᠡᠬᠡᠳ ᠬᠡᠬᠡᠷ᠎ᠠ ᠬᠦᠳᠡᠬᠡᠨ ᠎ ᠠᠴᠠ ᠳᠡᠬᠦᠵᠦ ᠠᠪᠴᠢᠷᠠᠭᠰᠠᠨ ᠮᠤᠳᠤ ᠪᠠᠷ ᠢᠶᠠᠨ ᠳᠦᠬᠦᠮ ᠠᠪᠰᠠᠷᠬᠠᠨ ᠪᠠᠭᠠᠵᠢ ᠬᠡᠷᠡᠭᠰᠡᠯ ᠬᠢᠤ ᠪᠠᠶᠢᠭᠰᠠᠨ ᠢᠶᠠᠨ ᠰᠡᠬᠦᠯᠡᠷ ᠨᠢ ᠵᠢᠷᠤᠭ ᠳᠦᠷᠰᠦ ᠭᠠᠷᠭᠠᠵᠤ ᠤᠷᠠᠯᠠᠬᠤ ᠪᠤᠯᠵᠤ᠂ ᠤᠳᠤ ᠪᠤᠯᠬᠤ ᠳᠤ ᠳᠠᠪᠤᠨ ᠬᠤᠰᠢᠭᠤ ᠮᠠᠯ᠂ ᠠᠷᠢᠶᠠᠳᠠᠨ ᠵᠢᠬᠦᠷᠳᠡᠨ᠂ ᠳᠦᠷᠪᠡᠨ ᠬᠦᠴᠦᠳᠡᠨ ᠭᠡᠬᠦ ᠮᠡᠳᠦ ᠪᠠᠷ ᠤᠯᠠᠨ ᠵᠦᠢᠯ ᠢ ᠬᠢᠬᠦ ᠪᠤᠯᠪᠠ᠃ ᠪᠢ ᠪᠦᠳᠦᠬᠡᠯ ᠎ ᠢᠶᠠᠨ ᠶᠡᠷᠦ ᠨᠢ ᠪᠤᠳᠠ ᠮᠤᠳᠤᠨ ᠤ ᠪᠠᠶᠢᠭᠠᠯᠢ ᠠᠴᠠ ᠤᠷᠭᠤᠵᠤ ᠪᠦᠳᠦᠭᠰᠡᠨ ᠤᠭ ᠳᠦᠷᠰᠦ ᠶᠢ ᠦᠨᠳᠦᠰᠦᠯᠡᠨ ᠪᠠᠭ᠎ᠠ ᠰᠠᠭ᠎ᠠ ᠦᠩᠭᠡᠯᠡᠵᠦ ᠴᠢᠮᠡᠭᠯᠡᠨ᠂ ᠪᠠᠷᠢᠬᠤ ᠳᠤ ᠳᠠᠭᠠᠯᠠᠮᠵᠢᠳᠠᠢ᠂ ᠦᠩᠭᠡ ᠭᠠᠯᠪᠢᠷ ᠨᠢ ᠰᠠᠶᠢᠬᠠᠨ᠂ ᠦᠵᠡᠮᠦᠷᠢ ᠲᠠᠢ ᠪᠠᠶᠢᠯᠭᠠᠬᠤ ᠶᠢ ᠵᠤᠷᠢᠳᠠᠭ︾ ᠬᠡᠵᠦ ᠡᠨᠡ ᠵᠢᠯ ᠵᠢᠷᠠᠨ ᠭᠤᠷᠪᠠᠳᠠᠢ ᠦᠯᠵᠡᠢ ᠭᠤᠸᠠᠢ ᠶᠠᠷᠢᠨ᠎ᠠ᠃ ᠳᠡᠷᠡ ᠳᠡᠮᠦᠷ ᠤᠨ ᠬᠢᠷᠦᠬᠡ ᠶᠢ ᠪᠢᠯᠡᠬᠦᠳᠡᠨ᠂ ᠰᠡᠶᠢᠯᠵᠦ ᠤᠷᠠᠯᠠᠬᠤ ᠬᠢᠳᠤᠭ᠎ᠠ ᠪᠠᠭᠠᠵᠢ ᠪᠠᠨ ᠪᠤᠯᠭᠠᠵᠦ ᠪᠠᠶᠢᠳᠠᠭ᠃ ᠬᠦᠦ ᠨᠢ ᠬᠡᠳᠦᠶᠢᠪᠡᠷ ᠳᠡᠬᠦᠨ ᠳᠤ ᠰᠡᠶᠢᠯᠵᠦ ᠤᠷᠠᠯᠠᠬᠤ ᠰᠠᠶᠢᠬᠠᠨ ᠳᠦᠬᠦᠬᠡᠷᠦᠮᠵᠢ ᠬᠤᠳᠠᠯᠳᠤᠵᠤ ᠠᠪᠴᠢᠷᠠᠵᠦ ᠦᠭᠬᠦᠭᠰᠡᠨ ᠪᠤᠯᠪᠠᠴᠦ ᠦᠪᠡᠷ ᠤᠨ ᠬᠢᠭᠰᠡᠨ ᠬᠢᠳᠤᠭ᠎ᠠ ᠪᠠᠨ ᠭᠠᠷ ᠲᠤ ᠳᠡᠮᠳᠡᠢ ᠬᠡᠷᠡᠭᠯᠡᠬᠦ ᠳᠤ ᠡᠪᠳᠡᠢ ᠬᠡᠵᠦ ᠦᠷᠬᠦᠯᠵᠢ ᠵᠠᠷᠤᠵᠤ ᠪᠠᠶᠢᠳᠠᠭ ᠬᠡᠨ᠎ᠠ᠃ ᠤᠶᠢᠷ᠎ᠠ ᠶᠢᠨ ᠵᠢᠯ ᠳᠤ ᠳᠡᠷᠡ ᠦᠩᠭᠡᠯᠡᠬᠦ ᠮᠠᠰᠢᠨ᠂ ᠱᠠ ᠴᠠᠭᠠᠰᠦ ᠵᠡᠷᠬᠡ ᠰᠢᠨ᠎ᠠ ᠮᠠᠶ᠋ᠢᠭ ᠤᠨ ᠳᠦᠬᠦᠬᠡᠷᠦᠮᠵᠢ ᠨᠡᠮᠡᠵᠦ ᠠᠪᠴᠠᠢ᠃     ᠪᠤᠴᠢᠬᠢᠨᠠᠭᠤᠷ ᠠᠴᠠ ᠭᠠᠳᠠᠨ᠎ᠠ ᠮᠦᠩᠭᠡ ᠬᠠᠷᠭᠠᠨ᠎ᠠ ᠶᠢ ᠮᠠᠰᠢ ᠭᠤᠶᠤ ᠰᠠᠶᠢᠬᠠᠨ ᠰᠡᠶᠢᠯᠵᠦ ᠤᠷᠠᠯᠠᠵᠦ ᠪᠤᠯᠳᠠᠭ ᠎ ᠢ ᠦᠯᠵᠡᠢ ᠭᠤᠸᠠᠢ ᠤᠯᠵᠤ ᠮᠡᠳᠡᠵᠡᠢ᠃ 2019 ᠤᠨ ᠳᠤ ᠤᠨᠳᠤᠷᠤᠯᠳᠦ ᠳᠤ ᠰᠢᠷᠦᠬᠦᠨ ᠪᠤᠷᠤᠭᠠᠨ ᠤᠷᠤᠭᠠᠳ ᠠᠭᠤᠯᠠ ᠶᠢᠨ ᠦᠶᠠᠷ ᠲᠤ ᠮᠠᠰᠢ ᠠᠷᠪᠢᠨ ᠮᠦᠩᠭᠡ ᠬᠠᠷᠭᠠᠨ᠎ᠠ ᠶᠢᠨ ᠬᠤᠵᠤᠤᠯ᠎ᠠ ᠳᠠᠭᠤᠭᠳᠠᠨ ᠢᠷᠡᠭᠰᠡᠨ ᠪᠠᠶᠢᠪᠠ᠃ ᠦᠯᠵᠡᠢ ᠠᠶᠠᠭᠠᠨ ᠴᠢᠨᠡᠬᠡᠨ ᠨᠢᠬᠡ ᠦᠨᠳᠦᠰᠦ ᠶᠢ ᠰᠤᠩᠭᠤᠵᠤ ᠤᠷᠠᠯᠠᠨ ᠳᠡᠷ᠎ᠠ ᠬᠢᠬᠡᠳ ᠬᠠᠵᠠᠭᠤ ᠠᠶᠢᠯ ᠤᠨ ᠬᠢᠨ ᠎ ᠳᠡᠭᠡᠨ ᠪᠡᠯᠡᠭᠯᠡᠵᠦ ᠦᠭᠭᠦᠭᠰᠡᠨ ᠬᠡᠨ᠎ᠠ᠃ ᠤᠳᠤ ᠪᠤᠯᠬᠤ ᠳᠤ ᠳᠡᠷᠡᠬᠦ ᠳᠡᠷ᠎ᠡ ᠨᠢ ᠬᠡᠷᠡᠭᠯᠡᠬᠦ ᠳᠤᠳᠤᠮ ᠦᠩᠭᠡᠵᠢᠵᠦ᠂ ᠬᠦᠷᠡᠩ ᠬᠠᠷ᠎ᠠ ᠦᠩᠭᠡᠳᠡᠢ ᠬᠦᠯᠢᠭᠡᠷ ᠰᠠᠶᠢᠬᠠᠨ ᠳᠡᠷ᠎ᠠ ᠪᠤᠯᠵᠤ ᠬᠠᠷᠠᠭᠰᠠᠨ ᠪᠦᠬᠦᠨ ᠤ ᠪᠠᠬ᠎ᠠ ᠶᠢ ᠳᠠᠳᠠᠵᠦ ᠪᠠᠶᠢᠳᠠᠭ ᠪᠤᠯᠵᠡᠢ᠃     ᠦᠯᠵᠡᠢ ᠶᠢᠨ ᠬᠠᠮᠤᠭ ᠤᠨ ᠬᠠᠶᠢᠷᠠᠳᠠᠢ ᠨᠢᠬᠡᠨ ᠰᠡᠶᠢᠯᠦᠮᠡᠯ ᠨᠢ ᠶᠠᠰᠢᠯ ᠮᠤᠳᠤ ᠪᠠᠷ ᠬᠢᠭᠰᠡᠨ ᠮᠠᠳᠠᠷ ᠪᠤᠯᠤᠨ᠎ᠠ᠃ ᠳᠡᠷᠡ ᠬᠤᠶᠠᠷ ᠵᠢᠯ ᠤᠨ ᠡᠮᠦᠨ᠎ᠠ ᠬᠡᠷ ᠤᠨ ᠠᠷᠤ ᠶᠢᠨ ᠠᠭᠤᠯᠠᠨ ᠠᠴᠠ ᠨᠢᠬᠡᠨ ᠦᠬᠢᠷ᠎ᠠ ᠶᠠᠰᠢᠯ ᠤᠨ ᠬᠤᠵᠤᠤᠯ᠎ᠠ ᠤᠯᠤᠭᠰᠠᠨ ᠬᠡᠨ᠎ᠠ᠃ ᠤᠨ ᠵᠢᠯ ᠤᠳᠠᠭᠰᠠᠨ ᠮᠤᠳᠤ ᠪᠠᠶᠢᠭᠰᠠᠨ ᠳᠤᠯᠠ ᠬᠠᠯᠢᠰᠦ ᠨᠢ ᠳᠠᠪᠬᠤᠷ ᠳᠠᠪᠬᠤᠷ ᠢᠶᠠᠷ ᠬᠤᠪᠬᠤᠷᠠᠨ ᠤᠨᠠᠵᠦ ᠪᠠᠶᠢᠭᠰᠠᠨ ᠪᠠᠶᠢᠪᠠᠴᠦ ᠭᠤᠤᠯ ᠤᠨ ᠬᠡᠰᠡᠭ ᠨᠢ ᠬᠠᠷᠢᠨ ᠬᠠᠳᠠᠭᠤ ᠰᠠᠶᠢᠬᠠᠨ ᠢᠶᠠᠷ ᠢᠶᠠᠨ ᠪᠠᠶᠢᠵᠦ ᠬᠡᠨ᠎ᠠ᠃ ᠳᠡᠬᠡᠬᠡᠳ ᠳᠡᠷᠡ ᠡᠨᠡᠬᠦ ᠮᠤᠳᠤᠨ ᠤ ᠬᠡᠯᠪᠡᠷᠢ ᠳᠦᠷᠰᠦ ᠶᠢ ᠦᠵᠡᠨ ᠪᠠᠶᠢᠵᠦ ᠮᠠᠳᠠᠷ ᠪᠤᠯᠭᠠᠨ ᠰᠡᠶᠢᠯᠦᠭᠰᠡᠨ ᠬᠡᠳᠡᠭ᠃    ᠦᠯᠵᠡᠢ ᠶᠢᠨ ᠬᠡᠷ ᠤᠨ ᠤᠷᠴᠢᠮ ᠳᠤ ᠤᠳᠤ ᠴᠦ ᠬᠡᠰᠡᠨ ᠬᠤᠷᠢᠭᠠᠳ ᠶᠠᠰᠢᠯ ᠤᠨ ᠮᠤᠳᠤ ᠤᠷᠭᠤᠵᠤ ᠪᠠᠶᠢᠳᠠᠭ᠃ ᠶᠠᠰᠢᠯ ᠭᠡᠭᠴᠢ ᠡᠮ ᠳᠤ ᠤᠷᠤᠳᠠᠭ ᠬᠤᠪᠤᠷ ᠮᠤᠳᠤ᠃ ᠳᠡᠷᠡ ᠬᠤᠪᠤᠷᠬᠠᠨ ᠪᠠᠶᠢᠳᠠᠭ ᠡᠳᠡᠬᠡᠷ ᠮᠤᠳᠤ ᠶᠢ ᠦᠷᠬᠦᠯᠵᠢ ᠬᠠᠶᠢᠷᠠᠯᠠᠨ ᠳᠤᠳᠤᠮᠳᠠᠵᠦ ᠬᠠᠮᠠᠭᠠᠯᠠᠵᠦ ᠪᠠᠶᠢᠳᠠᠭ ᠬᠡᠨ᠎ᠠ᠃ ᠦᠯᠵᠡᠢ  ᠪᠡᠯᠴᠢᠬᠡᠷ ᠤᠨ ᠬᠢᠷᠢ ᠪᠠᠷ ᠮᠠᠯᠵᠢᠵᠦ᠂ ᠨᠤᠳᠤᠭ ᠤᠰᠤᠨ ᠤ ᠪᠠᠨ ᠡᠪᠡᠰᠦ ᠮᠤᠳᠤ ᠪᠦᠬᠦᠨ ᠢ ᠬᠠᠶᠢᠷᠠᠯᠠᠨ᠂ ᠴᠢᠬᠢᠭ ᠲᠠᠢ ᠨᠤᠶᠢᠳᠠᠨ ᠤᠷᠭᠤᠮᠠᠯ ᠮᠤᠳᠤ ᠶᠢ ᠬᠦᠨᠳᠡᠳᠡᠭ ᠦᠬᠡᠢ᠃ ᠵᠠᠭᠤ ᠭᠠᠷᠤᠢ ᠬᠤᠨᠢ᠂ ᠵᠢᠷᠠ ᠬᠦᠷᠬᠦ ᠦᠬᠡᠷ ᠮᠠᠯᠵᠢᠵᠤ᠂ ᠦᠰᠴᠦ ᠦᠷᠡᠵᠢᠭᠰᠡᠨ ᠢᠶᠠᠨ ᠬᠤᠳᠠᠯᠳᠤᠵᠤ᠂ ᠮᠠᠯ ᠪᠡᠯᠴᠢᠬᠡᠷ ᠤᠨ ᠳᠡᠩᠴᠡᠬᠦᠷᠢ ᠶᠢ ᠠᠩᠬᠠᠷᠤᠨ᠂ ᠵᠢᠯ ᠳᠡᠭᠡᠨ 15 ᠳᠦᠮᠡ ᠤᠷᠴᠢᠮ ᠤᠨ ᠴᠡᠪᠡᠷ ᠤᠷᠤᠯᠭ᠎ᠠ ᠲᠠᠢ ᠰᠡᠳᠬᠢᠯ ᠬᠠᠩᠬᠤᠯᠤᠭᠤᠨ ᠠᠮᠢᠳᠤᠷᠠᠳᠠᠭ ᠶᠤᠮ ᠪᠠᠶᠢᠨ᠎ᠠ᠃     ︽ᠨᠠᠳᠠᠳᠤ ᠨᠠᠭᠠᠳᠤᠮ ᠮᠦᠷᠦᠶᠢᠴᠡᠬᠡᠨ ᠳᠤ ᠤᠷᠤᠯᠴᠠᠬᠤ᠂ ᠠᠷᠢᠬᠢ ᠳᠠᠷᠠᠰᠦ ᠤᠤᠭᠤᠬᠤ ᠳᠤᠷ᠎ᠠ ᠬᠦᠰᠡᠯ ᠪᠠᠶᠢᠳᠠᠭ ᠦᠬᠡᠢ᠂ ᠤᠳᠤ ᠠᠵᠢᠯ ᠤᠨ ᠢᠶᠠᠨ ᠴᠢᠯᠦᠬᠡᠨ ᠳᠤ ᠬᠠᠮᠤᠭ ᠬᠢᠬᠦ ᠳᠤᠷᠠᠳᠠᠢ ᠵᠦᠢᠯ ᠪᠤᠯ ᠦᠬᠢᠷᠡᠭᠰᠡᠨ ᠮᠤᠳᠤ ᠎ ᠶᠢ ᠠᠮᠢᠯᠠᠭᠤᠯᠵᠤ ᠦᠵᠡᠮᠦᠷᠢ ᠲᠠᠢ ᠰᠠᠶᠢᠬᠠᠨ ᠡᠳ᠋ᠯᠡᠯ ᠪᠤᠯᠭᠠᠬᠤ ᠬᠡᠰᠡᠨ ᠤᠷᠤᠯᠳᠤᠯᠭ᠎ᠠ ᠪᠠᠶᠢᠭ᠎ᠠ ᠶᠤᠮ᠃ ᠤᠶᠢᠷ᠎ᠠ ᠎ ᠶᠢᠨ ᠵᠢᠯ ᠳᠤ ᠬᠢᠭᠰᠡᠨ ᠤᠷᠠᠯᠠᠭᠰᠠᠨ ᠵᠦᠢᠯ ᠢᠶᠠᠨ ᠬᠤᠶᠠᠷᠬᠤᠳᠳᠤᠭ ᠤᠨ ᠴᠤᠭᠯᠠᠭ᠎ᠠ ᠮᠠᠶᠢᠮᠠᠢ ᠪᠤᠶᠤ ᠤᠪᠤᠭᠠᠨ ᠳᠠᠬᠢᠯᠭ᠎ᠠ᠂ ᠨᠠᠶᠢᠷ ᠨᠠᠭᠠᠳᠤᠮ ᠤᠨ ᠳᠠᠯᠠᠪᠠᠢ ᠳᠤ ᠠᠪᠠᠴᠢᠵᠦ ᠬᠤᠳᠠᠯᠳᠤᠭᠠᠳ ᠤᠷᠤᠯᠭ᠎ᠠ ᠪᠠᠨ ᠨᠡᠮᠡᠭᠳᠡᠬᠦᠯᠵᠦ ᠪᠠᠶᠢᠨ᠎ᠠ ᠃ ᠰᠠᠷ᠎ᠠ ᠳᠠᠭᠠᠨ 2000 ᠤᠷᠴᠢᠮ ᠤᠨ ᠤᠷᠤᠯᠭ᠎ᠠ ᠤᠯᠵᠤ ᠭᠠᠷ ᠵᠠᠷᠤᠯᠭ᠎ᠠ ᠪᠠᠨ ᠪᠤᠯᠭᠠᠳᠠᠭ︾ ᠬᠡᠵᠦ ᠦᠯᠵᠡᠢ ᠭᠤᠸᠠᠢ ᠶᠠᠷᠢᠵᠦ ᠪᠢᠯᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号