ᠠᠯᠠᠱᠠ ᠵᠡᠬᠦᠨ ᠬᠤᠰᠢᠭᠤᠨ ᠤ ᠨᠠᠮ ᠵᠠᠰᠠᠭ ᠤᠨ ᠪᠠᠶᠢᠭᠤᠯᠤᠮᠵᠢ᠄ ᠠᠯᠠᠱᠠ ᠵᠡᠭᠦᠨ ᠬᠤᠰᠢᠭᠤᠨ ᠤ ᠨᠠᠮ ᠤᠨ ᠬᠤᠷᠢᠶ᠎ᠠ
ᠨᠡᠶᠢᠲᠡᠯᠡᠭᠰᠡᠨ ᠴᠠᠭ᠄
2024/3/1

ᠠᠯᠠᠱᠠ ᠵᠡᠬᠦᠨ ᠬᠤᠰᠢᠭᠤᠨ ᠤ ᠨᠠᠮ ᠵᠠᠰᠠᠭ ᠤᠨ ᠪᠠᠶᠢᠭᠤᠯᠤᠮᠵᠢ᠄ ᠠᠯᠠᠱᠠ ᠵᠡᠭᠦᠨ ᠬᠤᠰᠢᠭᠤᠨ ᠤ ᠨᠠᠮ ᠤᠨ ᠬᠤᠷᠢᠶ᠎ᠠ

     ᠠᠯᠠᠱᠠ ᠬᠤᠰᠢᠭᠤ ᠨᠠᠶᠢᠷᠠᠮᠳᠠᠯ ᠢᠶᠠᠷ ᠴᠢᠯᠤᠭᠡᠯᠡᠭᠳᠡᠭᠰᠡᠨ ᠤ ᠳᠠᠷᠠᠭ᠎ᠠ᠂ 1949 ᠤᠨ ᠤ 12 ᠰᠠᠷ᠎ᠠ ᠳᠤ

ᠬᠠᠮᠤᠭ ᠠᠩᠬᠠᠨ ᠤ ᠳᠤᠮᠳᠠᠳᠤ ᠤᠯᠤᠰ ᠤᠨ ᠡᠪ ᠬᠠᠮᠳᠤ ᠨᠠᠮ ᠤᠨ ᠨᠠᠮ ᠤᠨ ᠡᠬᠦᠷ ᠪᠠᠶᠢᠭᠤᠯᠤᠭᠳᠠᠵᠤ᠂ ᠳᠤᠮᠳᠠᠳᠤ

ᠤᠯᠤᠰ ᠤᠨ ᠡᠪ ᠬᠠᠮᠳᠤ ᠨᠠᠮ ᠤᠨ ᠨᠢᠩᠰᠢᠶᠠ ᠮᠤᠵᠢ ᠶᠢᠨ ᠬᠤᠷᠢᠶ᠎ᠠ ᠳᠤ ᠬᠠᠷᠢᠶᠠᠯᠠᠭᠳᠠᠵᠤ᠂ 9 ᠨᠠᠮ ᠤᠨ ᠭᠡᠰᠢᠬᠦᠨ

 ᠲᠠᠢ ᠪᠠᠶᠢᠭᠰᠠᠨ ᠪᠠᠶᠢᠨ᠎ᠠ᠃ 1950 ᠤᠨ ᠤ 3 ᠰᠠᠷ᠎ᠠ ᠳᠤ ᠳᠤᠮᠳᠠᠳᠤ ᠤᠯᠤᠰ ᠤᠨ ᠡᠪ ᠬᠠᠮᠳᠤ ᠨᠠᠮ ᠤᠨ ᠠᠯᠠᠱᠠ

ᠬᠤᠰᠢᠭᠤᠨ ᠤ ᠠᠵᠢᠯ ᠤᠨ ᠵᠦᠪᠯᠠᠯ ᠪᠠᠶᠢᠭᠤᠯᠤᠭᠳᠠᠵᠤ᠂ ᠪᠠᠷᠠᠭᠤᠨ ᠬᠤᠶᠢᠳᠤ ᠶᠢᠨ ᠴᠡᠷᠢᠭ ᠵᠠᠰᠠᠭ ᠤᠨ ᠵᠦᠪᠯᠠᠯ

ᠪᠤᠯᠤᠨ ᠳᠤᠮᠳᠠᠳᠤ ᠤᠯᠤᠰ ᠤᠨ ᠡᠪ ᠬᠠᠮᠳᠤ ᠨᠠᠮ ᠤᠨ ᠨᠢᠩᠰᠢᠶᠠ ᠮᠤᠵᠢ ᠶᠢᠨ ᠬᠤᠷᠢᠶ᠎ᠠ ᠶᠢᠨ ᠤᠳᠤᠷᠢᠳᠤᠯᠭ᠎ᠠ

ᠳᠤᠤᠷ᠎ᠠ ᠠᠵᠢᠯ ᠢᠶᠠᠨ ᠦᠷᠨᠢᠬᠦᠯᠵᠤ᠂ 1953 ᠤᠨ ᠪᠤᠯᠬᠤ ᠳᠤ ᠪᠦᠬᠦ ᠬᠤᠰᠢᠭᠤᠨ ᠳᠤ 73 ᠨᠠᠮ ᠤᠨ ᠭᠡᠰᠢᠬᠦᠨ

 ᠲᠠᠢ᠂ 9 ᠨᠠᠮ ᠤᠨ ᠡᠬᠦᠷ ᠲᠠᠢ ᠪᠤᠯᠵᠡᠢ᠃ 1956 ᠤᠨ ᠤ 4 ᠰᠠᠷ᠎ᠠ ᠳᠤ ᠳᠤᠮᠳᠠᠳᠤ ᠤᠯᠤᠰ ᠤᠨ ᠡᠪ ᠬᠠᠮᠳᠤ

ᠨᠠᠮ ᠤᠨ ᠠᠯᠠᠱᠠ ᠬᠤᠰᠢᠭᠤᠨ ᠤ ᠠᠵᠢᠯ ᠤᠨ ᠵᠦᠪᠯᠠᠯ ᠠᠴᠠ ᠮᠠᠯᠵᠢᠬᠤ ᠤᠷᠤᠨ ᠤ ᠨᠠᠮ ᠤᠨ ᠵᠤᠭᠢᠶᠠᠨ

ᠪᠠᠶᠢᠭᠤᠯᠤᠯᠳᠠ ᠶᠢᠨ ᠠᠵᠢᠯ ᠢ ᠠᠳᠬᠤᠵᠤ ᠨᠠᠶᠢᠳᠠᠪᠤᠷᠢᠵᠢᠭᠤᠯᠤᠭᠰᠠᠨ ᠢᠶᠠᠷ ᠵᠢᠯ ᠤᠨ ᠡᠴᠤᠰ ᠪᠤᠯᠬᠤ ᠳᠤ ᠰᠢᠨ᠎ᠡ ᠪᠠᠷ

119 ᠨᠠᠮ ᠤᠨ ᠭᠡᠰᠢᠬᠦᠨ ᠡᠯᠰᠡᠵᠤ᠂ ᠡᠬᠦᠨ ᠤ ᠳᠤᠳᠤᠷ᠎ᠠ ᠮᠠᠯᠴᠢᠨ ᠨᠠᠮ ᠤᠨ ᠭᠡᠰᠢᠬᠦᠨ 37 ᠪᠠᠶᠢᠪᠠ᠃ 1957

ᠤᠨ ᠤ 5 ᠰᠠᠷ᠎ᠠ ᠪᠤᠯᠬᠤ ᠳᠤ ᠪᠦᠬᠦ ᠬᠤᠰᠢᠭᠤᠨ ᠳᠤ 27  ᠨᠠᠮ ᠤᠨ ᠬᠤᠷᠢᠶ᠎ᠠ᠂ 1 ᠨᠠᠮ ᠤᠨ ᠶᠡᠷᠤᠩᠭᠡᠢ ᠡᠬᠦᠷ᠂

36 ᠨᠠᠮ ᠤᠨ ᠡᠬᠦᠷ ᠲᠠᠢ ᠪᠤᠯᠵᠤ᠂ 470 ᠨᠠᠮ ᠤᠨ ᠭᠡᠰᠢᠬᠦᠨ ᠪᠠᠶᠢᠵᠤ᠂ ᠪᠦᠬᠦ ᠬᠤᠰᠢᠭᠤᠨ ᠳᠤ ᠨᠠᠮ ᠤᠨ

ᠵᠤᠭᠢᠶᠠᠨ ᠪᠠᠶᠢᠭᠤᠯᠤᠯᠳᠠ ᠶᠢᠨ ᠳᠤᠤᠷ ᠰᠦᠯᠵᠢᠶ᠎ᠡ ᠶᠢ ᠪᠦᠷᠢᠯᠳᠤᠬᠦᠯᠤᠭ᠍ᠰᠡᠨ ᠪᠠᠶᠢᠨ᠎ᠠ᠃

     1961ᠤᠨ ᠤ 4 ᠰᠠᠷ᠎ᠠ ᠳᠤ ᠠᠯᠠᠱᠠ ᠬᠤᠰᠢᠭᠤ ᠶᠢ ᠵᠡᠬᠦᠨ᠂ ᠪᠠᠷᠠᠭᠤᠨ ᠬᠤᠶᠠᠷ ᠬᠤᠰᠢᠭᠤ ᠪᠤᠯᠭᠠᠨ

ᠬᠤᠪᠢᠶᠠᠭᠰᠠᠨ ᠤ ᠳᠠᠷᠠᠭ᠎ᠠ᠂ ᠠᠯᠠᠱᠠ ᠵᠡᠬᠦᠨ ᠬᠤᠰᠢᠭᠤᠨ ᠳᠤ ᠨᠠᠮ ᠤᠨ ᠭᠡᠰᠢᠬᠦᠨ 1068 ᠨᠡᠷ᠎ᠡ᠂ ᠨᠠᠮ ᠤᠨ ᠡᠬᠦᠷ

115᠂ ᠨᠠᠮ ᠤᠨ ᠶᠡᠷᠤᠩᠭᠡᠢ ᠡᠬᠦᠷ 1᠂ ᠨᠠᠮ ᠤᠨ ᠬᠤᠷᠢᠶ᠎ᠠ 11 ᠪᠠᠶᠢᠵᠡᠢ᠃ 1964 ᠤᠨ ᠤ ᠡᠴᠤᠰ

ᠪᠤᠯᠬᠤ ᠳᠤ ᠪᠦᠬᠦ ᠬᠤᠰᠢᠭᠤᠨ ᠳᠤ ᠦᠨᠳᠤᠰᠤᠨ ᠱᠠᠳᠤᠨ ᠤ ᠨᠠᠮ ᠤᠨ ᠬᠤᠷᠢᠶ᠎ᠠ 25᠂ ᠨᠠᠮ ᠤᠨ ᠡᠬᠦᠷ 160

ᠪᠤᠯᠵᠤ᠂ ᠨᠠᠮ ᠤᠨ ᠭᠡᠰᠢᠬᠦᠨ 1351 ᠪᠤᠯᠤᠨ ᠬᠦᠭᠵᠢᠵᠡᠢ᠃ ︽ᠰᠤᠶᠤᠯ ᠤᠨ ᠶᠡᠭᠡ ᠬᠤᠪᠢᠰᠬᠠᠯ︾ ᠤᠨ ᠳᠤᠮᠳᠠ

ᠬᠤᠪᠢᠰᠬᠠᠯ ᠤᠨ ᠵᠦᠪᠯᠠᠯ ᠢᠶᠠᠷ ᠨᠠᠮ ᠤᠨ ᠬᠤᠷᠢᠶ᠎ᠠ ᠶᠢ ᠤᠷᠤᠯᠠᠭᠤᠯᠤᠭᠰᠠᠨ ᠢᠶᠠᠷ ᠡᠯ᠎ᠡ ᠱᠠᠳᠤᠨ ᠤ ᠨᠠᠮ ᠤᠨ ᠵᠤᠭᠢᠶᠠᠨ

ᠪᠠᠶᠢᠭᠤᠯᠤᠯᠳᠠ ᠶᠢᠨ ᠠᠵᠢᠯ ᠵᠤᠭᠰᠤᠩᠭᠤᠶᠢᠷᠠᠭᠰᠠᠨ ᠪᠠᠶᠢᠨ᠎ᠠ᠃ 1972 ᠤᠨ ᠤ 4 ᠰᠠᠷ᠎ᠠ ᠳᠤ ᠳᠤᠮᠳᠠᠳᠤ

ᠤᠯᠤᠰ ᠤᠨ ᠡᠪ ᠬᠠᠮᠳᠤ ᠨᠠᠮ ᠤᠨ ᠠᠯᠠᠱᠠ ᠵᠡᠬᠦᠨ ᠬᠤᠰᠢᠭᠤᠨ ᠤ ᠨᠠᠮ ᠤᠨ ᠬᠤᠷᠢᠶ᠎ᠠ ᠶᠢᠨ ᠠᠵᠢᠯ ᠢ

ᠰᠡᠷᠬᠦᠭᠡᠭᠰᠡᠨ ᠢᠶᠠᠷ ᠪᠦᠬᠦ ᠬᠤᠰᠢᠭᠤᠨ ᠤ ᠦᠨᠳᠤᠰᠤᠨ ᠱᠠᠳᠤᠨ ᠤ ᠨᠠᠮ ᠤᠨ ᠬᠤᠷᠢᠶ᠎ᠠ 32᠂ ᠨᠠᠮ ᠤᠨ ᠶᠡᠷᠤᠩᠭᠡᠢ

ᠡᠬᠦᠷ 4᠂ ᠨᠠᠮ ᠤᠨ ᠡᠬᠦᠷ 150 ᠪᠠᠶᠢᠵᠤ᠂ ᠨᠠᠮ ᠤᠨ ᠭᠡᠰᠢᠬᠦᠨ 2250 ᠨᠡᠷ᠎ᠡ ᠪᠠᠶᠢᠵᠡᠢ᠃ 1978 ᠤᠨ

ᠪᠤᠯᠬᠤ ᠳᠤ ᠪᠦᠬᠦ ᠬᠤᠰᠢᠭᠤᠨ ᠳᠤ 3351 ᠨᠠᠮ ᠭᠡᠰᠢᠬᠦᠨ ᠲᠠᠢ ᠪᠤᠯᠵᠤ᠂ 1984 ᠤᠨ ᠪᠤᠯᠬᠤ ᠳᠤ ᠪᠦᠬᠦ

ᠬᠤᠰᠢᠭᠤᠨ ᠳᠤ 3269 ᠨᠡᠷ᠎ᠡ ᠨᠠᠮ ᠤᠨ ᠭᠡᠰᠢᠬᠦᠨ ᠲᠠᠢ ᠪᠤᠯᠵᠤ᠂ ᠡᠬᠦᠨ ᠳᠤ ᠳᠡᠭᠡᠳᠤ ᠳᠤᠮᠳᠠᠳᠤ ᠶᠢᠨ

ᠰᠤᠶᠤᠯ ᠤᠨ ᠭᠡᠮᠵᠢᠶ᠎ᠠ ᠲᠠᠢ ᠨᠠᠮ ᠤᠨ ᠭᠡᠰᠢᠬᠦᠨ 425 ᠨᠡᠷ᠎ᠡ ᠪᠠᠶᠢᠵᠤ᠂ 13 ᠶᠢ ᠡᠵᠡᠯᠡᠵᠤ᠂ ᠶᠡᠭᠡ

ᠰᠤᠷᠭᠠᠭᠤᠯᠢ ᠶᠢᠨ ᠳᠤᠰᠬᠠᠢ ᠮᠡᠷᠭᠡᠵᠢᠯ ᠠᠴᠠ ᠳᠡᠭᠡᠭᠰᠢᠭᠢ ᠰᠤᠶᠤᠯ ᠤᠨ ᠭᠡᠮᠵᠢᠶ᠎ᠠ ᠲᠠᠢ ᠨᠠᠮ ᠤᠨ ᠭᠡᠰᠢᠬᠦᠨ 189

