ᠠᠯᠠᠱᠠ ᠵᠡᠬᠦᠨ ᠬᠤᠰᠢᠭᠤᠨ ᠤ ᠨᠠᠮ ᠵᠠᠰᠠᠭ ᠤᠨ ᠪᠠᠶᠢᠭᠤᠯᠤᠮᠵᠢ᠄ ᠠᠯᠠᠱᠠ ᠵᠡᠭᠦᠨ ᠬᠤᠰᠢᠭᠤᠨ ᠤ ᠨᠠᠮ ᠤᠨ ᠬᠤᠷᠢᠶ᠎ᠠ | ᠠᠯᠠᠱᠠ ᠬᠤᠰᠢᠭᠤ ᠨᠠᠶᠢᠷᠠᠮᠳᠠᠯ ᠢᠶᠠᠷ ᠴᠢᠯᠤᠭᠡᠯᠡᠭᠳᠡᠭᠰᠡᠨ ᠤ ᠳᠠᠷᠠᠭ᠎ᠠ᠂ 1949 ᠤᠨ ᠤ 12 ᠰᠠᠷ᠎ᠠ ᠳᠤ | ᠬᠠᠮᠤᠭ ᠠᠩᠬᠠᠨ ᠤ ᠳᠤᠮᠳᠠᠳᠤ ᠤᠯᠤᠰ ᠤᠨ ᠡᠪ ᠬᠠᠮᠳᠤ ᠨᠠᠮ ᠤᠨ ᠨᠠᠮ ᠤᠨ ᠡᠬᠦᠷ ᠪᠠᠶᠢᠭᠤᠯᠤᠭᠳᠠᠵᠤ᠂ ᠳᠤᠮᠳᠠᠳᠤ | ᠤᠯᠤᠰ ᠤᠨ ᠡᠪ ᠬᠠᠮᠳᠤ ᠨᠠᠮ ᠤᠨ ᠨᠢᠩᠰᠢᠶᠠ ᠮᠤᠵᠢ ᠶᠢᠨ ᠬᠤᠷᠢᠶ᠎ᠠ ᠳᠤ ᠬᠠᠷᠢᠶᠠᠯᠠᠭᠳᠠᠵᠤ᠂ 9 ᠨᠠᠮ ᠤᠨ ᠭᠡᠰᠢᠬᠦᠨ | ᠲᠠᠢ ᠪᠠᠶᠢᠭᠰᠠᠨ ᠪᠠᠶᠢᠨ᠎ᠠ᠃ 1950 ᠤᠨ ᠤ 3 ᠰᠠᠷ᠎ᠠ ᠳᠤ ᠳᠤᠮᠳᠠᠳᠤ ᠤᠯᠤᠰ ᠤᠨ ᠡᠪ ᠬᠠᠮᠳᠤ ᠨᠠᠮ ᠤᠨ ᠠᠯᠠᠱᠠ | ᠬᠤᠰᠢᠭᠤᠨ ᠤ ᠠᠵᠢᠯ ᠤᠨ ᠵᠦᠪᠯᠠᠯ ᠪᠠᠶᠢᠭᠤᠯᠤᠭᠳᠠᠵᠤ᠂ ᠪᠠᠷᠠᠭᠤᠨ ᠬᠤᠶᠢᠳᠤ ᠶᠢᠨ ᠴᠡᠷᠢᠭ ᠵᠠᠰᠠᠭ ᠤᠨ ᠵᠦᠪᠯᠠᠯ | ᠪᠤᠯᠤᠨ ᠳᠤᠮᠳᠠᠳᠤ ᠤᠯᠤᠰ ᠤᠨ ᠡᠪ ᠬᠠᠮᠳᠤ ᠨᠠᠮ ᠤᠨ ᠨᠢᠩᠰᠢᠶᠠ ᠮᠤᠵᠢ ᠶᠢᠨ ᠬᠤᠷᠢᠶ᠎ᠠ ᠶᠢᠨ ᠤᠳᠤᠷᠢᠳᠤᠯᠭ᠎ᠠ | ᠳᠤᠤᠷ᠎ᠠ ᠠᠵᠢᠯ ᠢᠶᠠᠨ ᠦᠷᠨᠢᠬᠦᠯᠵᠤ᠂ 1953 ᠤᠨ ᠪᠤᠯᠬᠤ ᠳᠤ ᠪᠦᠬᠦ ᠬᠤᠰᠢᠭᠤᠨ ᠳᠤ 73 ᠨᠠᠮ ᠤᠨ ᠭᠡᠰᠢᠬᠦᠨ | ᠲᠠᠢ᠂ 9 ᠨᠠᠮ ᠤᠨ ᠡᠬᠦᠷ ᠲᠠᠢ ᠪᠤᠯᠵᠡᠢ᠃ 1956 ᠤᠨ ᠤ 4 ᠰᠠᠷ᠎ᠠ ᠳᠤ ᠳᠤᠮᠳᠠᠳᠤ ᠤᠯᠤᠰ ᠤᠨ ᠡᠪ ᠬᠠᠮᠳᠤ | ᠨᠠᠮ ᠤᠨ ᠠᠯᠠᠱᠠ ᠬᠤᠰᠢᠭᠤᠨ ᠤ ᠠᠵᠢᠯ ᠤᠨ ᠵᠦᠪᠯᠠᠯ ᠠᠴᠠ ᠮᠠᠯᠵᠢᠬᠤ ᠤᠷᠤᠨ ᠤ ᠨᠠᠮ ᠤᠨ ᠵᠤᠭᠢᠶᠠᠨ | ᠪᠠᠶᠢᠭᠤᠯᠤᠯᠳᠠ ᠶᠢᠨ ᠠᠵᠢᠯ ᠢ ᠠᠳᠬᠤᠵᠤ ᠨᠠᠶᠢᠳᠠᠪᠤᠷᠢᠵᠢᠭᠤᠯᠤᠭᠰᠠᠨ ᠢᠶᠠᠷ ᠵᠢᠯ ᠤᠨ ᠡᠴᠤᠰ ᠪᠤᠯᠬᠤ ᠳᠤ ᠰᠢᠨ᠎ᠡ ᠪᠠᠷ | 119 ᠨᠠᠮ ᠤᠨ ᠭᠡᠰᠢᠬᠦᠨ ᠡᠯᠰᠡᠵᠤ᠂ ᠡᠬᠦᠨ ᠤ ᠳᠤᠳᠤᠷ᠎ᠠ ᠮᠠᠯᠴᠢᠨ ᠨᠠᠮ ᠤᠨ ᠭᠡᠰᠢᠬᠦᠨ 37 ᠪᠠᠶᠢᠪᠠ᠃ 1957 | ᠤᠨ ᠤ 5 ᠰᠠᠷ᠎ᠠ ᠪᠤᠯᠬᠤ ᠳᠤ ᠪᠦᠬᠦ ᠬᠤᠰᠢᠭᠤᠨ ᠳᠤ 27 ᠨᠠᠮ ᠤᠨ ᠬᠤᠷᠢᠶ᠎ᠠ᠂ 1 ᠨᠠᠮ ᠤᠨ ᠶᠡᠷᠤᠩᠭᠡᠢ ᠡᠬᠦᠷ᠂ | 36 ᠨᠠᠮ ᠤᠨ ᠡᠬᠦᠷ ᠲᠠᠢ ᠪᠤᠯᠵᠤ᠂ 470 ᠨᠠᠮ ᠤᠨ ᠭᠡᠰᠢᠬᠦᠨ ᠪᠠᠶᠢᠵᠤ᠂ ᠪᠦᠬᠦ ᠬᠤᠰᠢᠭᠤᠨ ᠳᠤ ᠨᠠᠮ ᠤᠨ | ᠵᠤᠭᠢᠶᠠᠨ ᠪᠠᠶᠢᠭᠤᠯᠤᠯᠳᠠ ᠶᠢᠨ ᠳᠤᠤᠷ ᠰᠦᠯᠵᠢᠶ᠎ᠡ ᠶᠢ ᠪᠦᠷᠢᠯᠳᠤᠬᠦᠯᠤᠭ᠍ᠰᠡᠨ ᠪᠠᠶᠢᠨ᠎ᠠ᠃ | 1961ᠤᠨ ᠤ 4 ᠰᠠᠷ᠎ᠠ ᠳᠤ ᠠᠯᠠᠱᠠ ᠬᠤᠰᠢᠭᠤ ᠶᠢ ᠵᠡᠬᠦᠨ᠂ ᠪᠠᠷᠠᠭᠤᠨ ᠬᠤᠶᠠᠷ ᠬᠤᠰᠢᠭᠤ ᠪᠤᠯᠭᠠᠨ | ᠬᠤᠪᠢᠶᠠᠭᠰᠠᠨ ᠤ ᠳᠠᠷᠠᠭ᠎ᠠ᠂ ᠠᠯᠠᠱᠠ ᠵᠡᠬᠦᠨ ᠬᠤᠰᠢᠭᠤᠨ ᠳᠤ ᠨᠠᠮ ᠤᠨ ᠭᠡᠰᠢᠬᠦᠨ 1068 ᠨᠡᠷ᠎ᠡ᠂ ᠨᠠᠮ ᠤᠨ ᠡᠬᠦᠷ | 115᠂ ᠨᠠᠮ ᠤᠨ ᠶᠡᠷᠤᠩᠭᠡᠢ ᠡᠬᠦᠷ 1᠂ ᠨᠠᠮ ᠤᠨ ᠬᠤᠷᠢᠶ᠎ᠠ 11 ᠪᠠᠶᠢᠵᠡᠢ᠃ 1964 ᠤᠨ ᠤ ᠡᠴᠤᠰ | ᠪᠤᠯᠬᠤ ᠳᠤ ᠪᠦᠬᠦ ᠬᠤᠰᠢᠭᠤᠨ ᠳᠤ ᠦᠨᠳᠤᠰᠤᠨ ᠱᠠᠳᠤᠨ ᠤ ᠨᠠᠮ ᠤᠨ ᠬᠤᠷᠢᠶ᠎ᠠ 25᠂ ᠨᠠᠮ ᠤᠨ ᠡᠬᠦᠷ 160 | ᠪᠤᠯᠵᠤ᠂ ᠨᠠᠮ ᠤᠨ ᠭᠡᠰᠢᠬᠦᠨ 1351 ᠪᠤᠯᠤᠨ ᠬᠦᠭᠵᠢᠵᠡᠢ᠃ ︽ᠰᠤᠶᠤᠯ ᠤᠨ ᠶᠡᠭᠡ ᠬᠤᠪᠢᠰᠬᠠᠯ︾ ᠤᠨ ᠳᠤᠮᠳᠠ | ᠬᠤᠪᠢᠰᠬᠠᠯ ᠤᠨ ᠵᠦᠪᠯᠠᠯ ᠢᠶᠠᠷ ᠨᠠᠮ ᠤᠨ ᠬᠤᠷᠢᠶ᠎ᠠ ᠶᠢ ᠤᠷᠤᠯᠠᠭᠤᠯᠤᠭᠰᠠᠨ ᠢᠶᠠᠷ ᠡᠯ᠎ᠡ ᠱᠠᠳᠤᠨ ᠤ ᠨᠠᠮ ᠤᠨ ᠵᠤᠭᠢᠶᠠᠨ | ᠪᠠᠶᠢᠭᠤᠯᠤᠯᠳᠠ ᠶᠢᠨ ᠠᠵᠢᠯ ᠵᠤᠭᠰᠤᠩᠭᠤᠶᠢᠷᠠᠭᠰᠠᠨ ᠪᠠᠶᠢᠨ᠎ᠠ᠃ 1972 ᠤᠨ ᠤ 4 ᠰᠠᠷ᠎ᠠ ᠳᠤ ᠳᠤᠮᠳᠠᠳᠤ | ᠤᠯᠤᠰ ᠤᠨ ᠡᠪ ᠬᠠᠮᠳᠤ ᠨᠠᠮ ᠤᠨ ᠠᠯᠠᠱᠠ ᠵᠡᠬᠦᠨ ᠬᠤᠰᠢᠭᠤᠨ ᠤ ᠨᠠᠮ ᠤᠨ ᠬᠤᠷᠢᠶ᠎ᠠ ᠶᠢᠨ ᠠᠵᠢᠯ ᠢ | ᠰᠡᠷᠬᠦᠭᠡᠭᠰᠡᠨ ᠢᠶᠠᠷ ᠪᠦᠬᠦ ᠬᠤᠰᠢᠭᠤᠨ ᠤ ᠦᠨᠳᠤᠰᠤᠨ ᠱᠠᠳᠤᠨ ᠤ ᠨᠠᠮ ᠤᠨ ᠬᠤᠷᠢᠶ᠎ᠠ 32᠂ ᠨᠠᠮ ᠤᠨ ᠶᠡᠷᠤᠩᠭᠡᠢ | ᠡᠬᠦᠷ 4᠂ ᠨᠠᠮ ᠤᠨ ᠡᠬᠦᠷ 150 ᠪᠠᠶᠢᠵᠤ᠂ ᠨᠠᠮ ᠤᠨ ᠭᠡᠰᠢᠬᠦᠨ 2250 ᠨᠡᠷ᠎ᠡ ᠪᠠᠶᠢᠵᠡᠢ᠃ 1978 ᠤᠨ | ᠪᠤᠯᠬᠤ ᠳᠤ ᠪᠦᠬᠦ ᠬᠤᠰᠢᠭᠤᠨ ᠳᠤ 3351 ᠨᠠᠮ ᠭᠡᠰᠢᠬᠦᠨ ᠲᠠᠢ ᠪᠤᠯᠵᠤ᠂ 1984 ᠤᠨ ᠪᠤᠯᠬᠤ ᠳᠤ ᠪᠦᠬᠦ | ᠬᠤᠰᠢᠭᠤᠨ ᠳᠤ 3269 ᠨᠡᠷ᠎ᠡ ᠨᠠᠮ ᠤᠨ ᠭᠡᠰᠢᠬᠦᠨ ᠲᠠᠢ ᠪᠤᠯᠵᠤ᠂ ᠡᠬᠦᠨ ᠳᠤ ᠳᠡᠭᠡᠳᠤ ᠳᠤᠮᠳᠠᠳᠤ ᠶᠢᠨ | ᠰᠤᠶᠤᠯ ᠤᠨ ᠭᠡᠮᠵᠢᠶ᠎ᠠ ᠲᠠᠢ ᠨᠠᠮ ᠤᠨ ᠭᠡᠰᠢᠬᠦᠨ 425 ᠨᠡᠷ᠎ᠡ ᠪᠠᠶᠢᠵᠤ᠂ 13% ᠶᠢ ᠡᠵᠡᠯᠡᠵᠤ᠂ ᠶᠡᠭᠡ | ᠰᠤᠷᠭᠠᠭᠤᠯᠢ ᠶᠢᠨ ᠳᠤᠰᠬᠠᠢ ᠮᠡᠷᠭᠡᠵᠢᠯ ᠠᠴᠠ ᠳᠡᠭᠡᠭᠰᠢᠭᠢ ᠰᠤᠶᠤᠯ ᠤᠨ ᠭᠡᠮᠵᠢᠶ᠎ᠠ ᠲᠠᠢ ᠨᠠᠮ ᠤᠨ ᠭᠡᠰᠢᠬᠦᠨ 189 | ᠨᠡᠷ᠎ᠡ ᠪᠠᠶᠢᠵᠤ᠂ 5% ᠡᠵᠡᠯᠡᠨ᠎ᠡ᠃ 1990 ᠤᠨ ᠳᠤ ᠪᠦᠬᠦ ᠬᠤᠰᠢᠭᠤᠨ ᠤ ᠨᠠᠮ ᠤᠨ ᠭᠡᠰᠢᠬᠦᠨ 3835 ᠪᠠᠶᠢᠵᠤ | ᠂ ᠡᠬᠦᠨ ᠳᠤ ᠠᠩᠬ᠎ᠠ ᠳᠤᠮᠳᠠᠳᠤ ᠳᠡᠭᠡᠳᠤ ᠳᠤᠮᠳᠠᠳᠤ ᠶᠢᠨ ᠰᠤᠶᠤᠯ ᠤᠨ ᠭᠡᠮᠵᠢᠶ᠎ᠠ ᠲᠠᠢ ᠨᠠᠮ ᠤᠨ ᠭᠡᠰᠢᠬᠦᠨ 1309 | ᠨᠡᠷ᠎ᠡ ᠪᠠᠶᠢᠵᠤ᠂ 