ᠤᠳᠤᠮ ᠢᠶᠠᠨ ᠳᠠᠭᠠᠵᠦ ᠤᠬᠠᠭᠠᠨ ᠲᠡᠯᠡᠭᠰᠡᠨ ᠤᠷᠠᠨ ᠪᠦᠰᠡᠬᠦᠢ
ᠨᠡᠶᠢᠲᠡᠯᠡᠭᠰᠡᠨ ᠴᠠᠭ᠄
2022/6/7
 ᠡᠷᠳᠡᠨᠢᠠᠠᠭᠤᠯᠠ  ᠡᠷᠳᠡᠨᠢᠬᠦᠦ                    ︽ᠪᠠᠷᠠᠭᠤᠨ ᠰᠦᠨᠢᠳ ᠤᠨ ᠳᠡᠷᠯᠢᠭ ᠨᠢ ᠭᠤᠷᠪᠠᠨ ᠡᠮᠵᠢᠶᠡᠷᠢ ᠲᠠᠢ᠂ ᠲᠡᠷᠯᠢᠭ ᠤᠨ ᠵᠠᠭᠠᠮ᠎ᠠ ᠶᠢ ᠨᠢ ᠤᠶᠤᠬᠤ ᠎ ᠳᠤ ᠠᠮᠢᠰᠬᠤᠯ ᠬᠡᠵᠦ ᠭᠠᠷᠭᠠᠳᠠᠭ᠂ ᠪᠠᠶ᠎ᠠ ᠶᠢ ᠨᠢ ᠡᠯᠪᠡᠭ ᠠᠭᠤᠵᠢᠭᠤ ᠤᠶᠤᠳᠠᠭ ᠁︾ ᠬᠡᠵᠦ ᠪᠠᠶᠠᠠᠬᠤᠳᠠ ᠎ ᠶᠢᠨ ᠦᠨᠳᠦᠰᠦᠳᠡᠨ ᠤ ᠵᠡᠩ ᠦᠢᠯᠡ ᠶᠢᠨ ᠵᠡᠬᠡᠯᠢ ᠶᠢᠨ ᠵᠡᠬᠦᠨ ᠡᠮᠦᠨ᠎ᠠ ᠵᠠᠬ᠎ᠠ ᠪᠠᠷ ᠪᠠᠶᠢᠷᠢᠯᠠᠵᠦ ᠪᠠᠶᠢᠭ᠎ᠠ ᠮᠠᠩᠨᠤᠭ ᠦᠨᠳᠦᠰᠦᠳᠡᠨ ᠤ ᠬᠤᠪᠴᠠᠰᠦ ᠵᠠᠰᠠᠯ ᠤᠨ ᠤᠶᠤᠳᠠᠯ ᠤᠨ ᠳᠡᠯᠬᠡᠬᠦᠷ ᠤᠨ ᠡᠵᠡᠨ ᠮᠦᠳᠡᠨ ᠦᠪᠡᠷ ᠤᠨ ᠤᠶᠤᠵᠤ ᠤᠷᠠᠯᠠᠭᠰᠠᠨ ᠳᠡᠷᠯᠢᠭ ᠢᠶᠠᠨ ᠢᠷᠡᠭᠰᠡᠨ ᠵᠤᠴᠢᠳ ᠲᠠᠭᠠᠨ ᠳᠠᠨᠢᠯᠴᠠᠭᠤᠯᠵᠤ ᠪᠠᠶᠢᠯ᠎ᠠ᠃ ᠳᠡᠷᠡᠪᠡᠷ ᠡᠨᠡᠬᠦ ᠳᠡᠯᠬᠡᠬᠦᠷ ᠢᠶᠠᠨ ᠨᠡᠭᠡᠭᠡᠭᠡᠳ ᠨᠢᠬᠡᠨᠳᠡ ᠳᠤᠯᠤᠭᠠᠨ ᠵᠢᠯ ᠤᠨ ᠨᠢᠭᠤᠷ ᠦᠵᠡᠵᠦ ᠪᠠᠶᠢᠭ᠎ᠠ ᠪᠦᠬᠡᠳ ᠨᠤᠳᠤᠭ ᠤᠨ ᠢᠶᠠᠨ ᠤᠯᠠᠮᠵᠢᠯᠠᠯᠳᠤ ᠤᠶᠤᠳᠠᠯ ᠢᠶᠠᠷ ᠢᠶᠠᠨ ᠤᠨᠴᠠᠯᠢᠭ ᠪᠤᠯᠭᠠᠨ ᠦᠢᠯᠡ ᠤᠷᠠᠯᠠᠵᠤ᠂ ᠦᠪᠡᠷ ᠤᠨ ᠬᠡᠰᠡᠨ ᠵᠠᠬ᠎ᠠ ᠳᠡᠯᠬᠡᠬᠦᠷ ᠤᠨ ᠤᠷᠤᠨ ᠪᠠᠶᠢᠷᠢ ᠪᠠᠨ ᠡᠵᠡᠯᠡᠨ᠂ ᠬᠡᠷᠡᠭᠯᠡᠭᠴᠢᠳ ᠤᠨ ᠪᠠᠭ᠋ᠠᠷᠬᠠᠯ ᠢ ᠤᠯᠵᠤ ᠪᠠᠶᠢᠭ᠎ᠠ ᠶᠤᠮ᠃    ᠮᠦᠳᠡᠨ ᠪᠠᠷᠠᠭᠤᠨ ᠰᠦᠨᠢᠳ ᠨᠤᠳᠤᠭ ᠲᠠᠢ᠂ 2000 ᠤᠨ ᠳᠤ ᠰᠤᠷᠭᠠᠭᠤᠯᠢ ᠪᠠᠨ ᠳᠡᠬᠦᠰᠬᠡᠬᠡᠳ᠂ 2004 ᠤᠨ ᠳᠤ ᠠᠯᠠᠱᠠ ᠳᠤ ᠢᠷᠡᠵᠦ᠂ ᠳᠡᠭᠷᠢ ᠠᠵᠤ ᠠᠬᠤᠢ ᠮᠡᠷᠬᠡᠵᠢᠯ ᠤᠨ ᠨᠡᠬᠡᠬᠡᠯᠳᠡ ᠶᠢᠨ ᠤᠷᠤᠨ ᠤ ᠳᠡᠭᠷᠢ ᠡᠯᠡᠰᠦ ᠪᠠᠯᠭᠠᠰᠤᠨ ᠤ ᠤᠯᠠᠭᠠᠠᠬᠠᠳᠠ ᠭᠠᠴᠠᠭᠠᠨ ᠤ ᠮᠦᠩᠭᠡᠵᠢᠷᠭᠠᠯ ᠲᠠᠢ ᠨᠠᠰᠤᠨ ᠤ ᠵᠠᠶᠠᠭ᠎ᠠ ᠪᠠᠨ ᠬᠤᠯᠪᠤᠨ ᠰᠠᠭᠤᠵᠡᠢ᠃ ᠳᠡᠷᠡ ᠠᠩᠬ᠎ᠠ ᠡᠬᠢᠯᠡᠬᠡᠳ ᠨᠤᠳᠤᠭ ᠤᠨ ᠢᠶᠠᠨ ᠤᠯᠠᠮᠵᠢᠯᠠᠯᠳᠤ ᠢᠳᠡᠬᠡᠨ ᠤᠮᠳᠠᠭᠠᠨ ᠢ ᠠᠯᠠᠱᠠ ᠳᠦᠮᠡᠨ ᠳᠤ ᠳᠠᠨᠢᠯᠴᠠᠭᠤᠯᠵᠤ ᠡᠳ᠋ᠯᠡᠬᠦᠯᠬᠦ ᠪᠠᠷ ᠵᠤᠷᠢᠵᠦ᠂ ᠤᠷᠢᠳ ᠬᠤᠵᠢᠳ ᠰᠦ ᠲᠠᠢ ᠴᠠᠢ ᠶᠢᠨ ᠮᠤᠬᠤᠯᠠᠭ᠂ ᠴᠠᠭᠠᠨ ᠢᠳᠡᠬᠡᠨ ᠎ ᠤ ᠳᠡᠯᠬᠡᠬᠦᠷ ᠭᠠᠷᠭᠠᠵᠡᠢ᠃ ᠰᠡᠭᠦᠯᠡᠷ ᠨᠢ ᠬᠤᠪᠴᠠᠰᠦᠨ ᠤ ᠳᠡᠯᠬᠡᠬᠦᠷ ᠡᠷᠬᠢᠯᠡᠵᠦ ᠪᠠᠶᠢᠭᠰᠠᠨ ᠢᠶᠠᠨ ᠬᠡᠦᠬᠡᠳ ᠲᠠᠢ ᠪᠤᠯᠤᠭᠰᠠᠨ ᠢᠶᠠᠷ ᠳᠡᠯᠬᠡᠬᠦᠷ ᠢᠶᠠᠨ ᠬᠤᠳᠠᠯᠳᠤᠵᠤ ᠦᠷ᠎ᠠ ᠬᠡᠦᠬᠡᠳ ᠢᠶᠠᠨ ᠬᠠᠷᠠᠵᠦ ᠳᠤᠳᠤᠮᠳᠠᠵᠦ ᠰᠠᠭᠤᠵᠡᠢ᠃ ᠬᠤᠶᠠᠳᠤᠭᠠᠷ ᠬᠡᠦᠬᠡᠳ ᠨᠢ ᠤᠢ ᠬᠦᠷᠬᠦ ᠳᠤ ᠳᠡᠷᠡ ᠳᠠᠬᠢᠨ ᠠᠷᠠᠯᠵᠢᠶ᠎ᠠ ᠬᠤᠳᠠᠯᠳᠤᠭ᠎ᠠ ᠬᠢᠬᠦ ᠪᠠᠷ ᠰᠠᠨᠠᠭᠰᠠᠨ ᠪᠠᠶᠢᠨ᠎ᠠ ᠃ ᠳᠡᠷᠡ ᠵᠠᠬ᠎ᠠ ᠳᠡᠯᠬᠡᠬᠦᠷ ᠲᠤ ᠳᠠᠬᠢᠨ ᠪᠠᠶᠢᠴᠠᠭᠠᠯᠳᠠ ᠬᠢᠭᠰᠡᠨ ᠳᠤ ᠤᠤᠯ ᠤᠨ ᠡᠷᠬᠢᠯᠡᠵᠦ ᠪᠠᠶᠢᠭᠰᠠᠨ ᠢᠶᠠᠨ ᠰᠡᠷᠬᠦᠬᠡᠵᠦ ᠬᠢᠬᠦ ᠨᠢ ᠵᠤᠬᠢᠮᠵᠢ ᠦᠬᠡᠢ ᠰᠠᠨᠠᠭᠳᠠᠵᠦ᠂ ᠦᠶ᠎ᠠ ᠶᠢᠨ ᠦᠶ᠎ᠠ ᠳᠤ ᠵᠠᠯᠭᠠᠮᠵᠢᠯᠠᠵᠦ ᠪᠠᠶᠢᠭᠰᠠᠨ ᠪᠠᠷᠠᠭᠤᠨ ᠰᠦᠨᠢᠳ ᠤᠨ ᠬᠤᠪᠴᠠᠰᠦ ᠵᠠᠰᠠᠯ ᠢ ᠤᠯᠠᠮᠵᠢᠯᠠᠨ ᠠᠪᠴᠦ ᠳᠡᠯᠬᠡᠷᠡᠬᠦᠯᠬᠦ  ᠎ ᠶᠢ ᠵᠤᠷᠢᠵᠡᠢ᠃     ᠮᠦᠳᠡᠨ ᠤ ᠳᠡᠭᠡᠳᠦᠬᠦᠯ ᠤᠨ ᠳᠦᠷᠪᠡᠨ ᠦᠶ᠎ᠠ ᠪᠠᠷ ᠤᠷᠠᠨ ᠤᠶᠤᠳᠠᠯᠴᠢᠨ ᠪᠠᠶᠢᠭᠰᠠᠨ ᠬᠡᠵᠦ ᠡᠵᠢ ᠨᠢ ᠶᠠᠷᠢᠳᠠᠭ ᠪᠠᠶᠢᠵᠡᠢ᠃ ᠳᠡᠷᠡ ᠪᠠᠭ᠎ᠠ ᠠᠴᠠ ᠪᠠᠨ ᠨᠠᠭ᠎ᠠ ᠡᠮᠡᠭᠡ ᠪᠤᠯᠤᠨ ᠡᠵᠢ ᠶᠢᠨ ᠢᠶᠠᠨ ᠦᠢᠯᠡ ᠤᠶᠤᠵᠤ ᠪᠠᠶᠢᠬᠤ ᠶᠢ ᠦᠵᠡᠵᠦ ᠬᠠᠷᠠᠵᠦ ᠪᠠᠶᠢᠭᠰᠠᠨ ᠢᠶᠠᠷ ᠤᠶᠤᠵᠦ ᠬᠠᠳᠬᠤᠬᠤ ᠠᠵᠢᠯ ᠤᠨ ᠬᠦᠴᠢᠷ ᠵᠤᠪᠠᠯᠠᠩ ᠢ ᠮᠡᠳᠡᠵᠦ᠂ ᠡᠨᠡ ᠨᠠᠰᠤᠨ ᠳᠠᠭᠠᠨ ᠤᠶᠤᠳᠠᠯ ᠤᠶᠤᠬᠤ ᠦᠬᠡᠢ ᠬᠡᠵᠦ ᠰᠡᠮᠡᠬᠡᠷ ᠪᠤᠳᠤᠵᠦ ᠦᠩᠭᠡᠷᠡᠭᠰᠡᠨ ᠬᠡᠳᠡᠭ᠃ ᠬᠢᠬᠦ ᠦᠬᠡᠢ ᠬᠡᠰᠡᠨ ᠵᠦᠢᠯ ᠢ ᠭᠤᠷᠪᠠ ᠬᠢᠵᠦ᠂ ᠶᠠᠪᠤᠬᠤ ᠦᠬᠡᠢ ᠬᠡᠰᠡᠨ ᠵᠠᠮ ᠢᠶᠠᠷ ᠭᠤᠷᠪᠠᠨᠲᠠ ᠶᠠᠪᠤᠨ᠎ᠠ ᠬᠡᠳᠡᠭᠴᠢᠯᠡᠨ ᠵᠠᠬ᠎ᠠ ᠳᠡᠯᠬᠡᠬᠦᠷ ᠎ ᠤᠨ ᠪᠠᠶᠢᠴᠠᠭᠠᠯᠳᠠ ᠬᠢᠬᠦ ᠳᠤᠮᠳᠠ ᠪᠠᠨ ᠳᠡᠬᠦᠨ ᠤ ᠬᠢᠬᠦ ᠦᠬᠡᠢ ᠬᠡᠵᠦ ᠪᠤᠳᠤᠵᠤ ᠪᠠᠶᠢᠭᠰᠠᠨ ᠵᠦᠢᠯ ᠨᠢ ᠬᠠᠮᠤᠭ ᠤᠨ ᠤᠨᠴᠠᠯᠢᠭ ᠲᠠᠢ᠂ ᠬᠠᠮᠤᠭ ᠤᠨ ᠳᠤᠬᠢᠷᠠᠮᠵᠢᠳᠠᠢ ᠰᠠᠶᠢᠬᠠᠨ ᠬᠢᠵᠦ ᠪᠦᠳᠦᠬᠡᠬᠦ ᠵᠦᠢᠯ ᠪᠤᠯᠤᠭᠠᠳ ᠪᠠᠶᠢᠭ᠎ᠠ ᠶᠢ ᠰᠡᠷᠡᠵᠦ ᠮᠡᠳᠡᠵᠡᠢ᠃ ᠪᠤᠳᠤᠵᠦ ᠰᠢᠢᠳᠦᠭᠰᠡᠨ ᠢᠶᠠᠨ ᠪᠡᠶᠡᠯᠡᠬᠦᠯᠬᠦ ᠪᠠᠷ ᠵᠢᠳᠬᠦᠳᠡᠭ ᠨᠢ ᠮᠦᠳᠡᠨ ᠤ ᠵᠠᠩ ᠪᠢᠯᠡ᠃ ᠳᠡᠬᠡᠬᠡᠳ ᠳᠡᠷᠡ ᠡᠵᠢ ᠶᠢᠨ ᠢᠶᠠᠨ ᠬᠠᠵᠠᠭᠤ ᠳᠤ ᠬᠦᠷᠴᠦ 5 ᠰᠠᠷ᠎ᠠ ᠤᠶᠤᠵᠦ ᠡᠰᠭᠡᠬᠦ ᠶᠢ ᠰᠤᠷᠤᠭᠰᠠᠨ ᠢᠶᠠᠷ᠂ ᠤᠷᠠᠨ ᠣᠶᠤᠳᠠᠯᠴᠢᠨ ᠤ ᠤᠳᠤᠮ ᠳᠠᠭᠠᠭᠰᠠᠨ ᠴᠦ ᠪᠢᠯᠢᠦ᠂ ᠵᠤᠷᠢᠭ ᠴᠢᠷᠮᠠᠶᠢᠯᠭ᠎ᠠ ᠲᠠᠢ ᠪᠠᠶᠢᠳᠠᠭ ᠠᠴᠠ  ᠪᠤᠯᠤᠭᠰᠠᠨ ᠴᠦ ᠪᠢᠯᠢᠤ᠂ ᠤᠬᠤᠷᠬᠠᠨ ᠬᠤᠭᠤᠴᠠᠭᠠᠨ ᠳᠤ ᠪᠠᠷᠠᠭᠤᠨ ᠰᠦᠨᠢᠳ ᠤᠨ ᠳᠡᠷᠯᠢᠭ ᠳᠡᠪᠡᠯ ᠢ ᠤᠷᠠᠯᠠᠵᠦ ᠡᠰᠭᠡᠭᠦ᠂ ᠤᠶᠤᠵᠤ ᠬᠠᠳᠬᠤᠬᠤ ᠶᠢᠨ ᠪᠦᠬᠦ ᠦᠢᠯᠡ ᠶᠢ ᠰᠤᠷᠴᠦ ᠡᠵᠡᠮᠰᠢᠬᠡᠳ ᠪᠤᠴᠠᠵᠦ ᠢᠷᠡᠵᠡᠢ᠃ ᠳᠡᠬᠡᠬᠡᠳ 15 ᠳᠦᠮᠡᠨ ᠳᠦᠬᠦᠷᠢᠭ ᠤᠨ ᠪᠡᠯᠡ ᠤᠷᠤᠭᠤᠯᠤᠨ ᠳᠡᠯᠬᠡᠬᠦᠷ ᠭᠠᠷᠭᠠᠵᠦ᠂ ᠳᠦᠬᠦᠬᠡᠷᠦᠮᠵᠢ ᠪᠠ ᠳᠤᠷᠭ᠎ᠠ ᠪᠠᠷᠠᠭ᠎ᠠ ᠤᠷᠤᠭᠤᠯᠤᠨ ᠡᠵᠡᠩᠨᠡᠯᠳᠡ ᠪᠠᠨ ᠡᠬᠢᠯᠡᠬᠦᠯᠦᠭᠰᠡᠨ ᠪᠠᠶᠢᠪᠠ᠃ ᠡᠵᠢ ᠨᠢ ᠪᠠᠷᠠᠭᠤᠨ ᠰᠦᠨᠢᠳ ᠠᠴᠠ ᠳᠤᠰᠬᠠᠶᠢᠯᠠᠨ ᠢᠷᠡᠵᠦ᠂ 6 ᠰᠠᠷ᠎ᠠ ᠬᠡᠦᠬᠡᠨ ᠳᠡᠭᠡᠨ ᠳᠡᠮ ᠪᠤᠯᠵᠤ᠂ ᠠᠵᠢᠯ ᠢ ᠨᠢ ᠳᠦᠪᠬᠢᠨᠡᠬᠦᠯᠵᠦ ᠦᠭᠬᠦᠬᠡᠳ ᠪᠤᠴᠠᠭᠰᠠᠨ ᠬᠡᠨ᠎ᠠ᠃     ᠮᠦᠳᠡᠨ ᠤᠯᠠᠮᠵᠢᠯᠠᠯᠳᠤ ᠠᠷᠭ᠎ᠠ ᠪᠠᠷ ᠬᠤᠪᠴᠠᠰᠦ ᠵᠠᠰᠠᠯ ᠢ ᠤᠶᠤᠵᠦ ᠬᠢᠬᠦ ᠶᠢ ᠡᠷᠬᠢᠮᠯᠡᠳᠡᠭ᠃ ᠡᠶᠢᠮᠦ ᠳᠡᠭᠡᠨ ᠭᠠᠷ ᠤᠶᠤᠳᠠᠯ ᠤᠯᠠᠨ ᠤᠷᠤᠵᠤ᠂ ᠦᠢᠯᠡ ᠨᠢ ᠴᠠᠭ ᠶᠡᠭᠡ ᠪᠠᠷᠠᠭᠠᠳᠠᠭ ᠠᠵᠢ᠃ ︽ᠬᠦᠮᠦᠨ ᠤ ᠭᠠᠷ ᠢᠶᠠᠷ ᠪᠦᠲᠦᠭᠡᠭᠳᠡᠭᠰᠡᠨ᠂ ᠮᠠᠰᠢᠨ ᠢᠶᠠᠷ ᠬᠢᠭᠰᠡᠨ ᠬᠤᠶᠠᠷ ᠨᠢ ᠡᠳᠦᠷ ᠰᠥᠨᠢ ᠰᠢᠭ ᠢᠯᠭᠠᠭ᠎ᠠ ᠲᠠᠢ ᠯᠠ ᠳ᠋ᠠ᠂ ᠭᠠᠷ ᠢᠶᠠᠷ ᠪᠦᠲᠦᠭᠡᠭᠳᠡᠭᠰᠡᠨ ᠲᠡᠷᠯᠢᠭ ᠵᠡᠷᠭᠡ ᠨᠢ ᠡᠳ᠋ᠯᠡᠭᠡ ᠮᠠᠰᠢ ᠤᠷᠲᠤ ᠲᠠᠢ ᠮᠦᠷᠳᠡᠬᠡᠨ ᠦᠵᠡᠮᠦᠷᠢ ᠲᠠᠢ ᠬᠠᠷᠠᠭᠳᠠᠨ᠎ᠠ᠃ ᠳᠤᠪᠴᠢ ᠡᠮᠵᠢᠶᠡᠷᠢ ᠠᠴᠠ ᠠᠪᠤᠭᠠᠳ ᠳᠡᠷᠯᠢᠭ ᠤᠨ ᠬᠠᠪᠠᠭᠠᠰᠤ ᠬᠦᠷᠳᠡᠯ᠎ᠠ ᠭᠠᠷ ᠢᠶᠠᠷ ᠤᠶᠤᠪᠠᠯ ᠰᠠᠶᠢᠬᠠᠨ᠃ ᠳᠤᠪᠴᠢ ᠰᠢᠯᠪᠢ ᠶᠢ ᠭᠤᠤᠯ ᠲᠠᠢ ᠬᠢᠳᠡᠭ ᠤᠴᠢᠷ ᠲᠠᠢ᠂ ᠭᠤᠤᠯ ᠢ ᠨᠢ ᠵᠠᠪᠠᠯ ᠭᠤᠷᠪᠠ᠂ ᠳᠠᠪᠤ᠂ ᠳᠤᠯᠤᠭ᠎ᠠ ᠭᠡᠭᠴᠢ ᠦᠷᠦᠬᠡᠰᠦᠨ ᠳᠤᠭ᠎ᠠ ᠪᠠᠷ ᠬᠢᠳᠡᠭ ᠶᠤᠮ᠃ ᠬᠡᠪᠡᠴᠦ ᠤᠳᠤᠬᠠᠨ ᠳᠤ ᠭᠤᠤᠯ ᠬᠢᠭᠰᠡᠨ ᠦᠬᠡᠢ ᠮᠦᠷᠳᠡᠬᠡᠨ ᠮᠠᠰᠢᠨ ᠎ ᠢᠶᠠᠷ ᠤᠶᠤᠭᠰᠠᠨ ᠳᠤᠪᠴᠢ ᠬᠠᠳᠠᠭᠰᠠᠨ ᠳᠡᠷᠯᠢᠭ ᠤᠯᠠᠨ ᠬᠠᠷᠠᠭᠳᠠᠬᠤ ᠪᠤᠯᠵᠤ ᠪᠠᠶᠢᠨ᠎ᠠ᠂ ᠪᠢ ᠬᠡᠵᠢᠶᠡᠳᠡ ᠦᠪᠡᠷ ᠤᠨ ᠳᠡᠷᠯᠢᠭ ᠢᠶᠠᠨ ᠴᠢᠨᠠᠷᠯᠢᠭ ᠰᠠᠶᠢᠬᠠᠨ ᠤᠶᠤᠶ᠎ᠠ᠂ ᠬᠦᠮᠦᠨ ᠤ ᠡᠮᠦᠨ᠎ᠠ ᠭᠠᠷᠭᠠᠵᠦ ᠳᠡᠶᠢᠯᠬᠦ ᠪᠠᠷ ᠰᠠᠶᠢᠬᠠᠨ ᠬᠢᠶ᠎ᠠ ᠬᠡᠵᠦ ᠴᠢᠷᠮᠠᠶᠢᠳᠠᠭ︾ ᠬᠡᠵᠦ ᠮᠦᠳᠡᠨ ᠶᠠᠷᠢᠨ᠎ᠠ᠃ ᠳᠡᠷᠡ ᠤᠯᠠᠮᠵᠢᠯᠠᠯᠳᠤ ᠬᠤᠪᠴᠠᠰᠦ ᠵᠠᠰᠠᠯ ᠢᠶᠠᠨ ᠤᠯᠠᠮᠵᠢᠯᠠᠨ ᠪᠠᠳᠠᠷᠠᠭᠤᠯᠬᠤ ᠶᠢᠨ ᠵᠡᠷᠭᠡᠪᠡᠷ ᠪᠠᠰᠠ ᠬᠠᠯᠬ᠎ᠠ ᠶᠢᠨ ᠪᠠᠭᠰᠢ᠂ ᠮᠥᠨ ᠪᠠᠰᠠ ᠵᠢᠯ ᠪᠦᠷᠢ ᠰᠢᠯᠢ ᠶᠢᠨ ᠭᠤᠣᠯ ᠳᠤ ᠬᠦᠷᠴᠦ᠂ ᠳᠠᠸᠠ ᠪᠠᠭᠰᠢ᠂ ᠰᠢᠯᠢᠨᠬᠤᠸᠠᠷ ᠪᠠᠭᠰᠢ ᠨᠠᠷ ᠠᠴᠠ ᠮᠡᠳᠡᠯᠭᠡ ᠴᠢᠳᠠᠪᠤᠷᠢ᠂ ᠠᠷᠭ᠎ᠠ ᠲᠤᠷᠰᠢᠯᠭ᠎ᠠ ᠶᠢ ᠨᠢ ᠰᠤᠷᠤᠯᠴᠠᠵᠤ᠂ ᠤᠯᠠᠮᠵᠢᠯᠠᠯ ᠢ ᠥᠪᠯᠡᠬᠦ ᠶᠢᠨ ᠵᠡᠷᠭᠡᠪᠡᠷ ᠠᠵᠢᠯ ᠠᠮᠢᠳᠤᠷᠠᠯ᠂ ᠴᠠᠭ ᠡᠷᠡᠨ ᠤ ᠥᠩᠭᠡ ᠣᠨᠴᠠᠯᠢᠭ ᠲᠠᠢ ᠤᠶᠠᠯᠳᠤᠭᠤᠯᠤᠭᠰᠠᠨ ᠰᠢᠨ᠎ᠡ ᠬᠢᠴᠡ ᠵᠠᠭᠪᠤᠷ ᠢ ᠴᠤ ᠭᠠᠷᠭᠠᠵᠤ ᠪᠣᠢ᠃ ᠮᠦᠳᠠᠨ ᠭᠤᠸᠠᠢ ᠢᠷᠡᠭᠰᠡᠨ ᠵᠣᠴᠢᠳ ᠲᠤ ᠲᠡᠷᠯᠢᠭ ᠳᠡᠪᠡᠯ ᠤᠨ ᠲᠤᠬᠠᠢ ᠤᠯᠠᠮᠵᠢᠯᠠᠯ ᠶᠣᠰᠣ ᠶᠢ ᠪᠠᠰᠠ ᠬᠡᠯᠡᠵᠦ ᠥᠭᠳᠡᠭ᠃ ᠡᠮᠦᠨ᠎ᠡ ᠶᠠᠷᠢᠭᠰᠠᠨ ᠰᠢᠭ᠋ ᠲᠡᠷᠯᠢᠭ ᠪᠣᠯ ᠵᠠᠪᠠᠯ ᠠᠮᠢᠰᠬᠤᠯ ᠲᠠᠢ ᠪᠠᠶᠢᠬᠤ ᠬᠡᠷᠡᠭᠲᠡᠢ᠃ ᠰᠢᠯᠢ ᠲᠣᠪᠴᠢ ᠬᠠᠳᠠᠬᠤ ᠳᠠᠭᠠᠨ ᠪᠣᠭᠤᠨᠢ ᠬᠠᠳᠠᠳᠠᠭ ᠦᠭᠡᠢ᠂ ᠬᠤᠭᠤᠰᠤᠨ ᠰᠢᠯᠪᠢ ᠬᠠᠳᠠᠳᠠᠭ ᠦᠭᠡᠢ᠂ ᠡᠷᠡᠭᠲᠡᠢ ᠬᠥᠮᠥᠨ ᠤ ᠲᠡᠷᠯᠢᠭ ᠠᠭᠤᠵᠢᠮ ᠡᠯᠪᠡᠭ ᠪᠠᠶᠢᠵᠤ᠂ ᠬᠥᠭᠡᠷᠭᠡᠯᠡᠵᠤ ᠡᠮᠦᠰᠬᠦ ᠶᠣᠰᠣᠲᠠᠢ᠃ ᠲᠡᠷᠯᠢᠭ ᠳᠡᠪᠡᠯ ᠭᠡᠳᠡᠭ ᠪᠣᠯ ᠳᠥᠷᠪᠡᠨ ᠤᠯᠠᠷᠢᠯ ᠢᠶᠠᠷ ᠬᠤᠪᠢᠶᠠᠭᠳᠠᠳᠠᠭ᠃ ᠡᠪᠦᠯ ᠤᠨ ᠤᠯᠠᠷᠢᠯ ᠳᠤ ᠪᠣᠯ ᠬᠤᠷᠠᠭᠠᠨ ᠠᠷᠠᠰᠤᠨ ᠤ ᠳᠡᠪᠡᠯ᠂ ᠨᠡᠬᠡᠢ ᠳᠡᠪᠡᠯ᠂ ᠬᠥᠳᠥᠰᠥᠨ ᠳᠡᠪᠡᠯ᠂ ᠬᠠᠪᠠᠭᠠᠰᠤ ᠲᠠᠢ ᠲᠡᠷᠯᠢᠭ ᠡᠮᠦᠰᠳᠡᠭ᠃᠂ ᠬᠠᠪᠤᠷ ᠨᠠᠮᠤᠷ ᠤᠨ ᠤᠯᠠᠷᠢᠯ ᠳᠤ ᠳᠠᠪᠬᠤᠷ ᠲᠡᠷᠯᠢᠭ ᠡᠮᠦᠰᠴᠦ᠂ ᠵᠤᠨ ᠤ ᠤᠯᠠᠷᠢᠯ ᠳᠤ ᠳᠠᠩ ᠲᠡᠷᠯᠢᠭ ᠡᠮᠦᠰᠳᠡᠭ ᠁ ᠮᠥᠨ ᠦᠢᠯᠡ ᠣᠶᠣᠳᠠᠯ᠂ ᠤᠷᠠᠨ ᠬᠠᠳᠬᠤᠮᠠᠯ ᠳᠤ ᠬᠥᠮᠥᠨ ᠤ ᠤᠲᠠᠰᠤ ᠶᠢ ᠵᠠᠩᠭᠢᠳᠴᠤ ᠥᠭᠳᠡᠭ ᠦᠭᠡᠢ ᠭᠡᠬᠦ ᠮᠡᠲᠦᠴᠢᠯᠡᠨ ᠠᠬᠠᠮᠠᠳ ᠤᠨ ᠵᠠᠬᠢᠵᠤ ᠪᠠᠶᠢᠭᠰᠠᠨ ᠪᠡᠯᠭᠡᠳᠡᠯ᠂ ᠲᠡᠷᠡ ᠳᠤᠮᠲᠠ ᠪᠠᠨ ᠴᠡᠭᠡᠷ ᠶᠣᠰᠣᠨ ᠢ ᠨᠠᠷᠢᠨ ᠲᠠᠶᠢᠯᠪᠤᠷᠢᠯᠠᠵᠤ ᠥᠭᠬᠦ ᠶᠢᠨ ᠵᠡᠷᠭᠡᠪᠡᠷ᠂ ᠲᠡᠷᠯᠢᠭ ᠤᠨ ᠴᠢᠨᠠᠷ ᠢ ᠨᠢ  ᠪᠠᠳᠤᠯᠠᠬᠤ ᠶᠢ ᠶᠡᠬᠡᠳᠡ ᠠᠩᠬᠠᠷᠤᠨ ᠬᠢᠴᠢᠶᠡᠳᠡᠭ ᠤᠴᠢᠷ ᠠᠴᠠ ᠮᠦᠳᠡᠨ ᠢ ᠡᠷᠢᠵᠦ ᠢᠷᠡᠵᠦ ᠳᠡᠷᠯᠢᠭ ᠤᠶᠤᠭᠤᠯᠬᠤ ᠬᠦᠮᠦᠨ ᠤᠯᠠᠮ ᠠᠴᠠ ᠤᠯᠠᠮ ᠤᠯᠠᠰᠢᠷᠠᠵᠦ᠂ ᠡᠵᠡᠨ᠎ᠠ᠂ ᠠᠯᠠᠱᠠ ᠪᠠᠷᠠᠭᠤᠨ ᠬᠤᠰᠢᠭᠤ ᠵᠡᠷᠬᠡ ᠭᠠᠵᠠᠷ ᠠᠴᠠ ᠴᠤ ᠬᠦᠮᠦᠰ ᠠᠭᠤᠵᠢᠮ ᠳᠡᠷᠯᠢᠭ᠂  ᠬᠠᠪᠠᠭᠠᠰᠤ ᠲᠠᠢ ᠳᠡᠷᠯᠢᠭ ᠬᠢᠯᠬᠡᠨ᠎ᠠ ᠬᠡᠵᠦ ᠳᠤᠰᠬᠠᠶᠢᠯᠠᠨ ᠢᠷᠡᠳᠡᠭ ᠪᠤᠯᠵᠡᠢ᠃     ᠮᠦᠳᠡᠨ ᠠᠵᠢᠯ ᠦᠢᠯᠡᠰ ᠤᠨ ᠢᠶᠠᠨ ᠳᠦᠯᠦᠬᠡ ᠡᠳᠦᠷ ᠰᠦᠨᠢ ᠦᠬᠡᠢ ᠶᠠᠭᠠᠷᠠᠬᠤ ᠳᠤ ᠡᠷ᠎ᠠ ᠨᠦᠬᠦᠷ ᠨᠢ ᠪᠦᠬᠦ ᠬᠦᠴᠦᠨ ᠢᠶᠠᠷ ᠳᠡᠮᠵᠢᠳᠡᠭ ᠪᠠᠶᠢᠯ᠎ᠠ᠃ ᠪᠦᠰᠡᠲᠡᠢ ᠬᠥᠮᠥᠨ ᠴᠤ ᠭᠡᠯ᠎ᠡ᠂ ᠤᠬᠤᠷᠬᠠᠨ ᠨᠢᠬᠡ ᠰᠠᠷ᠎ᠠ ᠶᠢᠨ ᠳᠤᠳᠤᠷ᠎ᠠ ᠳᠤᠪᠴᠢ ᠰᠢᠯᠪᠢ ᠤᠶᠤᠬᠤ ᠠᠵᠢᠯ ᠳᠤ ᠴᠠᠭᠠᠷᠠᠵᠦ ᠮᠠᠰᠢ ᠳᠡᠭᠰᠢ ᠤᠶᠤᠵᠤ ᠦᠵᠡᠮᠦᠷᠢ ᠲᠠᠢ ᠰᠠᠶᠢᠬᠠᠨ ᠵᠠᠩᠬᠢᠳᠳᠠᠭ ᠪᠤᠯᠤᠭᠰᠠᠨ ᠬᠡᠨ᠎ᠠ᠃ ᠢᠩᠬᠢᠭᠰᠡᠨ ᠢᠶᠠᠷ ᠮᠦᠳᠡᠨ ᠤ ᠬᠤᠪᠴᠠᠰᠦ ᠤᠶᠤᠬᠤ ᠬᠤᠷᠳᠤᠴᠠ ᠨᠡᠮᠡᠭᠳᠡᠵᠦ᠂ ᠬᠠᠮᠤᠭ ᠠᠷᠪᠢᠨ ᠳᠠᠭᠠᠨ ᠨᠢᠬᠡ ᠰᠠᠷ᠎ᠠ ᠳᠤ 18 ᠳᠡᠷᠯᠢᠭ ᠤᠶᠤᠭᠰᠠᠨ ᠪᠠᠶᠢᠵᠡᠢ᠃ ᠤᠳᠤ ᠮᠦᠳᠡᠨ ᠪᠠᠰᠠ ᠡᠵᠢ ᠠᠴᠠ ᠪᠠᠨ ᠤᠷᠠᠨ ᠬᠠᠳᠬᠤᠮᠠᠯ ᠢ ᠵᠢᠭᠠᠯᠭᠠᠵᠦ᠂ ᠳᠤᠯᠤᠭᠠᠢ ᠶᠢᠨ ᠠᠯᠴᠢᠭᠤᠷ᠂ ᠬᠦᠬᠦᠷ ᠤᠨ ᠳᠠᠯᠢᠩ ᠤᠶᠤᠵᠤ ᠪᠠᠶᠢᠨ᠎ᠠ᠃ ᠳᠡᠷᠡ᠄ ︽ᠮᠤᠩᠭᠤᠯ ᠤᠯᠠᠮᠵᠢᠯᠠᠯᠳᠤ ᠬᠤᠪᠴᠠᠰᠦ ᠵᠠᠰᠠᠯ ᠤᠨ ᠦᠢᠯᠡ ᠣᠶᠣᠳᠠᠯ ᠠᠴᠠ ᠪᠡᠯᠭᠡᠳᠡᠯ᠂ ᠲᠡᠦᠬᠡ᠂ ᠤᠯᠠᠮᠵᠢᠯᠠᠯ᠂ ᠥᠩᠭᠡ ᠪᠤᠳᠤᠭ ᠭᠡᠳ ᠠᠰᠤᠷᠤ ᠶᠡᠭᠡ ᠮᠡᠳᠡᠭᠡ᠂ ᠮᠡᠳᠡᠭᠡᠯᠡᠯ ᠢ ᠠᠪᠳᠠᠭ᠂ ᠦᠢᠯᠡ ᠣᠶᠣᠳᠠᠯ᠂ ᠤᠷᠠᠨ ᠬᠠᠳᠬᠤᠮᠠᠯ ᠢ ᠰᠤᠷᠴᠤ ᠬᠢᠬᠦ ᠳᠤᠰᠤᠮ ᠤᠯᠠᠮᠵᠢᠯᠠᠵᠦ ᠵᠠᠯᠭᠠᠮᠵᠢᠯᠠᠬᠤ ᠶᠢᠨ ᠴᠢᠬᠤᠯᠠ ᠴᠢᠨᠠᠷ ᠢ ᠤᠶᠢᠯᠠᠭᠠᠵᠦ᠂ ᠦᠪᠡᠷ ᠎ ᠤᠨ ᠰᠤᠷᠴᠦ ᠮᠡᠳᠡᠬᠡᠳᠦᠢ ᠪᠠᠨ ᠬᠢᠵᠦ ᠮᠡᠳᠡᠶ᠎ᠠ ᠬᠡᠰᠡᠨ ᠬᠦᠰᠡᠯ ᠪᠤᠳᠤᠯ ᠤᠯᠠᠮ ᠴᠢᠩᠭᠠᠷᠠᠬᠤ ᠶᠤᠮ︾ ᠬᠡᠵᠦ ᠪᠠᠶᠢᠯ᠎ᠠ᠃      ᠮᠦᠳᠠᠨ ᠤᠷᠢᠳ ᠬᠤᠵᠢᠳ ᠠᠯᠠᠱᠠ ᠠᠶᠢᠮᠠᠭ ᠤᠨ ᠮᠤᠩᠭᠤᠯ ᠦᠨᠳᠦᠰᠦᠳᠡᠨ ᠤ ᠬᠤᠪᠴᠠᠰᠦ ᠵᠠᠰᠠᠯ ᠤᠨ ᠤᠷᠤᠯᠳᠤᠭᠠᠨ ᠤ ᠤᠳᠤᠬᠢ ᠮᠠᠶ᠋ᠢᠭ ᠤᠨ ᠬᠤᠪᠴᠠᠰᠦ ᠵᠠᠰᠠᠯ ᠤᠨ ᠳᠤᠭᠤᠶᠢᠯᠠᠩ ᠤᠨ ᠬᠤᠶᠠᠳᠤᠭᠠᠷ ᠳᠡᠰ ᠤᠨ ᠱᠠᠩᠨᠠᠯ ᠂ ᠠᠯᠠᠱᠠ ᠠᠶᠢᠮᠠᠭ ᠤᠨ ᠲᠠᠪᠤᠳᠤᠭᠠᠷ ᠬᠤᠭᠤᠴᠠᠭᠠᠨ ᠤ ᠰᠣᠶᠣᠯ ᠤᠨ ᠡᠭᠦᠳᠦᠯᠲᠡ ᠶᠢᠨ ᠦᠢᠯᠡᠳᠬᠦᠨ ᠤ ᠵᠢᠷᠤᠭ ᠲᠥᠯᠥᠪᠯᠡᠭᠡᠨ ᠤ ᠤᠷᠤᠯᠳᠤᠭᠠᠨ ᠤ ᠳᠡᠰ ᠲᠤ ᠤᠷᠤᠭᠰᠠᠨ ᠱᠠᠩᠨᠠᠯ᠂ ︽ᠰᠤᠳᠤᠨ ᠪᠦᠰᠡᠬᠦᠶᠢᠴᠤᠳ ᠭᠠᠪᠢᠶ᠎ᠠ ᠪᠠᠶᠢᠭᠤᠯᠵᠤ᠂ ᠤᠷᠠᠨ ᠰᠡᠳᠬᠢᠮᠵᠢ ᠪᠠᠷ ᠬᠦᠰᠡᠯᠡᠩ ᠢᠶᠠᠨ ᠴᠤᠭᠴᠠᠯᠠᠬᠤ︾ ᠠᠯᠠᠱᠠ ᠠᠶᠢᠮᠠᠭ ᠤᠨ ᠡᠮᠡᠭᠳᠡᠶᠢᠴᠤᠳ ᠤᠨ ᠭᠠᠷ ᠤᠷᠠᠯᠠᠯ ᠤᠨ ᠰᠤᠶᠤᠯ ᠡᠬᠦᠳᠦᠯᠳᠡ ᠶᠢᠨ ᠤᠷᠤᠯᠳᠤᠭᠠᠨ ᠤ ᠭᠤᠷᠪᠠᠳᠤᠭᠠᠷ ᠳᠡᠰ ᠵᠡᠷᠬᠡ ᠤᠯᠠᠨ ᠤᠯᠠᠨ ᠱᠠᠩᠨᠠᠯ ᠎ ᠢᠶᠠᠷ ᠡᠩᠭᠡᠷ ᠢᠶᠠᠨ ᠮᠢᠯᠢᠶᠠᠯᠭᠠᠵᠦ᠂ ᠦᠢᠯᠡ ᠣᠶᠣᠳᠠᠯ᠂ ᠤᠷᠠᠨ ᠬᠠᠳᠬᠤᠮᠠᠯ ᠤᠨ ᠲᠣᠷᠭᠠᠨ ᠮᠡᠳᠡᠷᠡᠮᠵᠢ᠂ ᠭᠠᠷ ᠤᠨ ᠨᠠᠨᠳᠢᠨ ᠤᠷ᠎ᠠ ᠪᠠᠷ ᠢᠶᠠᠨ ᠮᠤᠩᠭᠤᠯ ᠬᠤᠪᠴᠠᠰᠦ ᠵᠠᠰᠠᠯ ᠤᠨ ᠭᠤᠸ᠎ᠠ ᠰᠠᠶᠢᠬᠠᠨ ᠢ ᠤᠯᠠᠨ ᠪᠦᠬᠦᠨ ᠳᠤ ᠳᠠᠨᠢᠯᠴᠠᠭᠤᠯᠵᠤ ᠠᠯᠳᠠᠷᠰᠢᠭᠤᠯᠵᠤ ᠶᠠᠪᠤᠨ᠎ᠠ᠃
           
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号