ᠨᠡᠷ᠎ᠡ ᠪᠠᠶᠢᠵᠤ᠂ 5 ᠡᠵᠡᠯᠡᠨ᠎ᠡ᠃ 1990 ᠤᠨ ᠳᠤ ᠪᠦᠬᠦ ᠬᠤᠰᠢᠭᠤᠨ ᠤ ᠨᠠᠮ ᠤᠨ ᠭᠡᠰᠢᠬᠦᠨ 3835 ᠪᠠᠶᠢᠵᠤ

᠂ ᠡᠬᠦᠨ ᠳᠤ ᠠᠩᠬ᠎ᠠ ᠳᠤᠮᠳᠠᠳᠤ ᠳᠡᠭᠡᠳᠤ ᠳᠤᠮᠳᠠᠳᠤ ᠶᠢᠨ ᠰᠤᠶᠤᠯ ᠤᠨ ᠭᠡᠮᠵᠢᠶ᠎ᠠ ᠲᠠᠢ ᠨᠠᠮ ᠤᠨ ᠭᠡᠰᠢᠬᠦᠨ 1309

ᠨᠡᠷ᠎ᠡ ᠪᠠᠶᠢᠵᠤ᠂ 34 ᠶᠢ ᠡᠵᠡᠯᠡᠵᠤ᠂ ᠶᠡᠭᠡ ᠰᠤᠷᠭᠠᠭᠤᠯᠢ ᠶᠢᠨ ᠳᠤᠰᠬᠠᠢ ᠮᠡᠷᠭᠡᠵᠢᠯ ᠠᠴᠠ ᠳᠡᠭᠡᠭᠰᠢᠭᠢ

ᠰᠤᠶᠤᠯ ᠤᠨ ᠭᠡᠮᠵᠢᠶ᠎ᠠ ᠲᠠᠢ ᠨᠠᠮ ᠤᠨ ᠭᠡᠰᠢᠬᠦᠨ 940 ᠨᠡᠷ᠎ᠡ ᠪᠠᠶᠢᠵᠤ᠂ 24.5 ᠶᠢ ᠡᠵᠡᠯᠡᠵᠤ᠂ ᠡᠮᠡᠭᠳᠡᠢ

ᠨᠠᠮ ᠤᠨ ᠭᠡᠰᠢᠬᠦᠨ 747 ᠨᠡᠷ᠎ᠡ ᠪᠠᠶᠢᠵᠤ᠂ 19.5 ᠶᠢ ᠡᠵᠡᠯᠡᠵᠤ᠂ ᠴᠦᠭᠡᠨ ᠳᠤᠭᠠᠳᠤ ᠦᠨᠳᠤᠰᠤᠳᠡᠨ ᠤ

ᠨᠠᠮ ᠤᠨ ᠭᠡᠰᠢᠬᠦᠨ 1520 ᠨᠡᠷ᠎ᠡ ᠪᠠᠶᠢᠵᠤ᠂ 40 ᠶᠢ ᠡᠵᠡᠯᠡᠨ᠎ᠡ᠃ 1999 ᠤᠨ ᠤ ᠡᠴᠤᠰ ᠪᠤᠯᠬᠤ ᠳᠤ

ᠨᠠᠮ ᠤᠨ ᠬᠤᠷᠢᠶ᠎ᠠ 33᠂ ᠨᠠᠮ ᠤᠨ ᠶᠡᠷᠤᠩᠭᠡᠢ ᠡᠬᠦᠷ 14᠂ ᠨᠠᠮ ᠤᠨ ᠡᠬᠦᠷ 478 ᠪᠠᠶᠢᠵᠤ᠂ ᠨᠠᠮ ᠤᠨ ᠭᠡᠰᠢᠬᠦᠨ

6050 ᠨᠡᠷ᠎ᠡ ᠪᠤᠯᠵᠤ᠂ ᠡᠬᠦᠨ ᠳᠤ ᠶᠡᠭᠡ ᠰᠤᠷᠭᠠᠭᠤᠯᠢ ᠶᠢᠨ ᠳᠤᠰᠬᠠᠢ ᠮᠡᠷᠭᠡᠵᠢᠯ ᠠᠴᠠ ᠳᠡᠭᠡᠭᠰᠢᠭᠢ ᠰᠤᠶᠤᠯ ᠤᠨ

ᠭᠡᠮᠵᠢᠶ᠎ᠠ ᠲᠠᠢ ᠨᠠᠮ ᠤᠨ ᠭᠡᠰᠢᠬᠦᠨ 1150 ᠨᠡᠷ᠎ᠡ ᠪᠠᠶᠢᠵᠤ᠂ 19 ᠶᠢ ᠡᠵᠡᠯᠡᠵᠤ᠂ ᠡᠮᠡᠭᠳᠡᠢ ᠨᠠᠮ ᠤᠨ ᠭᠡᠰᠢᠬᠦᠨ

555 ᠨᠡᠷ᠎ᠡ ᠪᠠᠶᠢᠵᠤ᠂ 26 ᠶᠢ ᠡᠵᠡᠯᠡᠵᠤ᠂ ᠴᠦᠭᠡᠨ ᠳᠤᠭᠠᠳᠤ ᠦᠨᠳᠤᠰᠤᠳᠡᠨ ᠤ ᠨᠠᠮ ᠤᠨ ᠭᠡᠰᠢᠬᠦᠨ 2272

ᠨᠡᠷ᠎ᠡ ᠪᠠᠶᠢᠵᠤ᠂ 38 ᠶᠢ ᠡᠵᠡᠯᠡᠨ᠎ᠡ᠃ 2012 ᠤᠨ ᠪᠣᠯᠬᠤ ᠳᠤ 8497 ᠨᠡᠷ᠎ᠡ ᠨᠠᠮ ᠤᠨ ᠭᠡᠰᠢᠬᠦᠨ ᠲᠠᠢ

ᠪᠤᠯᠵᠤ᠂ ᠡᠬᠦᠨ ᠳᠤ ᠡᠮᠡᠭᠳᠡᠢ ᠨᠠᠮ ᠤᠨ ᠭᠡᠰᠢᠬᠦᠨ 2772 ᠨᠡᠷ᠎ᠡ᠂ ᠴᠦᠭᠡᠨ ᠳᠤᠭᠠᠳᠤ ᠦᠨᠳᠤᠰᠤᠳᠡᠨ ᠤ ᠨᠠᠮ ᠤᠨ

ᠭᠡᠰᠢᠬᠦᠨ 3171 ᠨᠡᠷ᠎ᠡ᠂ ᠠᠩᠬ᠎ᠠ ᠳᠤᠮᠳᠠᠳᠤ ᠪᠤᠶᠤ ᠳᠡᠬᠦᠨ ᠠᠴᠠ ᠳᠤᠷᠤᠭᠰᠢ ᠰᠤᠶᠤᠯ ᠤᠨ ᠭᠡᠮᠵᠢᠶ᠎ᠠ ᠲᠠᠢ

ᠨᠠᠮ ᠤᠨ ᠭᠡᠰᠢᠬᠦᠨ᠂ 2540 ᠨᠡᠷ᠎ᠡ᠂ ᠶᠡᠭᠡ ᠰᠤᠷᠭᠠᠭᠤᠯᠢ ᠶᠢᠨ ᠳᠤᠰᠬᠠᠢ ᠮᠡᠷᠭᠡᠵᠢᠯ ᠠᠴᠠ ᠳᠡᠭᠡᠭᠰᠢᠭᠢ ᠰᠤᠶᠤᠯ ᠤᠨ

ᠭᠡᠮᠵᠢᠶ᠎ᠠ ᠲᠠᠢ ᠨᠠᠮ ᠤᠨ ᠭᠡᠰᠢᠬᠦᠨ 3993 ᠨᠡᠷ᠎ᠡ᠂ ᠮᠠᠯᠴᠢᠨ ᠳᠠᠷᠢᠶᠠᠴᠢᠨ ᠨᠠᠮ ᠤᠨ ᠭᠡᠰᠢᠬᠦᠨ 2246 ᠨᠡᠷ᠎ᠡ ᠪᠤᠢ᠃

     1958 ᠤᠨ ᠤ 5 ᠰᠠᠷ᠎ᠠ ᠶᠢᠨ 27 ᠤ ᠡᠳᠤᠷ ᠠᠴᠠ 30 ᠤ ᠡᠳᠤᠷ ᠪᠤᠯᠳᠠᠯ᠎ᠠ ᠠᠩᠬᠠᠳᠤᠭᠠᠷ ᠤᠳᠠᠭᠠᠨ ᠤ

ᠨᠠᠮ ᠤᠨ ᠭᠡᠰᠢᠬᠦᠨ ᠤ ᠳᠦᠯᠤᠭᠡᠯᠡᠭᠴᠢᠳ ᠤᠨ ᠶᠡᠭᠡ ᠬᠤᠷᠠᠯ ᠢ ᠭᠢᠭᠰᠡᠨ ᠠᠴᠠ ᠨᠠᠰᠢ ᠡᠳᠤᠭᠡ ᠪᠤᠯᠳᠠᠯ᠎ᠠ ᠠᠷᠪᠠᠨ

ᠬᠤᠶᠠᠷ ᠤᠳᠠᠭᠠᠨ ᠤ ᠨᠠᠮ ᠤᠨ ᠳᠦᠯᠤᠭᠡᠯᠡᠭᠴᠢᠳ ᠤᠨ ᠶᠡᠭᠡ ᠬᠤᠷᠠᠯ ᠢ ᠬᠤᠷᠠᠯᠳᠤᠭᠤᠯᠤᠭᠰᠠᠨ ᠪᠠᠶᠢᠨ᠎ᠠ᠃ 1950

ᠤᠨ ᠳᠤ ᠳᠤᠮᠳᠠᠳᠤ ᠤᠯᠤᠰ ᠤᠨ ᠡᠪ ᠬᠠᠮᠳᠤ ᠨᠠᠮ ᠤᠨ ᠠᠯᠠᠱᠠ ᠬᠤᠰᠢᠭᠤᠨ ᠤ ᠠᠵᠢᠯ ᠤᠨ ᠵᠦᠪᠯᠠᠯ

ᠪᠠᠶᠢᠭᠤᠯᠤᠭᠳᠠᠭᠰᠠᠨ ᠠᠴᠠ ᠡᠳᠤᠭᠡ ᠪᠤᠯᠳᠠᠯᠠᠭᠢ ᠳᠡᠤᠭᠡᠨ ᠶᠠᠪᠤᠴᠠ ᠳᠤ ᠼᠤᠤ ᠳ᠋ᠦᠩ ᡁᠢ ︵ᠭᠢᠳᠡᠳ︶᠂ ᠯᠢ ᠵᠢᠶᠠᠨ