34% ᠶᠢ ᠡᠵᠡᠯᠡᠵᠤ᠂ ᠶᠡᠭᠡ ᠰᠤᠷᠭᠠᠭᠤᠯᠢ ᠶᠢᠨ ᠳᠤᠰᠬᠠᠢ ᠮᠡᠷᠭᠡᠵᠢᠯ ᠠᠴᠠ ᠳᠡᠭᠡᠭᠰᠢᠭᠢ | ᠰᠤᠶᠤᠯ ᠤᠨ ᠭᠡᠮᠵᠢᠶ᠎ᠠ ᠲᠠᠢ ᠨᠠᠮ ᠤᠨ ᠭᠡᠰᠢᠬᠦᠨ 940 ᠨᠡᠷ᠎ᠡ ᠪᠠᠶᠢᠵᠤ᠂ 24.5% ᠶᠢ ᠡᠵᠡᠯᠡᠵᠤ᠂ ᠡᠮᠡᠭᠳᠡᠢ | ᠨᠠᠮ ᠤᠨ ᠭᠡᠰᠢᠬᠦᠨ 747 ᠨᠡᠷ᠎ᠡ ᠪᠠᠶᠢᠵᠤ᠂ 19.5% ᠶᠢ ᠡᠵᠡᠯᠡᠵᠤ᠂ ᠴᠦᠭᠡᠨ ᠳᠤᠭᠠᠳᠤ ᠦᠨᠳᠤᠰᠤᠳᠡᠨ ᠤ | ᠨᠠᠮ ᠤᠨ ᠭᠡᠰᠢᠬᠦᠨ 1520 ᠨᠡᠷ᠎ᠡ ᠪᠠᠶᠢᠵᠤ᠂ 40% ᠶᠢ ᠡᠵᠡᠯᠡᠨ᠎ᠡ᠃ 1999 ᠤᠨ ᠤ ᠡᠴᠤᠰ ᠪᠤᠯᠬᠤ ᠳᠤ | ᠨᠠᠮ ᠤᠨ ᠬᠤᠷᠢᠶ᠎ᠠ 33᠂ ᠨᠠᠮ ᠤᠨ ᠶᠡᠷᠤᠩᠭᠡᠢ ᠡᠬᠦᠷ 14᠂ ᠨᠠᠮ ᠤᠨ ᠡᠬᠦᠷ 478 ᠪᠠᠶᠢᠵᠤ᠂ ᠨᠠᠮ ᠤᠨ ᠭᠡᠰᠢᠬᠦᠨ | 6050 ᠨᠡᠷ᠎ᠡ ᠪᠤᠯᠵᠤ᠂ ᠡᠬᠦᠨ ᠳᠤ ᠶᠡᠭᠡ ᠰᠤᠷᠭᠠᠭᠤᠯᠢ ᠶᠢᠨ ᠳᠤᠰᠬᠠᠢ ᠮᠡᠷᠭᠡᠵᠢᠯ ᠠᠴᠠ ᠳᠡᠭᠡᠭᠰᠢᠭᠢ ᠰᠤᠶᠤᠯ ᠤᠨ | ᠭᠡᠮᠵᠢᠶ᠎ᠠ ᠲᠠᠢ ᠨᠠᠮ ᠤᠨ ᠭᠡᠰᠢᠬᠦᠨ 1150 ᠨᠡᠷ᠎ᠡ ᠪᠠᠶᠢᠵᠤ᠂ 19% ᠶᠢ ᠡᠵᠡᠯᠡᠵᠤ᠂ ᠡᠮᠡᠭᠳᠡᠢ ᠨᠠᠮ ᠤᠨ ᠭᠡᠰᠢᠬᠦᠨ | 555 ᠨᠡᠷ᠎ᠡ ᠪᠠᠶᠢᠵᠤ᠂ 26% ᠶᠢ ᠡᠵᠡᠯᠡᠵᠤ᠂ ᠴᠦᠭᠡᠨ ᠳᠤᠭᠠᠳᠤ ᠦᠨᠳᠤᠰᠤᠳᠡᠨ ᠤ ᠨᠠᠮ ᠤᠨ ᠭᠡᠰᠢᠬᠦᠨ 2272 | ᠨᠡᠷ᠎ᠡ ᠪᠠᠶᠢᠵᠤ᠂ 38% ᠶᠢ ᠡᠵᠡᠯᠡᠨ᠎ᠡ᠃ 2012 ᠤᠨ ᠪᠣᠯᠬᠤ ᠳᠤ 8497 ᠨᠡᠷ᠎ᠡ ᠨᠠᠮ ᠤᠨ ᠭᠡᠰᠢᠬᠦᠨ ᠲᠠᠢ | ᠪᠤᠯᠵᠤ᠂ ᠡᠬᠦᠨ ᠳᠤ ᠡᠮᠡᠭᠳᠡᠢ ᠨᠠᠮ ᠤᠨ ᠭᠡᠰᠢᠬᠦᠨ 2772 ᠨᠡᠷ᠎ᠡ᠂ ᠴᠦᠭᠡᠨ ᠳᠤᠭᠠᠳᠤ ᠦᠨᠳᠤᠰᠤᠳᠡᠨ ᠤ ᠨᠠᠮ ᠤᠨ | ᠭᠡᠰᠢᠬᠦᠨ 3171 ᠨᠡᠷ᠎ᠡ᠂ ᠠᠩᠬ᠎ᠠ ᠳᠤᠮᠳᠠᠳᠤ ᠪᠤᠶᠤ ᠳᠡᠬᠦᠨ ᠠᠴᠠ ᠳᠤᠷᠤᠭᠰᠢ ᠰᠤᠶᠤᠯ ᠤᠨ ᠭᠡᠮᠵᠢᠶ᠎ᠠ ᠲᠠᠢ | ᠨᠠᠮ ᠤᠨ ᠭᠡᠰᠢᠬᠦᠨ᠂ 2540 ᠨᠡᠷ᠎ᠡ᠂ ᠶᠡᠭᠡ ᠰᠤᠷᠭᠠᠭᠤᠯᠢ ᠶᠢᠨ ᠳᠤᠰᠬᠠᠢ ᠮᠡᠷᠭᠡᠵᠢᠯ ᠠᠴᠠ ᠳᠡᠭᠡᠭᠰᠢᠭᠢ ᠰᠤᠶᠤᠯ ᠤᠨ | ᠭᠡᠮᠵᠢᠶ᠎ᠠ ᠲᠠᠢ ᠨᠠᠮ ᠤᠨ ᠭᠡᠰᠢᠬᠦᠨ 3993 ᠨᠡᠷ᠎ᠡ᠂ ᠮᠠᠯᠴᠢᠨ ᠳᠠᠷᠢᠶᠠᠴᠢᠨ ᠨᠠᠮ ᠤᠨ ᠭᠡᠰᠢᠬᠦᠨ 2246 ᠨᠡᠷ᠎ᠡ ᠪᠤᠢ᠃ | | 1958 ᠤᠨ ᠤ 5 ᠰᠠᠷ᠎ᠠ ᠶᠢᠨ 27 ᠤ ᠡᠳᠤᠷ ᠠᠴᠠ 30 ᠤ ᠡᠳᠤᠷ ᠪᠤᠯᠳᠠᠯ᠎ᠠ ᠠᠩᠬᠠᠳᠤᠭᠠᠷ ᠤᠳᠠᠭᠠᠨ ᠤ | ᠨᠠᠮ ᠤᠨ ᠭᠡᠰᠢᠬᠦᠨ ᠤ ᠳᠦᠯᠤᠭᠡᠯᠡᠭᠴᠢᠳ ᠤᠨ ᠶᠡᠭᠡ ᠬᠤᠷᠠᠯ ᠢ ᠭᠢᠭᠰᠡᠨ ᠠᠴᠠ ᠨᠠᠰᠢ ᠡᠳᠤᠭᠡ ᠪᠤᠯᠳᠠᠯ᠎ᠠ ᠠᠷᠪᠠᠨ | ᠬᠤᠶᠠᠷ ᠤᠳᠠᠭᠠᠨ ᠤ ᠨᠠᠮ ᠤᠨ ᠳᠦᠯᠤᠭᠡᠯᠡᠭᠴᠢᠳ ᠤᠨ ᠶᠡᠭᠡ ᠬᠤᠷᠠᠯ ᠢ ᠬᠤᠷᠠᠯᠳᠤᠭᠤᠯᠤᠭᠰᠠᠨ ᠪᠠᠶᠢᠨ᠎ᠠ᠃ 1950 | ᠤᠨ ᠳᠤ ᠳᠤᠮᠳᠠᠳᠤ ᠤᠯᠤᠰ ᠤᠨ ᠡᠪ ᠬᠠᠮᠳᠤ ᠨᠠᠮ ᠤᠨ ᠠᠯᠠᠱᠠ ᠬᠤᠰᠢᠭᠤᠨ ᠤ ᠠᠵᠢᠯ ᠤᠨ ᠵᠦᠪᠯᠠᠯ | ᠪᠠᠶᠢᠭᠤᠯᠤᠭᠳᠠᠭᠰᠠᠨ ᠠᠴᠠ ᠡᠳᠤᠭᠡ ᠪᠤᠯᠳᠠᠯᠠᠭᠢ ᠳᠡᠤᠭᠡᠨ ᠶᠠᠪᠤᠴᠠ ᠳᠤ ᠼᠤᠤ ᠳ᠋ᠦᠩ ᡁᠢ ︵ᠭᠢᠳᠡᠳ︶᠂ ᠯᠢ ᠵᠢᠶᠠᠨ | ︵ᠭᠢᠳᠡᠳ︶᠂ ᠷᠠᠰᠢᠰᠠᠩᠪᠤ ︵ᠮᠤᠩᠭᠤᠯ︶᠂ ᠹᠦᠵᠤᠷᠠᠢ ︵ᠮᠤᠩᠭᠤᠯ︶᠂ ᠴᠢᠶᠤᠤ ᠬᠦᠢ ᠵᠠᠩ ︵ᠭᠢᠳᠡᠳ︶᠂ | ᠰᠤᠳᠪᠠᠵᠠᠮᠰᠤ ︵ᠮᠤᠩᠭᠤᠯ︶᠂ ᠯᠾᠠᠮᠤᠰᠦ᠋ᠷᠤᠩ ︵ᠮᠤᠩᠭᠤᠯ︶᠂ ᠸᠠᠩ ᠮᠢᠩ ᠯᠢᠶᠠᠩ ︵ᠭᠢᠳᠡᠳ︶᠂ ᠳᠦᠪ ︵ | ᠮᠤᠩᠭᠤᠯ︶᠂ ᠰᠢᠯᠢᠨ ︵ᠮᠤᠩᠭᠤᠯ︶᠂ ᠤᠯᠠᠮᠰᠡᠶᠢᠨ ︵ᠮᠤᠩᠭᠤᠯ︶᠂ ᠶᠠᠩ ᠴᠢᠩ ᠬᠦᠢ ︵ᠭᠢᠳᠡᠳ︶᠂ ᠳᠠᠯᠠᠢ ︵ | ᠮᠤᠩᠭᠤᠯ︶᠂ ᠸᠠᠩ ᠳ᠋ᠧᠩ ᠱᠠᠨ ︵ᠬᠤᠳᠤᠩ︶᠂ ᠯᠢᠤ ᠸᠧᠨ ︵ᠭᠢᠳᠡᠳ︶᠂ ᠱᠦᠢ ᠢᠤᠢ ᠵᠢᠶᠠᠩ ︵ᠭᠢᠳᠡᠳ︶᠂ | ᠯᠦᠸᠧ ᡁᠢ ᠬᠤ᠋ ︵ᠮᠤᠩᠭᠤᠯ︶᠂ ᠵᠠᠩ ᠺᠤᠸᠠᠨ ᡁᠢ ︵ᠭᠢᠳᠡᠳ︶᠂ ᠴᠠᠰᠤᠳᠠᠢ ︵ᠮᠤᠩᠭᠤᠯ︶᠂ ᠫᠧᠩ ᠵᠢᠶᠠ | ᠵᠦᠩ ︵ᠭᠢᠳᠡᠳ︶᠂ ᠡᠤ ᠵᠦᠩ ᠶᠡᠨ ︵ᠭᠢᠳᠡᠳ︶᠂ ᠶᠤᠤ ᠽᠧ ᠶᠤᠸᠠᠨ ︵ᠭᠢᠳᠡᠳ︶᠂ ᠸᠠᠩ ᠸᠠᠩ ᠱᠧᠩ ︵ | ᠮᠤᠩᠭᠤᠯ︶᠂ ᠯᠢᠦ ᡁᠢ ᠴᠢᠶᠠᠩ ︵ᠬᠢᠲᠠᠳ︶ ᠵᠡᠷᠭᠡ ᠬᠦᠮᠤᠰ ᠤᠷᠢᠳ ᠬᠤᠵᠢᠳ ᠳᠤᠮᠳᠠᠳᠤ ᠤᠯᠤᠰ ᠤᠨ ᠡᠪ | ᠬᠠᠮᠳᠤ ᠨᠠᠮ ᠤᠨ ᠠᠯᠠᠱᠠ ᠵᠡᠬᠦᠨ ᠬᠤᠰᠢᠭᠤᠨ ᠤ ᠬᠤᠷᠢᠶ᠎ᠠ ︵ᠠᠵᠢᠯ ᠤᠨ ᠵᠦᠪᠯᠠᠯ︶ ᠶᠢᠨ ᠱᠦᠵᠢ ᠶᠢᠨ ᠳᠤᠰᠢᠶᠠᠯ ᠢ | ᠡᠬᠦᠷᠭᠡᠯᠡᠭᠰᠡᠨ ᠪᠤᠶᠤ ᠡᠬᠦᠷᠭᠡᠯᠡᠵᠤ ᠪᠠᠶᠢᠨ᠎ᠠ᠃ | ᠳᠤᠮᠳᠠᠳᠤ ᠤᠯᠤᠰ ᠤᠨ ᠡᠪ ᠬᠠᠮᠳᠤ ᠨᠠᠮ ᠤᠨ ᠠᠯᠠᠱᠠ ᠵᠡᠬᠦᠨ ᠬᠤᠰᠢᠭᠤᠨ ᠤ ᠨᠠᠮ ᠤᠨ ᠬᠤᠷᠢᠶ᠎ᠠ ᠳᠤ ᠠᠩᠬ᠎ᠠ ᠨᠠᠷᠢᠨ | ᠪᠢᠴᠢᠭᠡᠴᠢ ᠶᠢᠨ ᠳᠠᠰᠤᠭ᠂ ᠵᠤᠭᠢᠶᠠᠨ ᠪᠠᠶᠢᠭᠤᠯᠬᠤ ᠭᠡᠯᠳᠡᠰ᠂ ᠤᠬᠠᠭᠤᠯᠬᠤ ᠭᠡᠯᠳᠡᠰ᠂ ᠠᠵᠢᠯᠴᠢᠨ ᠤ ᠡᠪᠯᠡᠯ᠂ | ᠡᠪᠯᠡᠯ ᠤᠨ ᠬᠤᠷᠢᠶ᠎ᠠ᠂ ᠡᠮᠡᠭᠳᠡᠶᠢᠴᠤᠳ ᠤᠨ ᠬᠤᠯᠪᠤᠭ᠎ᠠ᠂ ᠰᠠᠭᠢᠯᠭ᠎ᠠ ᠪᠠᠳᠤ ᠪᠠᠶᠢᠴᠠᠭᠠᠬᠤ ᠬᠤᠷᠢᠶ᠎ᠠ ᠵᠡᠷᠭᠡ | ᠪᠠᠶᠢᠭᠤᠯᠤᠮᠵᠢ ᠲᠠᠢ ᠪᠠᠶᠢᠭᠰᠠᠨ ᠪᠤᠯ᠂ 2012 ᠤᠨ ᠤ ᠡᠴᠤᠰ ᠲᠤ ᠠᠯᠪᠠᠨ ᠭᠡᠷ ︵ᠨᠢᠭᠤᠴᠠ ᠶᠢ ᠬᠠᠮᠠᠭᠠᠯᠠᠬᠤ | ᠳᠤᠪᠴᠢᠶ᠎ᠠ᠂ ᠳᠠᠩᠰᠠ ᠡᠪᠭᠡᠮᠡᠯ ᠳᠡᠤᠭᠡ ᠦᠢᠯᠠᠯᠭ᠎ᠠ ᠶᠢᠨ ᠳᠤᠪᠴᠢᠶ᠎ᠠ᠂ ᠬᠦᠯᠢᠶᠡᠨ ᠵᠤᠴᠢᠯᠠᠬᠤ ᠠᠯᠪᠠᠨ ᠭᠡᠷ | ᠪᠠᠭᠳᠠᠨ᠎ᠠ︶᠂ ᠵᠤᠭᠢᠶᠠᠨ ᠪᠠᠶᠢᠭᠤᠯᠬᠤ ᠭᠡᠯᠳᠡᠰ ︵ᠠᠬᠠᠮᠠᠳ ᠺᠠᠳ᠋ᠷᠴᠤᠳ ᠤᠨ ᠳᠤᠪᠴᠢᠶ᠎ᠠ ᠪᠠᠭᠳᠠᠨ᠎ᠠ︶᠂ | ᠤᠬᠠᠭᠤᠯᠬᠤ ᠭᠡᠯᠳᠡᠰ᠂ ᠨᠢᠭᠡᠳᠤᠮᠠᠯ ᠹᠷᠤᠨᠲ ᠤᠨ ᠭᠡᠯᠳᠡᠰ᠂ ᠤᠯᠤᠰ ᠳᠦᠷᠤ ᠬᠠᠤᠯᠢ ᠴᠠᠭᠠᠵᠠ ᠶᠢᠨ ᠬᠤᠷᠢᠶ᠎ᠠ᠂ | ᠪᠠᠶᠢᠭᠤᠯᠤᠮᠵᠢ ᠶᠢᠨ ᠤᠷᠤᠨ ᠳᠤᠭ᠎ᠠ ᠶᠢᠨ ᠵᠦᠪᠯᠠᠯ ᠤᠨ ᠠᠯᠪᠠᠨ ᠭᠡᠷ᠂ ᠳᠤᠮᠳᠠᠳᠤ ᠤᠯᠤᠰ ᠤᠨ ᠡᠪ ᠬᠠᠮᠳᠤ ᠨᠠᠮ ᠤᠨ | ᠠᠯᠠᠱᠠ ᠵᠡᠬᠦᠨ ᠬᠤᠰᠢᠭᠤᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠠᠵᠢᠯ ᠤᠨ ᠬᠤᠷᠢᠶ᠎ᠠ᠂ ᠬᠦᠳᠡᠭᠡ ᠳᠤᠰᠬᠤᠨ | ᠮᠠᠯᠵᠢᠬᠤ ᠤᠷᠤᠨ ᠤ ᠠᠵᠢᠯ ᠤᠨ ᠭᠡᠯᠳᠡᠰ ᠵᠡᠷᠭᠡ ᠠᠵᠢᠯ ᠤᠨ ᠪᠠᠶᠢᠭᠤᠯᠤᠮᠵᠢ ᠲᠠᠢ ᠪᠤᠯᠵᠡᠢ᠃ | ᠵᠤᠬᠢᠶᠠᠭᠴᠢ ᠶᠢᠨ ᠳᠤᠪᠴᠢ ᠨᠠᠮᠳᠠᠷ | ᠦᠯᠵᠡᠢ᠂ ᠪᠢᠴᠢᠭ ᠤᠨ ᠨᠠᠷᠠ ᠫᠦ᠊ · ᠦᠯᠵᠡᠢ᠂ 1959 ᠤᠨ ᠤ ᠬᠠᠪᠤᠷ ᠤᠤᠯ ᠤᠨ ᠠᠯᠠᠱᠠ ᠬᠤᠰᠢᠭᠤᠨ | ᠤ ᠽᠤᠨ ᠤ ᠪᠠᠭ ᠤᠨ ᠮᠠᠯᠴᠢᠨ ᠫᠦᠷᠪᠤ᠂ ᠳᠦᠤᠳᠡᠢ ᠶᠢᠨ ᠤᠤᠭᠠᠨ ᠬᠦᠤ ᠪᠤᠯᠵᠤ ᠵᠠᠶᠠᠭᠠᠪᠠ᠃ 1983 ᠤᠨ ᠳᠤ | ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠯᠤᠰ ᠳᠦᠷᠤ ᠶᠢᠨ ᠬᠦᠮᠤᠵᠢᠯ ᠤᠨ ᠰᠠᠯᠪᠤᠷᠢ ᠠᠴᠠ | ᠳᠡᠬᠦᠰᠤᠨ ᠠᠷᠠᠳ ᠤᠨ ᠪᠠᠭᠰᠢ ᠪᠤᠯᠵᠤ᠂ ᠡᠳᠤᠭᠡ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ | ᠰᠤᠷᠭᠠᠭᠤᠯᠢ ᠳᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠪᠠᠷ ᠠᠵᠢᠯᠯᠠᠵᠤ ᠪᠤᠢ᠃ | ᠳᠡᠭᠡᠷ᠎ᠡ ᠵᠠᠭᠤᠨ ᠤ ᠨᠠᠶᠠᠭᠠᠳ ᠤᠨ ᠠᠴᠠ ᠡᠭᠢᠯᠠᠨ ᠤᠨᠤᠯ ᠰᠢᠬᠦᠮᠵᠢ᠂ ᠰᠤᠯᠠ ᠪᠢᠴᠢᠯᠭᠡ᠂ ᠠᠶᠠᠨ ᠤ | ᠳᠡᠮᠳᠡᠭᠯᠡᠯ᠂ ᠮᠡᠳᠡᠭᠡ ᠴᠢᠮᠡᠭᠡᠯᠡᠯ ᠵᠡᠷᠭᠡ ᠰᠲ᠋ᠢᠯᠢ ᠶᠢᠨ ᠵᠤᠭᠢᠶᠠᠯ ᠪᠦᠳᠤᠭᠡᠯ ᠤᠷᠤᠯᠳᠤᠵᠤ ᠰᠤᠨᠢᠨ ᠰᠡᠳᠬᠦᠯ ᠳᠤ | ᠨᠡᠶᠢᠳᠡᠯᠡᠬᠦᠯᠵᠤ ᠢᠷᠡᠭᠰᠡᠨ᠂ ᠰᠢᠨ᠎ᠡ ᠮᠢᠩᠭᠠᠨ ᠳᠤ ᠤᠷᠤᠭᠰᠠᠨ ᠠᠴᠠ ᠨᠠᠰᠢ ᠭᠤᠤᠯᠳᠠᠭᠤ ᠤᠷᠤᠨ ᠨᠤᠳᠤᠭ ᠤᠨ | ᠳᠡᠤᠭᠡ ᠰᠤᠶᠤᠯ ᠤᠨ ᠴᠢᠭᠯᠡᠯ ᠢᠶᠠᠷ ᠰᠤᠳᠤᠯᠭᠠᠨ ᠭᠢᠵᠤ᠂ ︽ᠦᠪᠤᠷ ᠮᠤᠩᠭᠤᠯ ᠤᠨ ᠨᠡᠶᠢᠭᠡᠮ ᠤᠨ ᠰᠢᠨᠵᠢᠯᠡᠬᠦ | ᠤᠬᠠᠭᠠᠨ︾᠂ ︽ᠮᠤᠩᠭᠤᠯ ᠤᠨ ᠰᠤᠳᠤᠯᠤᠯ︾᠂ ︽ᠪᠠᠷᠠᠭᠤᠨ ᠬᠤᠶᠢᠳᠤ ᠶᠢᠨ ᠦᠨᠳᠤᠰᠤᠳᠡᠨ ᠤ ᠶᠡᠭᠡ | ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾᠂ ︽ᠪᠠᠷᠠᠭᠤᠨ ᠮᠤᠩᠭᠤᠯ ᠰᠤᠳᠤᠯᠤᠯ︾᠂ ︽ | ᠳᠤᠮᠳᠠᠳᠤ ᠶᠢᠨ ᠦᠨᠳᠤᠰᠤᠳᠡᠨ︾ ᠵᠡᠷᠭᠡ ᠤᠷᠤᠨ ᠤ ᠳᠤᠳᠤᠨ᠎ᠠ ᠭᠠᠳᠠᠨᠠᠭᠢ ᠰᠤᠨᠢᠨ ᠰᠡᠳᠬᠦᠯ ᠳᠤ ᠡᠷᠳᠡᠮ | ᠰᠢᠨᠵᠢᠯᠡᠭᠡᠨ ᠤ ᠦᠬᠦᠯᠡᠯ ᠵᠤᠭᠢᠶᠠᠯ ᠢᠶᠠᠨ ᠨᠠᠶᠢᠳᠠᠯᠠᠵᠤ᠂ ᠪᠠᠰᠠ ︽ᠳᠡᠤᠭᠡ ᠰᠤᠶᠤᠯ ᠤᠨ ᠮᠦᠷᠳᠡᠯᠳᠡ︾᠂ ︽ | ᠠᠯᠠᠱᠠ ᠶᠢᠨ ᠮᠤᠩᠭᠤᠯ ᠦᠨᠳᠤᠰᠤᠳᠡᠨ ᠤ ᠰᠤᠷᠭᠠᠨ ᠬᠦᠮᠤᠵᠢᠯ ᠤᠨ ᠳᠤᠪᠴᠢ ᠳᠡᠤᠭᠡ︾᠂ ︽ᠠᠯᠠᠱᠠ | ᠬᠤᠰᠢᠭᠤᠨ ᠤ ᠠᠵᠤ ᠠᠬᠤᠢ ᠶᠢᠨ ᠳᠡᠤᠭᠡᠨ ᠰᠤᠳᠤᠯᠤᠯ︾ ᠵᠡᠷᠭᠡ ᠨᠤᠮ ᠢᠶᠠᠨ ᠭᠡᠪᠯᠡᠬᠦᠯᠤᠭᠡᠳ ᠪᠠᠶᠢᠨ᠎ᠠ᠃ | | |