︽ᠠᠳᠠᠷ ᠭᠠᠩᠭᠠᠩ ᠠᠯᠠᠱᠠ︾᠎ ᠢᠶᠠᠷ ᠢᠶᠠᠨ ᠪᠠᠭ᠋ᠠᠷᠬᠠᠬᠤ ᠮᠥᠩᠬᠡ ᠨᠠᠰᠤᠳᠠᠨ
ᠨᠡᠶᠢᠲᠡᠯᠡᠭᠰᠡᠨ ᠴᠠᠭ᠄
2022/6/7
ᠡᠷᠳᠡᠨᠢᠬᠦᠦ ᠲᠠᠪᠰᠢᠯᠳᠤ ᠨᠠᠷᠠᠨ᠎ᠠ                                                               ︽ᠡᠭᠦᠳᠡ ᠪᠠᠷ ᠪᠠᠨ ᠬᠠᠷᠠᠬᠤᠯᠠᠷ ᠤᠰᠤ ᠲᠠᠢ ᠰᠠᠶᠢᠬᠠᠨ ᠠᠯᠠᠱᠠ᠂ ᠡᠷᠤᠬᠡ ᠪᠠᠷ ᠪᠠᠨ ᠬᠠᠷᠠᠬᠤᠯᠠᠷ ᠮᠤᠳᠤ ᠲᠠᠢ ᠰᠠᠶᠢᠬᠠᠨ ᠠᠯᠠᠱᠠ︾ ᠬᠡᠳᠡᠭ ᠢᠶᠠᠷ᠂ ᠥᠩ ᠥᠷᠬᠡᠨ ᠠᠯᠠᠱᠠ ᠨᠤᠳᠤᠭ ᠤᠨ ᠥᠪᠡᠷᠮᠢᠴᠡ ᠰᠤᠳᠤᠨ ᠥᠪ ᠰᠤᠶᠤᠯ᠂  ᠥᠩᠬᠡ ᠥᠵᠡᠮᠵᠢ ᠶᠢ ᠶᠠᠷᠢᠭᠠᠳ ᠲᠠᠭᠤᠰᠤᠰᠢ ᠥᠬᠡᠢ ᠪᠢᠯᠡ᠃ ᠥᠢᠷ᠎ᠠ ᠳᠤ᠂ ᠠᠯᠠᠱᠠ ᠵᠡᠭᠦᠨ ᠬᠤᠰᠢᠭᠤᠨ ᠤ ᠤᠯᠠᠨᠪᠤᠯᠠᠭ ᠪᠠᠯᠭᠠᠰᠤᠨ ᠤ ᠪᠠᠶᠠᠨᠮᠤᠳᠤ ᠭᠠᠴᠠᠭᠠᠨ ᠤ ᠮᠠᠯᠴᠢᠨ ᠮᠥᠩᠬᠡ ᠨᠠᠰᠤᠳᠠᠨ ︽ᠠᠳᠠᠷ ᠭᠠᠩᠭᠠᠩ ᠠᠯᠠᠱᠠ︾ ᠬᠡᠮᠡᠭᠦ ᠬᠠᠳᠬᠤᠮᠠᠯ ᠤᠨ ᠪᠥᠳᠤᠬᠡᠯ ᠳᠡᠭᠡᠨ ᠠᠯᠠᠱᠠ ᠨᠤᠳᠤᠭ ᠤᠨ ᠵᠠᠩ ᠥᠢᠯᠠ᠂ ᠰᠤᠶᠥᠯ ᠢᠷᠬᠡᠨᠰᠢᠯ᠂ ᠥᠩᠬᠡ ᠥᠵᠡᠮᠵᠢ ᠶᠢ ᠬᠠᠳᠬᠤᠮᠠᠯ ᠤᠨ ᠬᠡᠯᠪᠡᠷᠢ ᠪᠠᠷ ᠤᠷᠠᠯᠠᠨ ᠪᠥᠳᠤᠬᠡᠵᠤ ᠲᠠᠭᠤᠰᠬᠠᠭᠰᠠᠨ ᠪᠠᠶᠢᠯ᠎ᠠ᠃ ᠡᠶᠢᠨᠬᠦ ᠪᠢᠳᠠᠨ ᠳᠤ ᠠᠷᠠᠳ ᠤᠨ ᠭᠠᠷ ᠤᠷᠠᠯᠢᠭᠴᠢᠨ ᠮᠥᠩᠬᠡ ᠨᠠᠰᠤᠳᠠᠨ ᠲᠠᠢ ᠲᠠᠨᠢᠯᠴᠠᠵᠤ᠂ ᠲᠡᠷᠡᠭᠦ ᠰᠠᠶᠢᠬᠠᠨ ᠪᠥᠳᠤᠬᠡᠯ ᠢ ᠨᠢ ᠰᠤᠨᠢᠷᠬᠠᠬᠤ ᠵᠠᠪᠰᠢᠶᠠᠨ ᠲᠤᠬᠢᠶᠠᠭᠰᠠᠨ ᠪᠢᠯᠡ᠃      ᠠᠯᠳᠠ ᠬᠢᠷᠢᠳᠠᠢ ᠲᠤᠷᠭᠠᠨ ᠲᠡᠬᠡᠷ᠎ᠡ ᠤᠷᠠᠯᠠᠨ ᠬᠠᠳᠬᠤᠭᠰᠠᠨ ︽ᠠᠳᠠᠷ ᠭᠠᠩᠭᠠᠩ ᠠᠯᠠᠱᠠ︾ ᠬᠡᠮᠡᠭᠦ ᠮᠥᠩᠬᠡ ᠨᠠᠰᠤᠳᠠᠨ ᠤ ᠤᠷᠠᠨ ᠪᠥᠳᠤᠬᠡᠯ ᠢ ᠠᠵᠢᠵᠤ ᠰᠤᠨᠢᠷᠬᠠᠪᠠᠯ᠂  ᠲᠡᠯᠡᠬᠡᠢ ᠶᠢᠨ ᠲᠥᠮᠡᠨ ᠳᠤ ᠭᠠᠶᠢᠬᠠᠭᠳᠠᠭᠰᠠᠨ ᠤᠯᠠᠭᠠᠨᠪᠤᠬ᠎ᠠ ᠡᠯᠡᠰᠤ᠂ ᠤᠯᠠᠭᠠᠨ ᠰᠤᠪᠤᠷᠭ᠎ᠠ᠂ ᠮᠠᠨᠳᠤᠯ ᠠᠭᠤᠯᠠ ᠶᠢᠨ ᠬᠠᠳᠠᠨ ᠵᠢᠷᠤᠭ᠂ ᠪᠤᠷᠭᠠᠰᠤᠳᠠᠢ ᠶᠢᠨ ᠬᠠᠪᠴᠢᠯ ᠪᠠ ᠡᠾᠩᠨᠤ ᠱᠢᠶᠥᠩᠨᠤ ᠶᠢᠨ ᠥᠶ᠎ᠡ ᠠᠴᠠ ᠲᠡᠤᠬᠡ ᠰᠤᠳᠤᠷ ᠲᠤ ᠲᠡᠮᠳᠡᠭᠯᠡᠭᠳᠡᠭᠰᠡᠨ ᠬᠤᠯᠠᠨ ᠠᠭᠤᠯᠠ ᠪᠤᠶᠤ ᠠᠯᠠᠱᠠ ᠠᠭᠤᠯᠠ᠂ ᠠᠯᠠᠱᠠ ᠶᠠᠮᠤᠨ ᠵᠢᠴᠢ ᠥᠷᠡᠰ ᠨᠠᠭᠠᠳᠤᠮ ᠵᠡᠷᠬᠡ ᠠᠶᠠᠯᠠᠯ ᠵᠢᠭᠤᠯᠴᠢᠯᠠᠯ ᠤᠨ ᠠᠷᠢᠭᠤᠨ ᠲᠠᠷᠬᠠᠨ ᠤᠷᠤᠨ᠂ ᠰᠤᠶᠤᠯ ᠪᠤᠯᠪᠠᠰᠤᠨ᠂ ᠵᠠᠩ ᠥᠢᠯᠠ ᠵᠡᠷᠬᠡ ᠠᠭᠤᠯᠭ᠎ᠠ ᠶᠢ ᠬᠠᠮᠤᠷᠴᠤ ᠪᠥᠳᠤᠬᠡᠯ ᠤᠨ ᠢᠶᠠᠨ ᠰᠥᠭ ᠰᠥᠨᠡᠰᠤ ᠪᠤᠯᠭᠠᠭᠰᠠᠨ ᠪᠠᠶᠢᠪᠠ᠃  ᠬᠠᠭᠠᠰ ᠵᠢᠯ ᠤᠨ ᠬᠤᠭᠤᠴᠠᠭ᠎ᠠ ᠵᠠᠷᠤᠴᠠᠭᠤᠯᠵᠤ ᠪᠥᠳᠤᠬᠡᠭᠰᠡᠨ ᠮᠥᠩᠬᠡ ᠨᠠᠰᠤᠳᠠᠨ ᠤ ᠡᠨᠡ ᠪᠥᠳᠤᠬᠡᠯ ᠶᠠᠭ ᠯᠠ ᠡᠷᠳᠡ ᠤᠵᠤᠭᠤᠷ ᠤᠨ ᠲᠤᠮᠤᠭ ᠬᠥᠤᠷᠨᠢᠭᠦ ᠮᠡᠳᠤ ᠰᠠᠨᠠᠭᠳᠠᠵᠤ᠂ ᠠᠯᠠᠱᠠ ᠨᠤᠳᠤᠭ ᠤᠨ ᠬᠠᠴᠢᠨ ᠰᠤᠨᠢᠨ᠂ ᠬᠥᠨ ᠨᠢᠭᠤᠴᠠᠬᠠᠢ ᠥᠯᠢᠬᠡᠷ ᠲᠤᠤᠯᠢᠰ ᠪᠤᠯᠤᠨ ᠥᠩᠬᠡ ᠢᠯᠳᠠᠮ᠂ ᠥᠵᠡᠮᠵᠢ ᠲᠡᠭᠦᠰ ᠠᠭᠤᠯᠠ ᠤᠰᠤ ᠶᠢ ᠵᠢᠷᠤᠭᠯᠠᠨ ᠤᠬᠠᠭᠤᠯᠬᠤ ᠨᠢᠬᠡᠨ ᠬᠡᠯᠪᠡᠷᠢ ᠪᠤᠯᠤᠭᠰᠠᠨ ᠠᠵᠠᠢ᠃ ᠠᠯᠠᠱᠠ ᠬᠥᠮᠤᠨ ᠪᠤᠯᠤᠭᠰᠠᠨ ᠤ ᠬᠤᠪᠢ ᠳᠤ ᠠᠯᠠᠱᠠ ᠨᠤᠳᠤᠭ ᠤᠨ ᠢᠶᠠᠨ ᠥᠩᠬᠡ ᠥᠵᠡᠮᠵᠢ᠂ ᠥᠪ ᠰᠤᠶᠤᠯ ᠢ ᠬᠠᠳᠬᠤᠮᠠᠯ ᠤᠨ ᠬᠡᠯᠪᠡᠷᠢ ᠪᠠᠷ ᠤᠷᠠᠯᠠᠨ ᠪᠥᠳᠤᠬᠡᠭᠦ ᠪᠤᠳᠤᠯ ᠮᠥᠩᠬᠡ ᠨᠠᠰᠤᠳᠠᠨ ᠳᠤ ᠡᠷᠳᠡ ᠤᠷᠤᠭᠰᠠᠨ ᠪᠠᠶᠢᠵᠠᠢ᠃ ᠨᠠᠰᠤᠳᠠᠨ ᠭᠤᠸᠠᠢ ᠨᠤᠮ ᠰᠤᠳᠤᠷ ᠰᠠᠶᠢᠨ ᠥᠵᠡᠭᠦ ᠲᠤᠯᠠ ᠨᠤᠮ ᠠᠴᠠ ᠠᠯᠠᠱᠠ ᠨᠤᠳᠤᠭ ᠤᠨ ᠤᠬᠢ ᠰᠢᠯᠢᠳᠡᠭ ᠰᠤᠶᠤᠯ ᠤᠨ ᠵᠥᠢᠯᠡᠰ ᠢ ᠬᠤᠷᠢᠶᠠᠩᠭᠤᠶᠢᠯᠠᠨ ᠤᠷᠠᠨ ᠪᠥᠳᠤᠬᠡᠯ ᠳᠡᠭᠡᠨ ᠰᠢᠩᠬᠡᠬᠡᠵᠤ᠂ ᠥᠷ᠎ᠠ ᠬᠤᠶᠢᠴᠢᠰ ᠲᠡᠭᠡᠨ ᠨᠤᠳᠤᠭ ᠤᠨ ᠢᠶᠠᠨ ᠥᠤᠬᠡ ᠲᠡᠤᠬᠡ ᠶᠢ ᠤᠯᠠᠮᠵᠢᠯᠠᠨ ᠥᠪᠯᠡᠭᠦᠯᠭᠦ ᠡᠭᠦᠳᠡᠨ ᠠᠴᠠ ︽ᠠᠳᠠᠷ ᠭᠠᠩᠭᠠᠩ ᠠᠯᠠᠱᠠ︾ ᠬᠡᠳᠡᠭ ᠲᠤᠮᠤᠬᠠᠨ ᠪᠥᠳᠤᠬᠡᠯ ᠢᠶᠠᠨ ᠬᠠᠳᠬᠤᠭᠰᠠᠨ ᠬᠡᠨ᠎ᠡ᠃ ᠲᠠᠯᠠᠨ ᠨᠠᠰᠤᠨ ᠤ ᠲᠥᠷᠤᠬᠡ ᠵᠢᠬᠢᠵᠤ ᠶᠠᠪᠤᠭ᠎ᠠ ᠮᠥᠩᠬᠡ ᠨᠠᠰᠤᠳᠠᠨ ᠲᠤᠷᠭᠠᠨ ᠲᠡᠪᠡᠯ᠂ ᠠᠷᠠᠰᠤᠨ ᠲᠡᠪᠡᠯ᠂ ᠬᠠᠳᠬᠤᠮᠠᠯ᠂ ᠭᠡ ᠣᠭᠠᠯᠵᠠ᠂ ᠬᠥᠭᠦᠷ ᠤᠨ ᠲᠠᠯᠢᠩ᠂ ᠬᠥᠭᠦᠷ ᠤᠨ ᠬᠡᠷ᠂ ᠥᠰᠤᠨ ᠤ ᠬᠡᠷ᠂ ᠮᠠᠯᠠᠭᠠᠢ᠂ ᠪᠣᠭᠴᠣ ᠮᠡᠳᠤ ᠶᠢᠨ ᠥᠢᠯᠠ ᠤᠳᠠᠰᠤᠨ ᠤ ᠠᠵᠢᠯ ᠳᠤ ᠡᠳᠤᠷᠵᠢᠨ ᠶᠠᠭᠠᠷᠠᠭᠰᠠᠭᠠᠷ ᠁ ᠨᠠᠰᠤᠳᠠᠨ ᠤ ᠬᠡᠷ ᠲᠤ ᠤᠶᠤᠵᠤ ᠱᠠᠭᠯᠠᠵᠤ ᠪᠠᠶᠢᠭ᠎ᠠ ᠪᠤᠳᠤᠭᠤᠨ ᠠᠷᠠᠰᠤᠨ ᠲᠡᠪᠡᠯ᠂ ᠬᠠᠳᠬᠤᠵᠤ ᠪᠠᠶᠢᠭ᠎ᠠ ᠡᠯ᠎ᠡ ᠵᠥᠢᠯ ᠤᠨ ᠬᠠᠳᠬᠤᠮᠠᠯ ᠵᠢᠴᠢ ᠤᠶᠤᠵᠤ ᠤᠷᠠᠯᠠᠭᠰᠠᠨ ᠤᠯᠠᠨ ᠰᠠᠶᠢᠬᠠᠨ ᠪᠥᠳᠤᠬᠡᠯ ᠥᠨᠡᠬᠡᠷ ᠰᠤᠨᠢᠷᠬᠠᠯ ᠢ ᠲᠠᠳᠠᠨ᠎ᠠ᠃  ᠵᠠᠷᠢᠮ ᠨᠢ ᠬᠠᠷᠠᠬᠠᠨ ᠬᠤᠪᠤᠷᠳᠠᠵᠤ ᠪᠠᠶᠢᠬᠤ ᠥᠨᠳᠤᠰᠤᠳᠡᠨ ᠤ ᠬᠠᠳᠬᠤᠮᠠᠯ ᠤᠨ ᠵᠥᠢᠯ ᠪᠤᠶᠤ ᠤᠶᠤᠵᠤ ᠱᠠᠭᠯᠠᠵᠤ ᠴᠢᠳᠠᠬᠤ ᠬᠥᠮᠤᠨ ᠴᠥᠬᠡᠷᠡᠭᠰᠡᠨ ᠠᠴᠠ ᠪᠤᠯᠵᠤ ᠴᠥᠬᠡᠨ ᠬᠠᠷᠠᠭᠳᠠᠬᠤ ᠲᠡᠪᠡᠯ ᠬᠤᠪᠴᠠᠰᠤᠨ ᠤ ᠵᠥᠢᠯ ᠤᠨᠴᠠᠭᠠᠢ ᠰᠠᠶᠢᠬᠠᠨ ᠬᠠᠷᠠᠭᠳᠠᠪᠠ᠃  ᠮᠥᠩᠬᠡ ᠨᠠᠰᠤᠳᠠᠨ ᠮᠡᠳᠤ ᠶᠢᠨ ᠨᠢᠬᠡ ᠪᠥᠯᠥᠭ ᠥᠨᠳᠤᠰᠤᠳᠡᠨ ᠤ ᠭᠠᠷ ᠤᠷᠠᠯᠠᠯ᠂ ᠥᠢᠯᠠ ᠤᠳᠠᠰᠤᠨ ᠤ ᠠᠵᠢᠯ ᠳᠤ ᠰᠠᠨᠠᠭᠠᠰᠢᠷᠠᠵᠤ᠂ ᠤᠯᠠᠮᠵᠢᠯᠠᠵᠤ᠂ ᠰᠡᠷᠭᠦᠬᠡᠵᠤ ᠶᠠᠪᠤᠭ᠎ᠠ ᠠᠬᠠᠮᠠᠳ ᠪᠤᠭᠤᠷᠤᠯᠴᠤᠳ ᠎ ᠤᠨ ᠬᠥᠴᠤ ᠪᠠᠷ ᠡᠳᠡᠬᠡᠷ ᠤᠷᠠᠯᠠᠯ ᠤᠨ ᠪᠥᠳᠤᠬᠡᠭᠳᠡᠭᠦᠨ ᠥᠨᠤᠳᠤᠷ ᠪᠤᠯᠳᠠᠯ᠎ᠠ ᠵᠠᠯᠠᠭᠤ ᠨᠢᠬᠡ ᠥᠶ᠎ᠡ ᠶᠢᠨ ᠬᠢᠨ ᠳᠤ ᠤᠯᠠᠮᠵᠢᠯᠠᠭᠳᠠᠵᠤ ᠪᠠᠶᠢᠭ᠎ᠠ ᠨᠢ ᠤᠮᠤᠭᠰᠢᠮᠠᠷ ᠶᠠᠪᠤᠳᠠᠯ ᠶᠤᠮ᠃  ︽ᠮᠠᠨ ᠤ ᠡᠵᠢ ᠬᠡᠵᠤ ᠠᠯᠳᠠᠷ ᠲᠠᠢ ᠰᠠᠶᠢᠬᠠᠨ ᠢᠰᠡᠬᠡᠢ ᠰᠢᠷᠢᠳᠡᠭ ᠬᠥᠮᠤᠨ ᠪᠠᠶᠢᠯ᠎ᠠ᠃  ᠪᠠᠭ᠎ᠠ ᠳᠠᠭᠠᠨ ᠡᠵᠢ ᠶᠢᠨ ᠢᠶᠠᠨ ᠥᠢᠯᠠ ᠤᠶᠤᠬᠤ ᠶᠢ ᠬᠠᠷᠠᠵᠤ ᠪᠠᠶᠢᠭᠠᠳ ᠬᠡᠰᠡᠭ ᠮᠡᠷᠬᠡᠵᠢᠯ ᠢ ᠨᠢ ᠰᠤᠷᠤᠭᠰᠠᠨ ᠶᠤᠮ᠃ ᠤᠳᠤ ᠡᠨᠡ ᠮᠡᠷᠬᠡᠵᠢᠯ ᠢᠶᠠᠨ ᠴᠢᠳᠠᠬᠤ ᠶᠢᠨ ᠬᠢᠷᠢ ᠪᠠᠷ ᠢᠶᠠᠨ ᠤᠶᠤᠵᠤ ᠤᠷᠠᠯᠠᠵᠤ ᠤᠯᠠᠮᠵᠢᠯᠠᠵᠤ ᠶᠠᠪᠤᠶ᠎ᠠ ᠬᠡᠰᠡᠨ ᠰᠠᠨᠠᠭ᠎ᠠ ᠲᠠᠢ︾ ᠬᠡᠵᠤ ᠮᠥᠩᠬᠡ ᠭᠤᠸᠠᠢ ᠶᠠᠷᠢᠪᠠ᠃ ᠲᠡᠷᠡᠪᠡᠷ ᠠᠷᠪᠠᠭᠠᠳ ᠵᠢᠯ ᠤᠨ ᠡᠮᠣᠨ᠎ᠡ ᠬᠤᠳᠠ ᠳᠤ ᠰᠠᠭᠤᠷᠢᠰᠢᠭᠰᠠᠨ ᠠᠴᠠ ᠨᠠᠰᠢ ᠴᠢᠳᠣᠷ ᠬᠠᠵᠠᠭᠠᠷ ᠠᠴᠠ ᠡᠬᠢᠯᠡᠬᠦᠯᠣᠨ ᠮᠠᠯᠴᠢᠨ ᠬᠦᠮᠣᠨ ᠤ ᠤᠷᠢ ᠴᠢᠳᠠᠪᠣᠷᠢ ᠪᠠᠨ ᠪᠠᠳᠠᠷᠠᠭᠤᠯᠤᠨ ᠪᠠᠭ᠎ᠠ ᠰᠠᠭ᠎ᠠ ᠶᠠᠭᠤᠮ᠎ᠠ   ᠤᠶᠤᠵᠤ ᠤᠷᠠᠯᠠᠭᠠᠳ ᠬᠤᠳᠠᠯᠳᠣᠴᠢᠬᠠᠳᠠᠭ ᠪᠠᠶᠢᠵᠡᠢ᠃ ᠴᠢᠨᠠᠭᠰᠢ ᠪᠠᠨ ᠬᠠᠴᠢᠨ ᠴᠢᠯᠠᠭᠤ ᠪᠤᠷᠤᠯᠠᠭᠤᠯᠬᠤ᠂᠂ ᠳᠡᠬᠦᠵᠣ ᠴᠣᠭᠯᠠᠭᠤᠯᠬᠤ ᠠᠴᠠ ᠡᠬᠢᠯᠡᠬᠦᠯᠣᠨ ᠪᠡᠬᠡᠵᠢᠩ᠂ ᠶᠥᠨᠨᠠᠨ ᠵᠡᠷᠬᠡ ᠬᠤᠳᠠ ᠭᠠᠵᠠᠷ ᠢᠶᠠᠷ ᠶᠠᠪᠤᠵᠤ ᠤᠯᠠᠨ ᠶᠠᠭᠤᠮ᠎ᠠ ᠶᠢ ᠰᠤᠨᠢᠷᠬᠠᠬᠤ ᠪᠤᠯᠤᠭᠰᠠᠨ ᠬᠡᠨ᠎ᠡ᠃  ᠤᠯᠠᠨ ᠭᠠᠵᠠᠷ ᠢᠶᠠᠷ ᠵᠤᠭᠠᠯᠠᠵᠤ ᠶᠠᠪᠤᠬᠤ ᠳᠠᠭᠠᠨ ᠲᠤᠨᠤᠯᠵᠢᠨ ᠬᠠᠳᠬᠤᠮᠠᠯ ᠳᠤ ᠪᠠᠭ᠋ᠠᠳᠠᠢ ᠪᠤᠯᠵᠤ᠂ ᠵᠠᠷᠢᠮ ᠪᠥᠳᠤᠬᠡᠯ ᠢᠶᠠᠨ ᠠᠷᠪᠠᠭᠠᠳ ᠲᠥᠮᠡᠨ ᠲᠥᠭᠦᠷᠢᠭ ᠤᠨ ᠥᠨ᠎ᠡ ᠪᠠᠷ ᠪᠤᠷᠤᠯᠠᠭᠤᠯᠤᠭᠰᠠᠨ ᠤᠳᠠᠭ᠎ᠠ ᠴᠦ ᠪᠤᠢ᠃  ᠥᠢᠷ᠎ᠠ ᠶᠢᠨ ᠵᠢᠯ ᠠᠴᠠ ᠨᠠᠰᠤᠳᠠᠨ ᠭᠤᠸᠠᠢ ᠮᠤᠩᠭᠤᠯ ᠬᠠᠳᠬᠤᠮᠠᠯ ᠳᠤ ᠰᠠᠨᠠᠭ᠎ᠠ ᠲᠠᠯᠪᠢᠵᠤ᠂  ᠥᠨᠳᠤᠰᠤᠳᠡᠨ ᠤ ᠤᠨᠴᠠᠯᠢᠭ᠂ ᠤᠷᠤᠨ ᠨᠤᠳᠤᠭ ᠤᠨ ᠤᠨᠴᠠᠯᠢᠭ ᠲᠠᠢ ᠬᠠᠳᠬᠤᠮᠠᠯ ᠤᠨ ᠪᠥᠳᠤᠬᠡᠯ ᠢ ᠢᠯᠡᠭᠦᠬᠡᠨ ᠤᠷᠠᠯᠠᠵᠤ ᠬᠠᠳᠬᠤᠬᠤ ᠪᠤᠯᠤᠭᠰᠠᠨ ᠪᠠᠶᠢᠨ᠎ᠠ᠃ ᠲᠡᠭᠦᠨ ᠤ ᠪᠠᠭ᠎ᠠ ᠨᠠᠰᠤᠨ ᠳᠤ ᠥᠵᠡᠵᠤ᠂ ᠡᠳ᠋ᠯᠡᠵᠤ ᠪᠠᠶᠢᠭᠰᠠᠨ ᠤᠯᠠᠨ ᠵᠥᠢᠯ ᠤᠨ ᠬᠠᠳᠬᠤᠮᠠᠯ ᠤᠨ ᠵᠥᠢᠯᠡᠰ ᠲᠤᠩ ᠬᠤᠪᠤᠷᠬᠠᠨ ᠪᠤᠯᠤᠭᠰᠠᠨ ᠪᠤᠯᠪᠠᠴᠤ ᠪᠠᠰᠠ ᠨᠢᠬᠡ ᠥᠶ᠎ᠡ ᠵᠠᠯᠠᠭᠤ ᠪᠥᠰᠡᠭᠦᠶᠢᠴᠤᠤᠯ᠂ ᠬᠡᠤᠬᠡᠨᠴᠤᠤᠯ ᠥᠨᠳᠤᠰᠤᠳᠡᠨ ᠤ ᠭᠠᠷ ᠤᠷᠠᠯᠠᠯ᠂ ᠥᠢᠯᠠ ᠤᠳᠠᠰᠤᠨ ᠤ ᠠᠵᠢᠯ ᠢ ᠬᠥᠴᠤ ᠲᠠᠯᠪᠢᠨ ᠰᠤᠷᠴᠤ ᠪᠠᠶᠢᠭ᠎ᠠ ᠶᠢ ᠬᠠᠷᠠᠭᠠᠳ ᠮᠥᠩᠬᠡ ᠨᠠᠰᠤᠳᠠᠨ ᠥᠪᠡᠷ ᠤᠨ ᠡᠷᠬᠡ ᠥᠬᠡᠢ ᠤᠷᠠᠮᠰᠢᠳᠠᠭ ᠬᠡᠨ᠎ᠡ᠃      ᠮᠦᠩᠭᠡ ᠨᠠᠰᠣᠳᠠᠨ ᠥᠪᠡᠷ ᠤᠨ ᠤᠷ᠎ᠠ ᠮᠡᠷᠬᠡᠵᠢᠯ ᠢᠶᠠᠷ ᠢᠶᠠᠨ ᠲᠡᠬᠡᠬᠡᠭᠰᠢᠯᠡᠭᠦᠯᠭᠦ ᠶᠢᠨ ᠲᠤᠰᠠᠳᠠ ᠲᠤᠰᠬᠠᠶᠢᠯᠠᠨ ᠬᠠᠳᠬᠤᠮᠠᠯ ᠤᠨ ᠰᠣᠷᠭᠠᠯᠳᠠ  ᠎ ᠪᠠᠷ ᠳᠠᠮᠵᠢᠨ ᠬᠠᠳᠬᠤᠮᠠᠯ ᠤᠨ ᠭᠤᠸ᠎ᠠ ᠰᠠᠶᠢᠬᠠᠨ ᠢ ᠲᠥᠬᠡᠮᠯᠵᠢᠯᠡᠨ ᠲᠡᠯᠬᠡᠷᠡᠭᠦᠯᠵᠤ᠂ ᠮᠣᠩᠭᠤᠯ ᠣᠯᠣᠰ᠂ ᠤᠷᠳᠤᠰ ᠬᠤᠳᠠ ᠪᠤᠯᠤᠨ ᠰᠢᠯᠢ ᠶᠢᠨ ᠭᠤᠣᠯ ᠠᠶᠢᠮᠠᠭ ᠵᠡᠷᠭᠡ ᠭᠠᠵᠠᠷ ᠤᠨ ᠬᠡᠷᠡᠭᠯᠡᠭᠴᠢᠳ ᠲᠤ ᠪᠥᠳᠤᠬᠡᠯ ᠢᠶᠠᠷ ᠢᠶᠠᠨ ᠸᠢᠴᠠᠲ ᠪᠠᠷ ᠪᠣᠷᠣᠯᠠᠭᠤᠯᠵᠣ᠂ ᠪᠠᠶᠢᠩᠭᠤ ᠵᠠᠬᠢᠶᠠᠯᠠᠭ᠎ᠠ  ᠬᠥᠯᠢᠶᠡᠬᠡᠳ  ᠡᠳᠤᠷᠵᠢᠨ ᠥᠢᠯᠠ ᠤᠳᠠᠰᠤᠨ ᠤ ᠠᠵᠢᠯ ᠳᠤ ᠮᠣᠩᠭᠢᠨᠠᠵᠣ ᠯᠠ ᠰᠠᠭᠤᠨ᠎ᠠ᠃ ᠨᠠᠰᠤᠳᠠᠨ ᠤ ᠬᠡᠯᠡᠭᠰᠡᠨᠴᠢᠯᠡᠨ ︽ᠪᠢ ᠣᠯᠠᠨ ᠵᠥᠢᠯ ᠢ ᠣᠷᠣᠯᠳᠣᠵᠣ ᠪᠦᠳᠦᠭᠡᠭᠰᠡᠭᠡᠷ ᠢᠷᠡᠭᠰᠡᠨ ᠶᠤᠮ᠂ ᠴᠤᠷ ᠤᠨ ᠭᠠᠭᠴᠠ ᠬᠠᠳᠬᠤᠮᠠᠯ ᠢ ᠪᠠᠭᠰᠢ ᠪᠠᠷᠢᠵᠣ ᠨᠠᠷᠢᠯᠢᠭ ᠰᠣᠷᠴᠣ ᠠᠪᠤᠯ᠎ᠠ᠃ ᠮᠣᠩᠭᠤᠯ ᠦᠨᠳᠣᠰᠣᠳᠠᠨ ᠤ ᠬᠠᠳᠬᠤᠮᠠᠯ ᠤᠷᠠᠯᠢᠭ ᠪᠤᠯ ᠤᠷᠳᠤ ᠤᠳᠠᠭᠠᠨ ᠲᠡᠤᠬᠡᠨ ᠣᠯᠠᠮᠵᠢᠯᠠᠯ ᠎ ᠲᠠᠢ ᠤᠴᠢᠷ ᠠᠴᠠ ᠥᠷ᠎ᠡ ᠬᠤᠶᠢᠴᠢᠰ ᠲᠡᠭᠡᠨ ᠥᠪᠯᠡᠭᠦᠯᠤᠶ᠎ᠡ ᠬᠡᠵᠤ ᠰᠠᠨᠠᠨ᠎ᠠ︾ ᠬᠡᠯ᠎ᠡ᠃      ᠤᠯᠠᠩᠬᠢ ᠭᠠᠷ ᠤᠷᠠᠯᠠᠯ ᠪᠤᠶᠤ ᠬᠠᠳᠬᠤᠮᠠᠯ ᠤᠨ ᠪᠥᠳᠤᠬᠡᠯ ᠮᠠᠨᠢ ᠠᠯᠠᠱᠠ ᠨᠤᠳᠤᠭ ᠤᠨ ᠢᠶᠠᠨ ᠠᠭᠤᠯᠠ ᠤᠰᠤ ᠪᠠᠨ ᠪᠠᠭ᠋ᠠᠷᠬᠠᠨ ᠬᠠᠳᠬᠤᠬᠤ᠂  ᠮᠠᠯᠵᠢᠬᠤ ᠠᠮᠢᠳᠤᠷᠠᠯ ᠢᠶᠠᠨ ᠲᠥᠷᠰᠤᠯᠡᠨ ᠵᠢᠷᠤᠭᠯᠠᠬᠤ᠂ ᠤᠷᠤᠨ ᠨᠤᠳᠤᠭ ᠎ ᠤᠨ ᠲᠡᠤᠬᠡ ᠰᠤᠶᠤᠯ ᠢᠶᠠᠨ ᠠᠮᠢᠯᠠᠭᠤᠯᠤᠨ ᠬᠠᠳᠬᠤᠬᠤ ᠪᠠᠷ ᠭᠤᠤᠯᠳᠠᠵᠤ᠂  ᠥᠷ᠎ᠠ ᠠᠴᠢᠨᠠᠷ᠂  ᠵᠠᠯᠠᠭᠤ ᠪᠠᠭᠠᠴᠤᠳ ᠎ ᠲᠤ ᠥᠵᠡᠭᠦᠯᠭᠦ᠂ ᠰᠤᠨᠢᠷᠬᠠᠭᠤᠯᠬᠤ᠂ ᠰᠤᠷᠭᠠᠬᠤ ᠪᠠᠷ ᠵᠤᠷᠢᠯᠳᠠ ᠪᠤᠯᠭᠠᠵᠤ ᠪᠠᠶᠢᠨ᠎ᠠ ᠬᠡᠵᠤ ᠮᠥᠩᠬᠡ ᠨᠠᠰᠤᠳᠠᠨ ᠶᠠᠷᠢᠵᠤ ᠪᠠᠶᠢᠭᠰᠠᠨ ᠪᠢᠯᠡ᠃  ᠮᠥᠨ ᠴᠦ ᠡᠨᠡᠭᠦ ᠠᠯᠠᠱᠠ ᠨᠤᠳᠤᠭ ᠤᠨ ᠲᠤᠷᠭᠠᠨ ᠬᠥᠷᠥᠰᠤᠨ ᠠᠴᠠ ᠤᠨᠳᠤᠷᠤᠭᠰᠠᠨ ᠤᠷᠠᠯᠢᠭ ᠤᠨ ᠤᠩᠭᠤᠳ ᠥᠨᠳᠤᠰᠤᠳᠡᠡ ᠤ ᠭᠠᠷ ᠤᠷᠠᠯᠠᠯ ᠤᠨ ᠪᠥᠳᠤᠬᠡᠯ ᠪᠤᠯᠵᠤ᠂ ᠥᠷᠬᠡᠨ ᠤᠯᠠᠨ ᠬᠠᠳᠬᠤᠮᠠᠯ ᠤᠷᠠᠯᠢᠭ ᠲᠤ ᠪᠠᠭ᠋ᠠᠳᠠᠢ ᠬᠥᠮᠤᠰ ᠤᠨ ᠰᠤᠷᠴᠤ ᠥᠪᠯᠡᠭᠦ᠂ ᠰᠤᠳᠤᠯᠵᠤ ᠤᠯᠠᠮᠵᠢᠯᠠᠬᠤ ᠰᠤᠶᠤᠯ ᠤᠨ ᠥᠪ ᠪᠤᠯᠵᠤ ᠪᠠᠶᠢᠨᠠᠮ᠃  ︽ᠴᠢᠳᠠᠯ ᠠᠯᠳᠠᠷᠠᠳᠠᠯ᠎ᠠ ᠪᠠᠨ ᠬᠠᠳᠬᠤᠮᠠᠯ ᠢᠶᠠᠨ ᠬᠠᠳᠬᠤᠨ᠎ᠠ᠂ ᠠᠯᠠᠱᠠ ᠨᠤᠳᠤᠭ ᠤᠨ ᠰᠤᠨᠢᠨ ᠬᠠᠴᠢᠨ ᠵᠥᠢᠯᠡᠰ ᠢ ᠬᠠᠳᠬᠤᠨ᠎ᠠ︕︾ ᠬᠡᠰᠡᠨ ᠠᠷᠠᠳ ᠤᠨ ᠭᠠᠷ ᠤᠷᠠᠯᠢᠭᠴᠢᠨ ᠮᠥᠩᠬᠡ ᠨᠠᠰᠤᠳᠠᠨ ᠤ ᠴᠤᠩᠬᠤᠨ ᠤ ᠲᠡᠷᠬᠡᠳᠡ ᠬᠥᠮᠤᠰᠬᠡ ᠪᠠᠨ ᠠᠳᠤᠷᠢᠵᠤ᠂ ᠭᠠᠯ ᠰᠢᠯ ᠢᠶᠠᠨ ᠵᠡᠭᠦᠬᠡᠳ ᠵᠡᠭᠦᠤ ᠰᠤᠪᠢᠯᠠᠵᠤ ᠰᠠᠭᠤᠬᠤ ᠨᠢ ᠴᠠᠭᠠᠨ᠎ᠠ ᠪᠠᠨ ᠰᠠᠶᠢᠬᠠᠨ ᠰᠠᠨᠠᠭᠳᠠᠯ᠎ᠠ ᠁
   
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号