︵ᠭᠢᠳᠡᠳ︶᠂ ᠷᠠᠰᠢᠰᠠᠩᠪᠤ ︵ᠮᠤᠩᠭᠤᠯ︶᠂ ᠹᠦᠵᠤᠷᠠᠢ ︵ᠮᠤᠩᠭᠤᠯ︶᠂ ᠴᠢᠶᠤᠤ ᠬᠦᠢ ᠵᠠᠩ ︵ᠭᠢᠳᠡᠳ︶᠂

ᠰᠤᠳᠪᠠᠵᠠᠮᠰᠤ ︵ᠮᠤᠩᠭᠤᠯ︶᠂ ᠯᠾᠠᠮᠤᠰᠦ᠋ᠷᠤᠩ ︵ᠮᠤᠩᠭᠤᠯ︶᠂ ᠸᠠᠩ ᠮᠢᠩ ᠯᠢᠶᠠᠩ ︵ᠭᠢᠳᠡᠳ︶᠂ ᠳᠦᠪ ︵

ᠮᠤᠩᠭᠤᠯ︶᠂ ᠰᠢᠯᠢᠨ ︵ᠮᠤᠩᠭᠤᠯ︶᠂ ᠤᠯᠠᠮᠰᠡᠶᠢᠨ ︵ᠮᠤᠩᠭᠤᠯ︶᠂ ᠶᠠᠩ ᠴᠢᠩ ᠬᠦᠢ ︵ᠭᠢᠳᠡᠳ︶᠂ ᠳᠠᠯᠠᠢ ︵

ᠮᠤᠩᠭᠤᠯ︶᠂ ᠸᠠᠩ ᠳ᠋ᠧᠩ ᠱᠠᠨ ︵ᠬᠤᠳᠤᠩ︶᠂ ᠯᠢᠤ ᠸᠧᠨ ︵ᠭᠢᠳᠡᠳ︶᠂ ᠱᠦᠢ ᠢᠤᠢ ᠵᠢᠶᠠᠩ ︵ᠭᠢᠳᠡᠳ︶᠂

ᠯᠦᠸᠧ ᡁᠢ ᠬᠤ᠋ ︵ᠮᠤᠩᠭᠤᠯ︶᠂ ᠵᠠᠩ ᠺᠤᠸᠠᠨ ᡁᠢ ︵ᠭᠢᠳᠡᠳ︶᠂ ᠴᠠᠰᠤᠳᠠᠢ ︵ᠮᠤᠩᠭᠤᠯ︶᠂ ᠫᠧᠩ ᠵᠢᠶᠠ

ᠵᠦᠩ ︵ᠭᠢᠳᠡᠳ︶᠂ ᠡᠤ ᠵᠦᠩ ᠶᠡᠨ ︵ᠭᠢᠳᠡᠳ︶᠂ ᠶᠤᠤ ᠽᠧ ᠶᠤᠸᠠᠨ ︵ᠭᠢᠳᠡᠳ︶᠂ ᠸᠠᠩ ᠸᠠᠩ ᠱᠧᠩ ︵

ᠮᠤᠩᠭᠤᠯ︶᠂ ᠯᠢᠦ ᡁᠢ ᠴᠢᠶᠠᠩ ︵ᠬᠢᠲᠠᠳ︶ ᠵᠡᠷᠭᠡ ᠬᠦᠮᠤᠰ ᠤᠷᠢᠳ ᠬᠤᠵᠢᠳ ᠳᠤᠮᠳᠠᠳᠤ ᠤᠯᠤᠰ ᠤᠨ ᠡᠪ

ᠬᠠᠮᠳᠤ ᠨᠠᠮ ᠤᠨ ᠠᠯᠠᠱᠠ ᠵᠡᠬᠦᠨ ᠬᠤᠰᠢᠭᠤᠨ ᠤ ᠬᠤᠷᠢᠶ᠎ᠠ ︵ᠠᠵᠢᠯ ᠤᠨ ᠵᠦᠪᠯᠠᠯ︶ ᠶᠢᠨ ᠱᠦᠵᠢ ᠶᠢᠨ ᠳᠤᠰᠢᠶᠠᠯ ᠢ

ᠡᠬᠦᠷᠭᠡᠯᠡᠭᠰᠡᠨ ᠪᠤᠶᠤ ᠡᠬᠦᠷᠭᠡᠯᠡᠵᠤ ᠪᠠᠶᠢᠨ᠎ᠠ᠃

ᠳᠤᠮᠳᠠᠳᠤ ᠤᠯᠤᠰ ᠤᠨ ᠡᠪ ᠬᠠᠮᠳᠤ ᠨᠠᠮ ᠤᠨ ᠠᠯᠠᠱᠠ ᠵᠡᠬᠦᠨ ᠬᠤᠰᠢᠭᠤᠨ ᠤ ᠨᠠᠮ ᠤᠨ ᠬᠤᠷᠢᠶ᠎ᠠ ᠳᠤ ᠠᠩᠬ᠎ᠠ ᠨᠠᠷᠢᠨ

ᠪᠢᠴᠢᠭᠡᠴᠢ ᠶᠢᠨ ᠳᠠᠰᠤᠭ᠂ ᠵᠤᠭᠢᠶᠠᠨ ᠪᠠᠶᠢᠭᠤᠯᠬᠤ ᠭᠡᠯᠳᠡᠰ᠂ ᠤᠬᠠᠭᠤᠯᠬᠤ ᠭᠡᠯᠳᠡᠰ᠂ ᠠᠵᠢᠯᠴᠢᠨ ᠤ ᠡᠪᠯᠡᠯ᠂

ᠡᠪᠯᠡᠯ ᠤᠨ ᠬᠤᠷᠢᠶ᠎ᠠ᠂ ᠡᠮᠡᠭᠳᠡᠶᠢᠴᠤᠳ ᠤᠨ ᠬᠤᠯᠪᠤᠭ᠎ᠠ᠂ ᠰᠠᠭᠢᠯᠭ᠎ᠠ ᠪᠠᠳᠤ ᠪᠠᠶᠢᠴᠠᠭᠠᠬᠤ ᠬᠤᠷᠢᠶ᠎ᠠ ᠵᠡᠷᠭᠡ

ᠪᠠᠶᠢᠭᠤᠯᠤᠮᠵᠢ ᠲᠠᠢ ᠪᠠᠶᠢᠭᠰᠠᠨ ᠪᠤᠯ᠂ 2012 ᠤᠨ ᠤ ᠡᠴᠤᠰ ᠲᠤ ᠠᠯᠪᠠᠨ ᠭᠡᠷ ︵ᠨᠢᠭᠤᠴᠠ ᠶᠢ ᠬᠠᠮᠠᠭᠠᠯᠠᠬᠤ

ᠳᠤᠪᠴᠢᠶ᠎ᠠ᠂  ᠳᠠᠩᠰᠠ ᠡᠪᠭᠡᠮᠡᠯ ᠳᠡᠤᠭᠡ ᠦᠢᠯᠠᠯᠭ᠎ᠠ ᠶᠢᠨ ᠳᠤᠪᠴᠢᠶ᠎ᠠ᠂ ᠬᠦᠯᠢᠶᠡᠨ ᠵᠤᠴᠢᠯᠠᠬᠤ ᠠᠯᠪᠠᠨ ᠭᠡᠷ

ᠪᠠᠭᠳᠠᠨ᠎ᠠ︶᠂ ᠵᠤᠭᠢᠶᠠᠨ ᠪᠠᠶᠢᠭᠤᠯᠬᠤ ᠭᠡᠯᠳᠡᠰ ︵ᠠᠬᠠᠮᠠᠳ ᠺᠠᠳ᠋ᠷᠴᠤᠳ ᠤᠨ ᠳᠤᠪᠴᠢᠶ᠎ᠠ ᠪᠠᠭᠳᠠᠨ᠎ᠠ︶᠂

ᠤᠬᠠᠭᠤᠯᠬᠤ ᠭᠡᠯᠳᠡᠰ᠂ ᠨᠢᠭᠡᠳᠤᠮᠠᠯ ᠹᠷᠤᠨᠲ ᠤᠨ ᠭᠡᠯᠳᠡᠰ᠂ ᠤᠯᠤᠰ ᠳᠦᠷᠤ ᠬᠠᠤᠯᠢ ᠴᠠᠭᠠᠵᠠ ᠶᠢᠨ ᠬᠤᠷᠢᠶ᠎ᠠ᠂

ᠪᠠᠶᠢᠭᠤᠯᠤᠮᠵᠢ ᠶᠢᠨ ᠤᠷᠤᠨ ᠳᠤᠭ᠎ᠠ ᠶᠢᠨ ᠵᠦᠪᠯᠠᠯ ᠤᠨ ᠠᠯᠪᠠᠨ ᠭᠡᠷ᠂ ᠳᠤᠮᠳᠠᠳᠤ ᠤᠯᠤᠰ ᠤᠨ ᠡᠪ ᠬᠠᠮᠳᠤ ᠨᠠᠮ ᠤᠨ

ᠠᠯᠠᠱᠠ ᠵᠡᠬᠦᠨ ᠬᠤᠰᠢᠭᠤᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠠᠵᠢᠯ ᠤᠨ ᠬᠤᠷᠢᠶ᠎ᠠ᠂ ᠬᠦᠳᠡᠭᠡ ᠳᠤᠰᠬᠤᠨ

ᠮᠠᠯᠵᠢᠬᠤ ᠤᠷᠤᠨ ᠤ ᠠᠵᠢᠯ ᠤᠨ ᠭᠡᠯᠳᠡᠰ ᠵᠡᠷᠭᠡ ᠠᠵᠢᠯ ᠤᠨ ᠪᠠᠶᠢᠭᠤᠯᠤᠮᠵᠢ ᠲᠠᠢ ᠪᠤᠯᠵᠡᠢ᠃

ᠵᠤᠬᠢᠶᠠᠭᠴᠢ ᠶᠢᠨ ᠳᠤᠪᠴᠢ ᠨᠠᠮᠳᠠᠷ

     ᠦᠯᠵᠡᠢ ᠂ ᠪᠢᠴᠢᠭ ᠤᠨ ᠨᠠᠷ᠎ᠠ ᠫᠦ᠊ · ᠦᠯᠵᠡᠢ᠂ 1959 ᠤᠨ ᠤ ᠬᠠᠪᠤᠷ ᠤᠤᠯ ᠤᠨ ᠠᠯᠠᠱᠠ ᠬᠤᠰᠢᠭᠤᠨ

 ᠤ ᠽᠤᠨ ᠤ ᠪᠠᠭ ᠤᠨ ᠮᠠᠯᠴᠢᠨ ᠫᠦᠷᠪᠤ᠂ ᠳᠦᠤᠳᠡᠢ ᠶᠢᠨ ᠤᠤᠭᠠᠨ ᠬᠦᠤ ᠪᠤᠯᠵᠤ ᠵᠠᠶᠠᠭᠠᠪᠠ᠃ 1983 ᠤᠨ ᠳᠤ

ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠯᠤᠰ ᠳᠦᠷᠤ ᠶᠢᠨ ᠬᠦᠮᠤᠵᠢᠯ ᠤᠨ ᠰᠠᠯᠪᠤᠷᠢ ᠠᠴᠠ

ᠳᠡᠬᠦᠰᠤᠨ ᠠᠷᠠᠳ ᠤᠨ ᠪᠠᠭᠰᠢ ᠪᠤᠯᠵᠤ᠂ ᠡᠳᠤᠭᠡ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ

ᠰᠤᠷᠭᠠᠭᠤᠯᠢ ᠳᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠪᠠᠷ ᠠᠵᠢᠯᠯᠠᠵᠤ ᠪᠤᠢ᠃

     ᠳᠡᠭᠡᠷ᠎ᠡ ᠵᠠᠭᠤᠨ ᠤ ᠨᠠᠶᠠᠭᠠᠳ ᠤᠨ ᠠᠴᠠ ᠡᠭᠢᠯᠠᠨ ᠤᠨᠤᠯ ᠰᠢᠬᠦᠮᠵᠢ᠂ ᠰᠤᠯᠠ ᠪᠢᠴᠢᠯᠭᠡ᠂ ᠠᠶᠠᠨ ᠤ

ᠳᠡᠮᠳᠡᠭᠯᠡᠯ᠂ ᠮᠡᠳᠡᠭᠡ ᠴᠢᠮᠡᠭᠡᠯᠡᠯ ᠵᠡᠷᠭᠡ ᠰᠲ᠋ᠢᠯᠢ ᠶᠢᠨ ᠵᠤᠭᠢᠶᠠᠯ ᠪᠦᠳᠤᠭᠡᠯ ᠤᠷᠤᠯᠳᠤᠵᠤ ᠰᠤᠨᠢᠨ ᠰᠡᠳᠬᠦᠯ ᠳᠤ

ᠨᠡᠶᠢᠳᠡᠯᠡᠬᠦᠯᠵᠤ ᠢᠷᠡᠭᠰᠡᠨ᠂ ᠰᠢᠨ᠎ᠡ ᠮᠢᠩᠭᠠᠨ ᠳᠤ ᠤᠷᠤᠭᠰᠠᠨ ᠠᠴᠠ ᠨᠠᠰᠢ ᠭᠤᠤᠯᠳᠠᠭᠤ ᠤᠷᠤᠨ ᠨᠤᠳᠤᠭ ᠤᠨ

ᠳᠡᠤᠭᠡ ᠰᠤᠶᠤᠯ ᠤᠨ ᠴᠢᠭᠯᠡᠯ ᠢᠶᠠᠷ ᠰᠤᠳᠤᠯᠭᠠᠨ ᠭᠢᠵᠤ᠂ ︽ᠦᠪᠤᠷ ᠮᠤᠩᠭᠤᠯ ᠤᠨ ᠨᠡᠶᠢᠭᠡᠮ ᠤᠨ ᠰᠢᠨᠵᠢᠯᠡᠬᠦ

ᠤᠬᠠᠭᠠᠨ︾᠂ ︽ᠮᠤᠩᠭᠤᠯ ᠤᠨ ᠰᠤᠳᠤᠯᠤᠯ︾᠂ ︽ᠪᠠᠷᠠᠭᠤᠨ ᠬᠤᠶᠢᠳᠤ ᠶᠢᠨ ᠦᠨᠳᠤᠰᠤᠳᠡᠨ ᠤ ᠶᠡᠭᠡ

ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾᠂ ︽ᠪᠠᠷᠠᠭᠤᠨ ᠮᠤᠩᠭᠤᠯ ᠰᠤᠳᠤᠯᠤᠯ︾᠂ ︽

ᠳᠤᠮᠳᠠᠳᠤ ᠶᠢᠨ ᠦᠨᠳᠤᠰᠤᠳᠡᠨ︾ ᠵᠡᠷᠭᠡ ᠤᠷᠤᠨ ᠤ ᠳᠤᠳᠤᠨ᠎ᠠ ᠭᠠᠳᠠᠨᠠᠭᠢ ᠰᠤᠨᠢᠨ ᠰᠡᠳᠬᠦᠯ ᠳᠤ ᠡᠷᠳᠡᠮ

ᠰᠢᠨᠵᠢᠯᠡᠭᠡᠨ ᠤ ᠦᠬᠦᠯᠡᠯ ᠵᠤᠭᠢᠶᠠᠯ ᠢᠶᠠᠨ ᠨᠠᠶᠢᠳᠠᠯᠠᠵᠤ᠂ ᠪᠠᠰᠠ ︽ᠳᠡᠤᠭᠡ ᠰᠤᠶᠤᠯ ᠤᠨ ᠮᠦᠷᠳᠡᠯᠳᠡ︾᠂ ︽

ᠠᠯᠠᠱᠠ ᠶᠢᠨ ᠮᠤᠩᠭᠤᠯ ᠦᠨᠳᠤᠰᠤᠳᠡᠨ ᠤ ᠰᠤᠷᠭᠠᠨ ᠬᠦᠮᠤᠵᠢᠯ ᠤᠨ ᠳᠤᠪᠴᠢ ᠳᠡᠤᠭᠡ︾᠂ ︽ᠠᠯᠠᠱᠠ

ᠬᠤᠰᠢᠭᠤᠨ ᠤ ᠠᠵᠤ ᠠᠬᠤᠢ ᠶᠢᠨ ᠳᠡᠤᠭᠡᠨ ᠰᠤᠳᠤᠯᠤᠯ︾ ᠵᠡᠷᠭᠡ ᠨᠤᠮ ᠢᠶᠠᠨ ᠭᠡᠪᠯᠡᠬᠦᠯᠤᠭᠡᠳ ᠪᠠᠶᠢᠨ᠎ᠠ᠃

     

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号