ᠨᠢ᠊᠂ ᠨᠠᠷᠠᠨᠳᠤᠭᠳᠠᠬᠤ | | ᠮᠠᠭᠤ ᠶᠤᠷᠤ ᠶᠢᠨ ᠦᠨᠡᠮᠯᠡᠯ | | ᠬᠤᠩ ᠶᠠᠨ ᠠᠷᠠᠳ ᠤᠨ ᠶᠠᠪᠤᠳᠠᠯ ᠤᠨ ᠲᠤᠪᠴᠢᠶᠠᠨ ᠳᠤ ᠠᠯᠪᠠ ᠲᠠᠢ ᠭᠦᠮᠤᠨ᠃ ᠲᠤᠰ ᠪᠠᠯᠭᠠᠰᠤᠨ ᠤ ᠬᠢᠨ | ᠤᠷᠤᠭ ᠪᠠᠷᠢᠯᠳᠤᠬᠤ ᠦᠨᠡᠮᠯᠡᠯ ᠠᠪᠬᠤ ᠪᠠ ᠤᠷᠤᠭ ᠰᠠᠯᠬᠤ ᠦᠨᠡᠮᠯᠡᠯ ᠠᠪᠤᠨ᠎ᠠ ᠭᠡᠪᠡᠯ ᠲᠡᠭᠦᠨ ᠢ ᠡᠷᠢᠭᠦ ᠭᠡᠷᠡᠭᠳᠡᠢ᠃ | ᠡᠨᠡ ᠪᠤᠯ ᠲᠡᠭᠦᠨ ᠤ ᠲᠤᠬᠠᠶᠢᠯᠠᠭᠰᠠᠨ ᠠᠵᠢᠯ᠃ ᠤᠷᠤᠭ ᠪᠠᠷᠢᠯᠳᠤᠬᠤ ᠦᠨᠡᠮᠯᠡᠯ ᠭᠠᠷᠭᠠᠵᠤ ᠦᠭᠭᠦ ᠨᠢ ᠴᠦ | ᠶᠠᠭᠠᠬᠢᠬᠤ ᠪᠤᠢ ᠰᠠᠶᠢᠬᠠᠨ ᠠᠵᠢᠯ᠃ ᠲᠦᠷᠤ ᠳᠡᠭᠡᠨ ᠡᠷᠤᠭᠡ ᠨᠡᠮᠡᠵᠤ ᠲᠦᠷᠤᠯ ᠳᠡᠭᠡᠨ ᠪᠦᠯᠢ ᠨᠡᠮᠡᠭᠰᠡᠨ ᠬᠤᠪᠢ | ᠪᠠᠷᠢᠯᠳᠤᠯᠭ᠎ᠠ ᠲᠠᠢ ᠰᠠᠶᠢᠬᠠᠨ ᠤᠶᠢᠯᠡ ᠶᠢ ᠬᠠᠤᠯᠢ ᠶᠤᠰᠤᠭᠠᠷ ᠪᠠᠳᠤᠯᠠᠵᠤ ᠦᠭᠴᠤ ᠪᠠᠶᠢᠭ᠎ᠠ ᠨᠢ ᠲᠡᠷᠡ᠃ ᠤᠷᠤᠭ | ᠰᠠᠯᠬᠤ ᠦᠨᠡᠮᠯᠡᠯ ᠢ ᠭᠠᠷᠭᠠᠵᠤ ᠦᠭᠭᠦᠨ᠎ᠡ ᠭᠡᠳᠡᠭ ᠴᠢᠨᠢ ᠬᠠᠷᠢᠨ ᠲᠡᠶᠢᠮᠤ ᠴᠦ ᠭᠦᠭᠡᠷᠤᠭᠦᠨ ᠠᠵᠢᠯ ᠪᠢᠰᠢ ᠶᠤᠮ᠃ | ᠡᠨᠡ ᠦᠨᠠᠮᠯᠠᠯ ᠢ ᠭᠠᠷᠭᠠᠵᠤ ᠦᠭᠭᠦᠨ᠎ᠡ ᠭᠡᠭᠦ ᠳᠤ ᠬᠤᠩ ᠶᠠᠨ ᠤ ᠭᠠᠷ ᠨᠢ ᠵᠦᠩᠳᠡᠭᠡᠨ ᠤᠳᠠᠭᠠᠰᠢᠷᠠᠵᠤ ᠤᠴᠢᠨ᠎ᠠ᠃ | ᠢᠯᠠᠩᠭᠤᠶ᠎ᠠ ᠠᠷᠭ᠎ᠠ ᠪᠠᠨ ᠪᠠᠷᠠᠭᠰᠠᠨ ᠰᠢᠯᠳᠠᠭ ᠵᠢᠭᠠᠳᠠᠭ ᠨᠢᠭᠡᠨ ᠳᠤᠨᠢ ᠬᠠᠳᠠᠭᠤᠬᠠᠨ ᠦᠭᠡ ᠢᠳᠡᠭᠦᠯᠤᠭᠡᠳ | ᠠᠪᠬᠤ ᠨᠢ ᠴᠦ ᠵᠦᠩᠳᠡᠭᠡᠨ ᠭᠡᠷᠡᠭ ᠶᠤᠮ᠃ ᠪᠤᠳᠤᠪᠠᠯ ᠨᠠᠰᠤ ᠪᠠᠷᠠᠭᠰᠠᠨ ᠭᠦᠮᠤᠨ ᠳᠤ ᠭᠡᠷᠡᠴᠢ ᠪᠠᠷᠢᠮᠳᠠ ᠭᠠᠷᠭᠠᠵᠤ | ᠦᠭᠭᠦ ᠶᠢ ᠭᠠᠷᠭᠠᠪᠠᠯ ᠡᠨᠡ ᠲᠡᠯᠡᠭᠡᠢ ᠳᠤ ᠡᠨᠡ ᠦᠨᠡᠮᠯᠡᠯ ᠯᠠ ᠬᠠᠮᠤᠭ ᠤᠨ ᠮᠠᠭᠤ ᠶᠤᠷᠤ ᠲᠠᠢ ᠢᠨᠡᠮᠯᠡᠯ ᠪᠠᠶᠢᠬ᠎ᠠ᠃ | ᠨᠢᠭᠡ ᠤᠳᠠᠭ᠎ᠠ ᠠᠬ᠎ᠠ ᠡᠭᠡᠴᠢ ᠨᠠᠰᠤᠨ ᠤ ᠬᠤᠶᠠᠷ ᠨᠦᠭᠦᠷ ᠰᠠᠯᠤᠨ᠎ᠠ ᠭᠡᠳ ᠯᠠ ᠪᠠᠭᠤᠳᠠᠭ ᠶᠤᠮ ᠪᠠᠶᠢᠨ᠎ᠠ᠃ | ᠭᠠᠭᠴᠠ ᠰᠢᠯᠳᠠᠭ ᠨᠢ ᠬᠠᠶᠢᠷ᠎ᠠ ᠰᠡᠳᠬᠢᠯ ᠭᠡᠳᠡᠭ ᠶᠠᠭᠤᠮ᠎ᠠ ᠨᠢᠭᠡᠮᠤᠰᠤᠨ ᠭᠡᠷᠡᠭ ᠦᠭᠡᠢ ᠪᠤᠯᠵᠤ᠂ ᠯᠤᠪᠰᠢᠨ ᠳᠤ | ᠬᠠᠶᠠᠭᠳᠠᠭᠰᠠᠨ ᠭᠡᠳᠡᠭ ᠶᠤᠮ ᠪᠠᠶᠢᠨ᠎ᠠ᠃ ᠡᠷᠡᠭᠳᠡᠢ ᠶᠢᠨ ᠬᠢᠨᠢ ᠪᠠᠶᠠᠨ ᠠᠴᠠ ᠢᠯᠡᠳᠳᠡ ᠰᠠᠷᠬᠤᠳ ᠤᠨ ᠦᠨᠤᠷ | ᠬᠠᠩᠬᠤ ᠲᠠᠳᠠᠵᠤ ᠪᠠᠶᠢᠭᠰᠠᠨ ᠲᠤᠯᠠ ᠬᠤᠩ ᠶᠠᠨ ᠲᠡᠰᠤᠭ᠍ᠰᠡᠨ ᠦᠭᠡᠢ᠄ | — ᠠᠬ᠎ᠠ ᠲᠠ ᠠᠷᠢᠬᠢᠨ ᠤ ᠬᠠᠯᠠᠭᠤ ᠪᠠᠷ ᠢᠶᠠᠨ ᠤᠪᠤᠭ᠎ᠠ ᠦᠭᠡᠢ ᠭᠠᠵᠠᠷ ᠤᠪᠤᠭ᠎ᠠ ᠪᠤᠰᠬᠠᠵᠤ᠂ ᠭᠡᠷᠡᠭ ᠦᠭᠡᠢ | ᠶᠠᠭᠤᠮᠠᠨ ᠳᠤ ᠲᠠᠯ ᠰᠡᠭᠦᠯ ᠨᠡᠮᠡᠭᠡᠳ ᠱᠠᠯ ᠲᠡᠮᠡᠢ ᠶᠠᠭᠤᠮ᠎ᠠ ᠭᠢᠵᠤ ᠪᠠᠶᠢᠭ᠎ᠠ ᠶᠤᠮ ᠪᠢᠰᠢ ᠡ ᠭᠡᠪᠡᠯ ᠲᠡᠷᠡ ᠠᠬ᠎ᠠ᠄ | — ᠠᠷᠢᠬᠢᠨ ᠤ ᠬᠤᠤᠷ ᠰᠢᠷ᠎ᠠ ᠭᠡᠳᠡᠭ ᠶᠠᠭᠤᠮ᠎ᠠ ᠴᠢᠨᠢ ᠨᠢᠭᠡ ᠯᠠ ᠴᠠᠭ ᠤᠨ ᠤᠰᠤᠯ ᠭᠡᠨᠡᠳᠤᠯ ᠪᠠᠶᠢᠬᠤ ᠦᠭᠡᠢ | ᠤᠤ᠃ ᠬᠠᠷᠢᠨ ᠬᠠᠶᠢᠷ᠎ᠠ ᠰᠡᠳᠬᠢᠯ ᠤᠨ ᠬᠤᠤᠷ ᠰᠢᠷ᠎ᠠ ᠭᠡᠳᠡᠭ ᠴᠢᠨᠢ ᠨᠢᠭᠡ ᠨᠠᠰᠤᠨ ᠤ ᠶᠠᠭᠤᠮ᠎ᠠ ᠭᠡᠳᠡᠭ ᠢ ᠲᠡᠭᠦᠤ | ᠮᠢᠨᠢ ᠮᠡᠳᠡᠨ᠎ᠡ ᠪᠢᠵᠠ᠃ ᠪᠢ ᠴᠢᠨᠢ ᠬᠠᠶᠢᠷ᠎ᠠ ᠰᠡᠳᠬᠢᠯ ᠭᠡᠳᠡᠭ ᠴᠢᠳᠭᠦᠷ ᠤᠨ ᠲᠠᠷᠤᠯᠠᠯ ᠲᠠᠷᠴᠢᠯᠠᠯ ᠢᠶᠠᠷ ᠡᠨᠡ ᠨᠢᠭᠡ | ᠨᠠᠰᠤ ᠪᠠᠨ ᠪᠠᠷᠠᠬᠤ ᠳᠤ ᠭᠦᠷᠴᠤ ᠪᠠᠶᠢᠨ᠎ᠠ᠃ ᠦᠯᠡᠳᠡᠭᠰᠡᠨ ᠲᠤᠭ᠎ᠠ ᠲᠠᠢ ᠭᠡᠳᠤᠨ ᠨᠠᠰᠤᠨ ᠤ ᠪᠠᠨ ᠲᠦᠯᠤᠭᠡ ᠪᠡᠶ᠎ᠡ | ᠪᠡᠶ᠎ᠡ ᠳᠡᠭᠡᠨ ᠴᠢᠯᠤᠭᠡ ᠦᠭᠭᠦ ᠴᠠᠭ ᠪᠤᠯᠤᠭᠰᠠᠨ ᠭᠡᠮᠡᠨ ᠬᠤᠤᠬᠠᠶᠢᠵᠤ ᠪᠠᠶᠢᠭᠰᠠᠨ ᠶᠤᠮ᠃ | ᠬᠤᠷᠢᠨ ᠲᠦᠷᠪᠡᠨ ᠴᠠᠭ ᠪᠤᠯᠤᠭᠰᠠᠨ ᠦᠭᠡᠢ ᠪᠠᠷ ᠦᠨᠤ ᠬᠤᠶᠠᠷ ᠴᠢᠨᠢ ᠤᠷᠤᠭ ᠤᠨ ᠪᠠᠳᠤᠯᠠᠭ᠎ᠠ ᠪᠠᠨ | ᠰᠡᠷᠭᠦᠭᠡᠨ᠎ᠡ ᠭᠡᠳ ᠭᠦᠷᠴᠤ ᠢᠷᠡᠳᠡᠭ ᠶᠤᠮ ᠪᠠᠶᠢᠨ᠎ᠠ᠃ ᠦᠨᠤ ᠤᠭᠰᠤᠭᠤᠷ ᠡᠷ᠎ᠡ ᠴᠢᠨᠢ᠄ | — ᠲᠡᠭᠦᠤ ᠮᠢᠨᠢ ᠮᠠᠭᠤᠬᠠᠢ ᠤᠰᠤᠯ ᠪᠤᠯᠤᠯ᠎ᠠ᠃ ᠠᠬ᠎ᠠ ᠨᠢ ᠦᠴᠤᠭᠡᠳᠤᠷ ᠱᠠᠯ ᠪᠤᠯᠵᠠᠢ᠃ ᠶᠠᠭᠤ ᠬᠢᠭᠰᠡᠨ᠂ | ᠶᠠᠭᠤ ᠶᠠᠷᠢᠭᠰᠠᠨ ᠢ ᠪᠠᠨ ᠪᠢᠳᠡᠭᠡᠢ ᠭᠡᠯᠡ᠂ ᠠᠳᠡ ᠢᠷᠡᠭᠰᠡᠨ ᠢ ᠪᠠᠨ ᠴᠦ ᠤᠭᠳᠤ ᠮᠡᠳᠡᠭᠦ ᠦᠭᠡᠢ ᠪᠠᠶᠢᠨ᠎ᠠ ᠰᠢᠤ | ᠭᠡᠳ ᠯᠠ ᠭᠡᠢ ᠨᠢ ᠭᠠᠷᠤᠭᠰᠠᠨ ᠭᠦᠵᠡᠭᠡ ᠪᠤᠯᠴᠢᠬᠠᠭᠰᠠᠨ ᠪᠠᠶᠢᠪᠠ᠂ | ᠡᠶᠢᠮᠤ ᠤᠯᠤᠰ ᠲᠠᠢ ᠴᠢᠨᠢ ᠶᠠᠭᠤ ᠶᠢ ᠨᠢ ᠶᠠᠷᠢᠯᠴᠠᠨ᠎ᠠ ᠪᠤᠢ᠃ ᠪᠤᠯᠳᠠᠭ ᠰᠠᠨ ᠪᠤᠯ ᠦᠭᠡ ᠲᠡᠭᠤᠨ ᠦᠭᠡᠢ | ᠭᠦᠭᠡᠭᠡᠭᠡᠳ ᠭᠠᠷᠭᠠᠴᠢᠬᠠᠮᠠᠷ ᠪᠠᠶᠢᠭᠰᠠᠨ ᠶᠤᠮ᠃ ᠭᠡᠪᠡᠴᠤ ᠬᠤᠩ ᠶᠠᠨ ᠲᠡᠭᠡᠵᠤ ᠴᠢᠳᠠᠭᠰᠠᠨ ᠦᠭᠡᠢ ᠶᠤᠮ᠃ | ᠭᠤᠤᠯ ᠨᠢ ᠭᠦᠳᠤᠶᠢᠭᠡᠳ ᠶᠠᠪᠤᠴᠢᠬᠠᠭᠰᠠᠨ ᠬᠤᠩ ᠶᠠᠨ ᠲᠡᠷᠡ ᠬᠤᠶᠠᠷ ᠢ ᠭᠠᠷᠤᠨ ᠭᠠᠷᠤᠳᠠᠯ᠎ᠠ ᠨᠢ ᠭᠠᠭᠴᠠ ᠠᠮᠠᠨ | ᠦᠭᠡ ᠴᠦ ᠲᠤᠤᠭᠠᠷᠤᠭᠰᠠᠨ ᠦᠭᠡᠢ ᠶᠠᠪᠤᠭᠤᠯᠤᠭᠰᠠᠨ ᠪᠠᠶᠢᠯ᠎ᠠ ᠃ ᠲᠡᠷᠡ ᠬᠠᠩᠬᠠᠯᠵᠠᠭᠤᠷ ᠡᠷ᠎ᠡ ᠴᠤᠬᠤᠮ ᠶᠠᠭᠤ | ᠴᠦ ᠮᠡᠳᠡᠭᠦ ᠦᠭᠡᠢ ᠪᠠᠶᠢᠭᠰᠠᠨ ᠡᠰᠡᠭᠦ ᠶᠢ ᠨᠢ ᠭᠡᠨ ᠮᠡᠳᠡᠨ᠎ᠡ ᠪᠤᠢ᠃ ᠵᠠᠮ ᠤᠨ ᠴᠠᠭᠳᠠᠭ᠎ᠠ ᠰᠢᠭ᠋ ᠪᠡᠷᠢᠵᠤ | ᠠᠪᠤᠭᠠᠳ ᠴᠢᠰᠤ ᠶᠢ ᠨᠢ ᠪᠠᠶᠢᠴᠠᠭᠠᠬᠤ ᠶᠤᠮ ᠪᠢᠰᠢ᠃ ᠬᠤᠩ ᠶᠠᠨ᠄ | — ᠲᠠ ᠬᠤᠶᠠᠷ ᠲᠡᠬᠢᠵᠤ ᠯᠠ ᠨᠠᠳᠠᠳᠤ ᠪᠢᠳᠡᠭᠡᠢ ᠦᠵᠡᠭᠳᠡ ᠭᠡᠳᠡᠭ ᠦᠭᠡ ᠶᠢ ᠲᠡᠰᠤᠨ ᠲᠡᠰᠣᠨ ᠪᠤᠭᠤᠵᠤ | ᠦᠩᠭᠡᠷᠡᠭᠦᠯᠤᠭ᠍ᠰᠡᠨ ᠪᠠᠶᠢᠪᠠ᠃ | ᠨᠢᠭᠡ ᠡᠳᠤᠷ ᠭᠠᠯ ᠴᠤᠭ ᠰᠢᠭ᠋ ᠵᠠᠯᠠᠭᠤᠬᠠᠨ᠂ ᠴᠡᠪᠢᠷᠡᠤ ᠰᠢᠭ ᠴᠡᠪᠡᠷᠭᠡᠨ ᠲᠦᠷᠤᠭ᠍ᠰᠡᠨ ᠤᠷᠠᠨ ᠬᠠᠵᠢᠨ ᠰᠢᠭ᠋ | ᠬᠤᠶᠠᠷ ᠤᠷᠤᠵᠤ ᠢᠷᠡᠭᠡᠳ ᠰᠢᠭᠤᠳ ᠯᠠ ᠰᠠᠯᠤᠨ᠎ᠠ ᠭᠡᠳᠡᠭ ᠶᠤᠮ ᠪᠠᠶᠢᠨ᠎ᠠ᠃ ᠠᠳᠡ ᠯᠠ ᠭᠡᠵᠤ ᠬᠠᠮᠳᠤ ᠢᠷᠡᠭᠰᠡᠨ | ᠠᠴᠠ ᠪᠢᠰᠢ᠂ ᠦᠭᠡᠢ ᠭᠡᠵᠤ ᠲᠡᠷᠡ ᠬᠤᠶᠠᠷ ᠡᠨᠡ ᠶᠠᠪᠤᠭ᠎ᠠ ᠨᠠᠰᠤᠨ ᠳᠠᠭᠠᠨ ᠨᠢᠭᠡ ᠨᠢᠭᠡ ᠶᠢ ᠪᠠᠨ ᠲᠠᠬᠢᠵᠤ ᠵᠦᠪ | ᠬᠠᠷᠠᠬᠤ ᠦᠭᠡᠢ ᠶᠤᠮ ᠰᠢᠭ᠋ ᠯᠠ ᠪᠠᠶᠢᠪᠠ᠃ ᠬᠤᠩ ᠶᠠᠨ᠄ | — ᠡᠶᠢᠮᠤ ᠰᠠᠶᠢᠬᠠᠨ ᠬᠤᠶᠠᠷ ᠵᠠᠯᠠᠭᠤ ᠪᠠᠶᠢᠭᠠᠳ᠂ ᠶᠠᠭᠤᠨ ᠪᠤᠯᠴᠢᠬᠠᠪᠠ ᠭᠡᠮᠡᠨ ᠭᠠᠶᠢᠬᠠᠪᠠ᠃ ᠭᠡᠤᠭᠡᠨ ᠨᠢ | ᠄ | — ᠬᠠᠮᠳᠤ ᠪᠠᠶᠢᠬᠤ ᠶᠢᠨ ᠠᠷᠭ᠎ᠠ ᠦᠭᠡᠢ ᠪᠤᠯᠤᠭᠰᠠᠨ ᠭᠡᠮᠡᠨ ᠨᠢᠳᠤᠨ ᠳᠤᠨᠢ ᠨᠢᠯᠪᠤᠰᠤ ᠡᠷᠬᠢᠯᠳᠤᠵᠤ ᠪᠠᠶᠢᠭᠰᠠᠨ | ᠴᠦ ᠲᠡᠭᠦᠨ ᠢ ᠪᠠᠨ ᠤᠨᠠᠭᠠᠬᠤ ᠦᠭᠡᠢ ᠭᠡᠮᠡᠨ ᠵᠤᠷᠢᠭ ᠪᠠᠷᠢᠵᠤ ᠪᠠᠶᠢᠭ᠎ᠠ ᠨᠢ ᠢᠯᠡᠳᠳᠡ᠂ ᠭᠦᠮᠤᠭᠡᠢ ᠪᠠᠨ | ᠭᠦᠭᠡᠷᠡᠳᠡᠯᠡ ᠨᠢ ᠵᠠᠭᠤᠬᠤ ᠳᠤ ᠵᠠᠯᠠᠭᠤ ᠨᠢ ᠄ | — ᠡᠶᠢᠮᠤ ᠤᠴᠢᠷ ᠲᠡᠭᠡᠷ᠎ᠡ ᠭᠦᠮᠤᠨ ᠢ ᠮᠡᠭᠡᠯᠡᠨᠡ ᠭᠡᠳᠡᠭ ᠴᠢᠨᠢ᠃ ᠲᠠᠩᠴᠤ ᠳ᠋ᠠ ᠭᠡᠮᠡᠨ ᠬᠤᠭᠤᠯᠠᠢ ᠨᠢ | ᠵᠠᠩᠬᠢᠷᠠᠨ ᠵᠠᠩᠬᠢᠷᠠᠨ᠂ ᠦᠭᠡ ᠪᠠᠨ ᠭᠡᠯᠡᠵᠤ ᠭᠠᠷᠭᠠᠵᠤ ᠴᠢᠳᠠᠬᠤ ᠦᠭᠡᠢ ᠳᠤ ᠭᠦᠷᠴᠤ ᠪᠠᠶᠢᠯ᠎ᠠ᠃ ᠭᠡᠤᠭᠡᠨ ᠨᠢ᠄ | — ᠡᠨᠡ ᠮᠠᠭᠤ ᠯᠤᠪᠰᠢ ᠴᠢᠨᠢ ᠨᠠᠮᠠᠢᠢ ᠭᠡᠤᠭᠡᠨ ᠪᠢᠰᠢ ᠪᠠᠶᠢᠨ᠎ᠠ ᠭᠡᠵᠤ ᠪᠠᠶᠢᠨ᠎ᠠ ᠰᠢᠤ ᠭᠡᠮᠡᠨ ᠬᠤᠷᠤᠰᠤᠯ | ᠲᠦᠭᠦᠷᠤᠭ᠍ᠰᠡᠨ ᠨᠢᠳᠤ ᠪᠠᠨ ᠬᠢᠳᠤᠭ᠎ᠠ ᠰᠢᠪᠦᠭᠡ ᠰᠢᠭ᠋ ᠬᠤᠷᠴᠠᠳᠬᠠᠨ᠂ ᠵᠠᠯᠠᠭᠤ ᠶᠢᠨ ᠢᠶᠠᠨ ᠦᠭᠡᠳᠡ ᠠᠴᠠ ᠬᠢᠯᠡᠰ | ᠴᠡᠶᠢᠰ ᠭᠡᠭᠦ ᠳᠤ᠃ ᠵᠠᠯᠠᠭᠤ ᠨᠢ᠄ | — ᠴᠢ ᠦᠨᠡᠭᠡᠷ ᠭᠡᠤᠭᠡᠨ ᠪᠢᠰᠢ ᠪᠠᠶᠢᠭᠰᠠᠨ ᠰᠢᠤ ᠳ᠋ᠠ ᠭᠡᠳ ᠠᠰ ᠲᠤᠯᠤᠨ ᠠᠪᠤᠨ ᠬᠠᠷᠢᠭᠤᠴᠠᠵᠤ ᠪᠠᠶᠢᠪᠠ᠃ | ᠡᠨᠡ ᠬᠤᠶᠠᠷ ᠴᠡᠪᠡᠷᠭᠡᠨ ᠲᠦᠷᠤᠭ᠍ᠰᠡᠨ ᠵᠠᠯᠠᠭᠤ ᠤᠷᠤᠭ ᠪᠠᠷᠢᠯᠳᠤᠬᠤ ᠦᠨᠡᠮᠯᠡᠯ ᠢᠶᠠᠨ ᠰᠠᠷ᠎ᠠ ᠶᠢᠨ ᠡᠮᠤᠨ᠎ᠡ | ᠭᠠᠷᠳᠠᠭᠰᠠᠨ ᠴᠦ ᠦᠴᠤᠳᠤᠷᠭᠡᠨ ᠰᠠᠶ᠋ᠢ ᠬᠤᠷᠢᠮ ᠤᠨ ᠶᠤᠰᠤᠯᠠᠯ ᠢᠶᠠᠨ ᠬᠢᠭᠰᠡᠨ ᠬᠤᠶᠠᠷ ᠭᠡᠳᠡᠭ ᠢ ᠭᠡᠨ ᠭᠦᠮᠤᠨ ᠴᠦ | ᠢᠳᠡᠭᠡᠭᠦ ᠦᠭᠡᠢ ᠪᠠᠶᠢᠬ᠎ᠠ᠃ ᠤᠴᠢᠷ ᠢ ᠨᠢ ᠤᠬᠤᠴᠢᠯᠠᠪᠠᠯ ᠭᠡᠤᠭᠡᠨ ᠤ ᠭᠡᠤᠭᠡᠨ ᠬᠠᠯᠢᠰᠤ ᠨᠢ ᠴᠤᠭᠤᠷᠬᠠᠢ | ᠪᠠᠶᠢᠭᠰᠠᠨ ᠶᠤᠮ ᠭᠡᠨ᠎ᠡ᠃ ᠵᠠᠯᠠᠭᠤ ᠲᠠᠰᠤ ᠪᠠᠭᠤᠬᠤ ᠳᠤ ᠭᠡᠤᠭᠡᠨ ᠨᠢ ᠲᠡᠶᠢᠮᠤ ᠪᠠᠶᠢᠬᠤ ᠶᠤᠰᠤ ᠦᠭᠡᠢ ᠭᠡᠳ | ᠤᠭᠳᠤ ᠡᠵᠡᠯᠡᠭᠦ ᠦᠭᠡᠢ ᠪᠠᠶᠢᠯ᠎ᠠ᠃ ᠲᠡᠷᠡ ᠬᠤᠭᠤᠷᠤᠨᠳᠤ ᠬᠤᠩ ᠶᠠᠨ ᠳᠤ ᠴᠦ ᠭᠡᠯᠡᠭᠦ ᠦᠭᠡ ᠲᠠᠭ ᠤᠯᠳᠠᠭᠰᠠᠨ | ᠦᠭᠡᠢ ᠪᠠᠶᠢᠯ᠎ᠠ᠃ | — ᠡᠨᠡ ᠴᠢᠨᠢ ᠨᠢᠭᠡ ᠭᠦᠮᠤᠨ ᠤ ᠨᠢᠭᠡ ᠨᠠᠰᠤᠨ ᠤ ᠬᠠᠮᠤᠭ ᠤᠨ ᠲᠤᠮᠤ ᠭᠡᠷᠡᠭ ᠶᠤᠮ ᠰᠢᠤ ᠭᠡᠮᠡᠨ ᠵᠠᠯᠠᠭᠤ | ᠲᠤᠶᠢᠯ ᠦᠭᠡᠢ ᠭᠤᠮᠤᠳᠠᠭᠰᠠᠨ ᠭᠤᠮᠤᠳᠠᠯ ᠢᠶᠠᠨ ᠨᠢᠭᠤᠵᠤ ᠬᠠᠭᠠᠯ ᠦᠭᠡᠢ ᠭᠡᠯᠡᠵᠤ ᠭᠠᠷᠭᠠᠬᠤ ᠳᠤ᠂ ᠭᠡᠤᠭᠡᠨ ᠨᠢ᠄ | — ᠴᠢ ᠮᠢᠨᠤ ᠨᠢᠭᠡ ᠨᠠᠰᠤ ᠶᠢ ᠢᠩᠬᠢᠭᠡᠳ ᠦᠭᠡᠢ ᠬᠢᠪᠡ ᠭᠡᠭᠦ ᠳᠡᠭᠡᠨ ᠨᠢᠯᠪᠤᠰᠤ ᠪᠠᠨ ᠬᠤᠷᠢᠵᠤ ᠴᠢᠳᠠᠭᠰᠠᠨ | ᠦᠭᠡᠢ ᠪᠠᠶᠢᠯ᠎ᠠ᠃ | ᠴᠠᠭᠠᠰᠢ ᠨᠢ ᠪᠦᠷ ᠭᠡᠷᠡᠭᠦᠯ ᠴᠤᠤᠬᠢᠶᠠᠨ ᠪᠤᠯᠬᠤ ᠳᠤ ᠭᠦᠷᠤᠭᠡᠳ ᠠᠷᠠᠢ ᠭᠡᠮᠡᠨ ᠰᠠᠯᠤᠭᠰᠠᠨ ᠪᠠᠶᠢᠪᠠ᠃ | ᠰᠡᠭᠦᠯᠡᠷ ᠨᠢ ᠬᠤᠩ ᠶᠠᠨ ᠭᠡᠤᠭᠡᠨ ᠬᠠᠯᠢᠰᠤ ᠶᠢᠨ ᠲᠤᠬᠠᠢ ᠬᠤᠷᠢ ᠭᠠᠷᠤᠢ ᠵᠢᠯ ᠡᠮᠴᠢ ᠶᠢᠨ ᠠᠵᠢᠯ ᠬᠢᠭᠰᠡᠨ ᠪᠦᠯᠢ | ᠡᠭᠡᠴᠢ ᠠᠴᠠ ᠪᠠᠨ ᠠᠰᠠᠭᠤᠪᠠᠯ᠄ | — ᠰᠢᠷᠤᠭᠦᠨ ᠲᠠᠮᠢᠷ ᠤᠨ ᠭᠦᠳᠡᠯᠭᠡᠭᠡᠨ ᠬᠢᠭᠦ ᠶᠤᠮ ᠤᠤ᠂ ᠡᠮᠨᠡᠭ ᠲᠤᠭᠰᠢᠨ ᠤᠨᠤᠭ᠎ᠠ ᠤᠨᠤᠭᠰᠠᠨ ᠭᠦᠮᠤᠨ | ᠳᠤ ᠬᠤᠪᠤᠷ ᠭᠡᠭᠦ ᠳᠤ ᠯᠠ ᠡᠶᠢᠮᠤ ᠤᠴᠢᠷ ᠲᠠᠭᠠᠷᠠᠵᠤ ᠮᠡᠳᠡᠨ᠎ᠡ ᠭᠡᠵᠤ ᠪᠢᠯᠡ᠃ | ᠡᠨᠡ ᠦᠭᠡ ᠶᠢ ᠰᠤᠨᠤᠰᠤᠭᠠᠳ ᠴᠡᠴᠡᠭ ᠰᠢᠭ ᠲᠦᠷᠤᠭ᠍ᠰᠡᠨ ᠲᠡᠷᠡ ᠭᠦᠭᠡᠷᠤᠭᠦᠨ ᠭᠡᠤᠭᠡᠨ ᠤ ᠲᠦᠯᠤᠭᠡ ᠬᠤᠩ | ᠶᠠᠨ ᠤᠴᠢᠷ ᠦᠭᠡᠢ ᠬᠠᠷᠠᠮᠰᠠᠨ 《 ᠴᠢ ᠮᠢᠨᠤ ᠨᠢᠭᠡ ᠨᠠᠰᠤ ᠶᠢ ᠢᠩᠬᠢᠭᠡᠳ ᠦᠭᠡᠢ ᠬᠢᠪᠡ》 ᠭᠡᠰᠡᠨ ᠦᠭᠡ ᠨᠢ | ᠲᠡᠭᠦᠨ ᠤ ᠴᠢᠬᠢᠨ ᠳᠤ ᠲᠡᠬᠢᠨ ᠲᠠᠬᠢᠨ ᠲᠤᠭᠤᠯᠳᠠᠬᠤ ᠰᠢᠭ᠋ ᠪᠤᠯᠵᠤ ᠪᠠᠶᠢᠭᠰᠠᠨ ᠶᠤᠮ᠃ | ᠴᠠᠭᠠᠰᠢ ᠨᠢ ᠭᠦᠭᠡᠭᠡᠪᠡᠯ ᠵᠤᠭᠤᠰ ᠮᠦᠩᠭᠦᠨ ᠠᠴᠠ ᠪᠤᠯᠤᠭᠰᠠᠨ ᠭᠡᠷᠡᠭ ᠪᠠᠶᠢᠨ᠎ᠠ᠃ ᠡᠷᠡᠴᠤᠤᠯ ᠤᠨ | ᠲᠡᠭᠡᠷᠡᠩᠭᠦᠢ ᠠᠴᠠ ᠪᠤᠯᠤᠭᠰᠠᠨ ᠭᠡᠷᠡᠭ ᠪᠠᠶᠢᠨ᠎ᠠ᠃ ᠬᠠᠳᠠᠮ ᠤᠨ ᠬᠠᠯᠠ ᠠᠴᠠ ᠪᠤᠯᠤᠭᠰᠠᠨ ᠭᠡᠷᠡᠭ ᠪᠠᠶᠢᠨ᠎ᠠ᠃ | ᠭᠡᠤᠭᠡᠨ ᠲᠠᠯ᠎ᠠ ᠳᠤ ᠬᠤᠷᠢᠮ ᠤᠨ ᠪᠡᠯᠢᠭ ᠢᠶᠠᠨ ᠦᠭᠴᠤ ᠲᠡᠶᠢᠯᠭᠦ ᠦᠭᠡᠢ᠂ ᠬᠤᠷᠢᠮ ᠤᠨ ᠲᠠᠷᠠᠭ᠎ᠠ ᠦᠭᠭᠦᠨ᠎ᠡ ᠭᠡᠵᠤ | ᠠᠮᠠᠯᠠᠭᠠᠳ ᠦᠭᠡᠨ ᠳᠡᠭᠡᠨ ᠰᠠᠭᠤᠭᠰᠠᠨ ᠦᠭᠡᠢ ᠠᠴᠠ ᠪᠤᠯᠤᠭᠰᠠᠨ ᠭᠡᠷᠡᠭ ᠪᠠᠶᠢᠨ᠎ᠠ᠃ ᠬᠤᠷᠢᠮ ᠤᠨ ᠪᠡᠯᠢᠭ ᠲᠤ | ᠢᠷᠡᠭᠰᠡᠨ ᠮᠦᠩᠭᠦ ᠪᠠᠷ ᠢᠶᠠᠨ ᠪᠡᠷᠢ ᠳᠡᠭᠡᠨ ᠲᠡᠷᠭᠡ ᠠᠪᠴᠤ ᠦᠭᠭᠦᠨ᠎ᠡ ᠭᠡᠵᠤ ᠠᠮᠠᠯᠠᠭᠠᠳ ᠦᠬᠡᠨ ᠳᠡᠭᠡᠨ ᠰᠠᠭᠤᠭᠰᠠᠨ | ᠦᠭᠡᠢ ᠠᠴᠠ ᠪᠤᠯᠤᠭᠰᠠᠨ ᠭᠡᠷᠡᠭ ᠪᠠᠶᠢᠨ᠎ᠠ᠃ ᠡᠷ᠎ᠡ ᠨᠢ ᠭᠠᠳᠠᠭᠰᠢ ᠭᠦᠶᠤᠭ᠍ᠰᠡᠨ᠂ ᠡᠮ᠎ᠡ ᠨᠢ ᠦᠬᠢᠷᠡ ᠭᠦᠮᠤᠨ ᠲᠠᠢ | ᠭᠠᠷ ᠭᠦᠯ ᠲᠠᠢ ᠪᠤᠯᠤᠯᠴᠠᠭᠰᠠᠨ᠂ ᠡᠷ᠎ᠡ ᠶᠢᠨ ᠢᠶᠠᠨ ᠬᠤᠷᠢᠴᠠᠯ ᠤᠨ ᠬᠠᠯᠠ ᠶᠢ ᠲᠠᠭᠠᠭᠠᠵᠤ ᠲᠡᠶᠢᠯᠭᠦ ᠦᠭᠡᠢ | ᠪᠤᠯᠤᠭᠰᠠᠨ᠂ ᠡᠮ᠎ᠡ ᠶᠢᠨ ᠢᠶᠠᠨ ᠲᠠᠴᠢᠶᠠᠯ ᠢ ᠬᠠᠩᠭᠠᠵᠤ ᠲᠡᠶᠢᠯᠭᠦ ᠦᠭᠡᠢ ᠪᠤᠯᠤᠭᠰᠠᠨ ᠭᠡᠭᠦ ᠮᠡᠳᠤ ᠰᠠᠨᠠᠭᠠᠨ ᠳᠤ | ᠤᠷᠤᠵᠤ᠂ ᠤᠬᠠᠭᠠᠨ ᠳᠤ ᠪᠠᠭᠤᠮᠠᠷ ᠦᠭᠡᠢ ᠡᠯᠳᠡᠪ ᠡᠰᠡ ᠶᠢᠨ ᠰᠢᠯᠳᠠᠭ ᠲᠠᠢ ᠪᠠᠶᠢᠳᠠᠭ ᠶᠤᠮ ᠰᠠᠨᠵᠠᠢ᠃ ᠲᠡᠷᠡ | ᠲᠡᠷᠡ ᠢ ᠭᠠᠷᠭᠠᠪᠠᠯ ᠤᠶᠢᠷ᠎ᠠ ᠶᠢᠨ ᠵᠢᠯ ᠴᠦ ᠲᠦᠷᠤ ᠶᠢᠨ ᠪᠤᠳᠤᠯᠭ᠎ᠠ ᠶᠢᠨ ᠠᠯᠢᠪᠠ ᠬᠠᠷᠠᠭᠠᠯᠵᠠᠯᠠᠯ ᠢ ᠭᠦᠷᠳᠡᠭᠦ ᠶᠢᠨ | ᠲᠦᠯᠤᠭᠡ ᠬᠠᠷ᠎ᠠ ᠵᠤᠷᠢᠭ ᠢᠶᠠᠷ ᠤᠷᠤᠭ ᠰᠠᠯᠬᠤ ᠤᠴᠢᠷ ᠴᠦ ᠤᠯᠠᠰᠢᠷᠠᠭᠰᠠᠨ ᠪᠠᠶᠢᠨ᠎ᠠ᠃ ᠶᠠᠮᠠᠷ ᠶᠤᠷᠤ ᠭᠡᠭᠴᠢ | ᠡᠨᠡ ᠪᠤᠢ᠃ ᠶᠡᠭᠡ ᠤᠢ ᠳᠤ ᠶᠠᠮᠠᠷ ᠵᠢᠭᠦᠷᠳᠠᠨ ᠴᠦ ᠪᠠᠶᠢᠵᠤ ᠮᠡᠳᠡᠨ᠎ᠡ ᠭᠡᠵᠤ ᠬᠢᠳᠡᠳ ᠭᠦᠮᠤᠨ ᠤ ᠭᠡᠯᠡᠳᠡᠭ ᠢᠶᠠᠷ | ᠠᠯᠠᠭ ᠡᠷᠢᠶᠠᠨ ᠬᠤᠷᠸ᠎ᠠ ᠭᠡᠵᠤ ᠨᠡᠭᠡᠷᠡᠨ ᠴᠦ ᠠᠯᠠᠭ ᠲᠠᠢ ᠤᠷᠤᠭ ᠲᠠᠢ ᠪᠠᠶᠢᠳᠠᠭ ᠶᠤᠮ ᠪᠠᠶᠢᠵᠠᠢ᠃ ᠢᠨᠢᠶᠡᠳᠤ | ᠴᠦ ᠭᠦᠷᠭᠦ ᠶᠤᠮ᠂ ᠡᠭᠳᠡᠭᠦᠤ ᠴᠦ ᠭᠦᠷᠭᠦ ᠶᠤᠮ᠃ ᠠᠭᠤᠷ ᠨᠢ ᠴᠦ ᠭᠦᠷᠭᠦ ᠶᠤᠮ᠂ ᠤᠴᠠᠭᠠᠷ ᠨᠢ ᠴᠦ ᠭᠦᠷᠭᠦ | ᠶᠤᠮ᠃ ᠵᠠᠷᠢᠮ ᠳᠤ ᠬᠤᠩ ᠶᠠᠨ ᠪᠦᠷ ᠦᠪᠡᠷ ᠢᠶᠠᠨ ᠪᠦᠭᠯᠡᠷᠡᠴᠢᠭᠡᠭᠦ ᠭᠡᠳ ᠪᠠᠶᠢᠳᠠᠭ ᠪᠤᠯᠵᠠᠢ᠃ ᠢᠩᠬᠢᠵᠤ | ᠪᠤᠳᠤᠬᠤ ᠳᠤ ᠡᠨᠡ ᠠᠵᠢᠯ ᠢ ᠨᠡᠭᠡᠷᠡᠨ ᠭᠦᠮᠤᠨ ᠬᠢᠮᠡᠷ ᠠᠵᠢᠯ ᠪᠢᠰᠢ ᠶᠤᠮ ᠃ ᠨᠠᠭᠠᠳᠤ ᠵᠠᠬ᠎ᠠ ᠳᠠᠭᠠᠨ ᠨᠠᠰᠤ | ᠠᠬᠠᠷᠳᠠᠵᠤ ᠮᠡᠳᠡᠭᠦ ᠯᠠ ᠶᠤᠮ ᠪᠠᠶᠢᠪᠠ᠃ | ᠤᠶᠢᠷ᠎ᠠ ᠶᠢᠨ ᠡᠳᠤᠷ ᠬᠤᠩ ᠶᠠᠨ ᠨᠢᠭᠡ ᠤᠷᠤᠭ ᠰᠠᠯᠬᠤ ᠦᠨᠡᠮᠯᠡᠯ ᠢ ᠭᠠᠷᠳᠠᠭᠤᠯᠵᠤ ᠦᠭᠭᠦᠴᠢᠭᠡᠭᠡᠳ ᠰᠠᠳᠬᠢᠯ | ᠨᠢ ᠨᠠᠮ ᠪᠠᠶᠢᠵᠤ ᠴᠢᠳᠠᠯ ᠦᠭᠡᠢ ᠭᠡᠳᠤᠨ ᠡᠳᠤᠷ ᠬᠤᠭᠤᠯᠠ ᠢᠳᠡᠵᠤ ᠤᠷᠤᠭᠰᠠᠨ ᠦᠭᠡᠢ ᠪᠠᠶᠢᠯ᠎ᠠ᠃ ᠦᠷᠯᠤᠭᠡ | ᠲᠦᠩᠭᠡᠵᠤ ᠠᠯᠪᠠᠨ ᠰᠢᠷᠡᠭᠡᠨ ᠳᠡᠭᠡᠨ ᠰᠠᠭᠤᠬᠤ ᠳᠤ ᠡᠪᠤᠭᠡᠨ ᠨᠢ ᠨᠠᠶᠠ᠂ ᠡᠮᠡᠭᠡᠨ ᠨᠢ ᠲᠠᠯ᠎ᠠ ᠲᠠᠢ ᠬᠤᠶᠠᠷ ᠭᠦᠭᠰᠢᠨ | ᠤᠷᠤᠭ ᠰᠠᠯᠤᠨ᠎ᠠ ᠭᠡᠵᠤ ᠤᠷᠤᠵᠤ ᠢᠷᠡᠳᠡᠭ ᠶᠤᠮ ᠪᠠᠶᠢᠨ᠎ᠠ᠃ ᠡᠶᠢᠮᠤ ᠦᠨᠳᠤᠷ ᠨᠠᠰᠤᠨ ᠤ ᠭᠦᠮᠤᠨ ᠤᠷᠤᠭ | ᠰᠠᠯᠬᠤ ᠭᠡᠳᠡᠭ ᠢ ᠭᠡᠨ ᠴᠦ ᠢᠳᠡᠭᠡᠭᠦ ᠶᠢᠨ ᠠᠷᠭ᠎ᠠ ᠦᠭᠡᠢ ᠶᠤᠮ᠃ ᠬᠤᠩ ᠶᠠᠨ ᠳᠤ ᠴᠦ ᠠᠩᠬ᠎ᠠ ᠤᠳᠠᠭ᠎ᠠ ᠯᠠ | ᠲᠠᠭᠠᠷᠠᠭᠰᠠᠨ ᠪᠠᠶᠢᠪᠠ᠃ ᠭᠡᠳᠡᠯ᠎ᠡ ᠲᠡᠳᠡᠨᠡᠷ ᠤᠨ ᠦᠯᠢᠭᠡᠷ ᠢ ᠰᠤᠨᠤᠰᠤᠭᠠᠳ ᠲᠡᠷᠡ ᠮᠠᠭᠤ ᠶᠤᠷᠤ ᠲᠠᠢ ᠦᠨᠡᠮᠯᠡᠯ ᠢ | ᠭᠠᠷᠭᠠᠵᠤ ᠦᠭᠭᠦ ᠯᠠ ᠭᠡᠷᠡᠭᠳᠡᠢ ᠪᠤᠯᠤᠭᠰᠠᠨ ᠪᠠᠶᠢᠨ᠎ᠠ᠃ | ᠤᠤᠯ ᠨᠢ ᠬᠠᠨᠢ ᠪᠠᠨ ᠠᠯᠳᠠᠭᠰᠠᠨ ᠵᠠᠶᠠᠭ᠎ᠠ ᠮᠠᠭᠤ ᠲᠠᠢ ᠬᠤᠶᠠᠷ ᠭᠦᠭᠰᠢᠨ ᠬᠤᠷᠢᠨ ᠭᠤᠷᠪᠠᠨ ᠵᠢᠯ ᠤᠨ ᠡᠮᠤᠨ᠎ᠡ | ᠬᠤᠪᠢ ᠢᠷᠤᠭᠡᠯ ᠢᠶᠠᠷ ᠤᠴᠠᠷᠠᠭᠰᠠᠨ ᠶᠤᠮ ᠪᠠᠶᠢᠨ᠎ᠠ᠃ ᠶᠡᠷᠤ ᠠᠴᠠ ᠵᠢᠭᠠᠯ ᠲᠤᠷ᠎ᠠ ᠪᠠᠷᠤᠭ ᠲᠠᠢ ᠪᠠᠶᠢᠭᠰᠠᠨ | ᠡᠪᠤᠭᠡᠨ ᠤ ᠭᠡᠳᠤᠨ ᠭᠡᠤᠭᠡᠳ ᠨᠢ ᠨᠠᠰᠤ ᠠᠬᠢᠭᠰᠠᠨ ᠠᠪᠤ ᠶᠢ ᠪᠠᠨ ᠠᠰᠠᠷᠠᠵᠤ ᠲᠤᠳᠤᠮᠳᠠᠬᠤ ᠶᠢ ᠪᠤᠳᠤᠬᠤ ᠦᠭᠡᠢ | ᠬᠠᠷᠢᠨ ᠡᠴᠢᠭᠡ ᠶᠢᠨ ᠢᠶᠠᠨ ᠭᠠᠷ ᠲᠠᠬᠢ ᠵᠢᠭᠠᠯ ᠵᠤᠭᠤᠯ ᠭᠦᠷᠤᠩᠭᠡ ᠶᠢᠨ ᠲᠦᠯᠤᠭᠡ ᠠᠷᠭ᠎ᠠ ᠪᠦᠭᠦᠨ ᠢ | ᠰᠦᠪᠡᠭᠴᠢᠯᠡᠵᠤ ᠪᠠᠶᠢᠭᠠᠳ ᠬᠤᠶᠢᠳᠤ ᠡᠮᠡᠭᠡᠨ ᠠᠴᠠ ᠨᠢ ᠰᠠᠯᠭᠠᠬᠤ ᠭᠡᠮᠡᠨ ᠡᠳᠤᠷ ᠰᠦᠨᠢ ᠦᠭᠡᠢ ᠲᠤᠶᠢᠪᠡᠭᠡᠭᠡᠳ | ᠠᠮᠤᠷ ᠵᠠᠶᠠᠭ᠎ᠠ ᠦᠵᠡᠭᠦᠯᠳᠡᠭ ᠦᠭᠡᠢ ᠭᠡᠨ᠎ᠡ᠃ ᠠᠷᠭ᠎ᠠ ᠮᠤᠬᠤᠷᠳᠠᠭᠰᠠᠨ ᠡᠪᠤᠭᠡᠨ ᠨᠢᠭᠡ ᠨᠠᠰᠤᠨ ᠤ ᠪᠠᠨ | ᠬᠠᠳᠠᠭᠠᠯᠠᠮᠵᠢ ᠪᠤᠯᠬᠤ ᠲᠡᠪᠢᠨ ᠲᠦᠮᠡᠨ ᠲᠦᠭᠦᠷᠡᠭ ᠮᠦᠩᠭᠦ ᠪᠠᠨ ᠭᠤᠷᠪᠠᠨ ᠭᠦᠤ᠂ ᠬᠤᠶᠠᠷ ᠭᠡᠤᠭᠡᠨ ᠳᠡᠭᠡᠨ ᠠᠳᠠᠯᠢ | ᠲᠡᠭᠰᠢ ᠪᠠᠷ ᠬᠤᠪᠢᠶᠠᠭᠠᠳ᠂ ᠭᠦᠮᠤᠨ ᠤ ᠠᠷᠪᠠᠨ ᠲᠦᠮᠡᠨ ᠮᠦᠭᠭᠦ ᠶᠢ ᠭᠠᠷᠳᠠᠭᠤᠯᠵᠤ ᠦᠭᠭᠦᠭᠰᠡᠨ ᠪᠠᠶᠢᠵᠠᠢ᠃ | ᠬᠤᠶᠠᠷ ᠭᠡᠤᠭᠡᠳ ᠲᠠᠢ ᠶᠡᠭᠡ ᠭᠦᠤ᠂ ᠭᠤᠷᠪᠠᠳᠤᠭᠠᠷ ᠭᠦᠤ ᠬᠤᠶᠠᠷ ᠨᠢ ᠪᠠᠭ᠋ᠠᠨ ᠰᠠᠨᠠᠯ ᠲᠠᠢ ᠪᠠᠶᠢᠬᠤ ᠰᠢᠭ᠋ | ᠪᠤᠯᠤᠭᠰᠠᠨ ᠴᠦ ᠤᠴᠠᠷ ᠶᠠᠪᠤᠳᠠᠯ ᠨᠢᠭᠡᠨ ᠦᠶ᠎ᠠ ᠵᠢᠭᠠᠯ ᠨᠠᠮᠵᠢᠷᠠᠬᠤ ᠬᠠᠨᠳᠤᠰᠢ ᠲᠠᠢ ᠪᠤᠯᠵᠤ ᠢᠷᠡᠭᠰᠡᠨ ᠢᠶᠠᠨ ᠲᠡᠮᠡᠢ | ᠤᠳᠠᠭᠰᠠᠨ ᠦᠭᠡᠢ ᠪᠠᠰᠠ ᠯᠠ ᠪᠢᠰᠢ ᠪᠤᠯᠵᠤ ᠢᠷᠡᠵᠡᠢ᠃ ᠵᠡᠬᠡᠯᠢ ᠨᠢᠭᠤᠷᠯᠠᠭᠰᠠᠨ ᠨᠢᠭᠡ ᠠᠷᠠᠯᠵᠢᠶᠠᠨ ᠤ ᠲᠡᠯᠭᠡᠭᠦᠷ ᠢ | ᠪᠠᠨ ᠲᠡᠪᠤᠨ ᠭᠡᠤᠭᠡᠳ ᠲᠡᠭᠡᠨ ᠠᠳᠠᠯᠢᠬᠠᠨ ᠬᠤᠪᠢᠶᠠᠵᠤ ᠦᠭᠭᠦ ᠪᠠᠷ ᠡᠪᠤᠭᠡᠨ ᠭᠤᠸᠠᠢ ᠭᠡᠷᠢᠶᠡᠰ ᠪᠢᠴᠢᠭᠡᠳ ᠭᠠᠷ ᠤᠨ | ᠦᠰᠤᠭ᠌ ᠵᠢᠷᠤᠭᠠᠳ ᠭᠦᠮᠤᠨ ᠤ ᠨᠢᠭᠡ ᠬᠤᠪᠢ ᠭᠠᠷᠳᠠᠭᠤᠯᠵᠤ ᠦᠭᠴᠠᠢ᠃ ᠤᠳᠤ ᠪᠤᠯᠤᠭᠰᠠᠨ ᠪᠠᠶᠢᠬ᠎ᠠ ᠭᠡᠰᠡᠨ | ᠴᠢᠨᠢ ᠪᠠᠶᠢᠨ᠎ᠠ ᠤᠤ ᠂ ᠪᠦᠷ ᠴᠠᠭᠠᠰᠢᠯᠠᠵᠤ᠂ ᠬᠤᠶᠠᠷ ᠬᠤᠶᠠᠷ ᠭᠡᠤᠭᠡᠳ ᠲᠠᠢ ᠬᠤᠶᠠᠷ ᠭᠦᠤ ᠶᠢᠨ ᠰᠠᠨᠠᠯ ᠨᠢ | ᠬᠤᠷᠴᠠᠳᠤᠭᠰᠠᠨ ᠢᠶᠠᠷ ᠪᠠᠷᠠᠬᠤ ᠦᠭᠡᠢ᠂ ᠭᠤᠷᠪᠠᠨ ᠭᠦᠤ ᠨᠢ ᠬᠤᠶᠠᠷ ᠭᠡᠤᠭᠡᠨ ᠳᠡᠭᠡᠨ ᠲᠠᠩᠴᠤ ᠡᠨᠡᠷᠡᠩᠭᠦᠢ | ᠬᠠᠨᠳᠤᠯ᠎ᠠ ᠭᠡᠳ ᠰᠠᠨᠠᠯ ᠲᠠᠢ ᠪᠤᠯᠵᠠᠢ᠃ ᠲᠡᠭᠡᠵᠤ ᠪᠠᠶᠢᠳᠠᠯ᠎ᠠ ᠪᠠᠨ ᠲᠠᠪᠤᠭᠤᠯᠠ ᠨᠠᠶᠢᠯᠠᠵᠤ ᠠᠪᠤᠭᠠᠳ ᠬᠠᠭᠠᠰ ᠵᠠᠮ | ᠠᠴᠠ ᠤᠯᠵᠤ ᠢᠷᠡᠭᠰᠡᠨ ᠬᠤᠶᠢᠳᠤ ᠡᠵᠢ ᠪᠠᠨ ᠱᠠᠯᠠ ᠲᠡᠭᠡᠷ᠎ᠡ ᠱᠠᠯᠳᠠᠩ ᠰᠠᠭᠤᠯᠭᠠᠬᠤ ᠦᠭᠡᠢ ᠪᠤᠯ ᠤᠭᠳᠤ ᠰᠠᠨᠠᠭ᠎ᠠ | ᠨᠢ ᠠᠮᠠᠷᠠᠬᠤ ᠦᠭᠡᠢ ᠶᠤᠮ ᠪᠠᠶᠢᠨ᠎ᠠ ᠭᠡᠨ᠎ᠡ᠃ | ᠢᠷᠤᠭᠡᠯ ᠲᠠᠢ ᠳᠠᠭᠠᠨ ᠤᠴᠠᠷᠠᠵᠤ᠂ ᠬᠤᠪᠢ ᠲᠠᠢ ᠳᠠᠭᠠᠨ ᠬᠠᠮᠳᠤᠷᠤᠭᠰᠠᠨ ᠡᠪᠤᠭᠡᠨ᠂ ᠡᠮᠡᠭᠡᠨ ᠢ ᠪᠠᠨ ᠱᠠᠯᠠ | ᠲᠡᠭᠡᠷ᠎ᠡ ᠰᠠᠭᠤᠯᠭᠠᠬᠤ ᠪᠠᠷ ᠪᠤᠳᠤᠭᠰᠠᠨ ᠴᠦ ᠦᠨᠤ ᠮᠠᠷᠭᠠᠰᠢ ᠳᠠᠭᠠᠨ ᠰᠠᠯᠬᠤ ᠶᠢᠨ ᠠᠷᠭ᠎ᠠ ᠦᠭᠡᠢ ᠶᠤᠮ ᠪᠠᠶᠢᠪᠠ᠃ | ᠡᠪᠤᠭᠡᠨ ᠢ ᠠᠰᠠᠷᠠᠳᠠᠭ ᠨᠢ ᠡᠮᠡᠭᠡᠨ ᠨᠢ᠃ ᠡᠮᠡᠭᠡᠨ ᠢ ᠲᠤᠳᠤᠮᠳᠠᠳᠠᠭ ᠨᠢ ᠴᠦ ᠡᠪᠤᠭᠡᠨ ᠠᠴᠠ ᠦᠭᠡᠷ᠎ᠡ ᠭᠦᠮᠤᠨ | ᠪᠠᠶᠢᠬᠤ ᠦᠭᠡᠢ ᠶᠤᠮ ᠪᠠᠶᠢᠨ᠎ᠠ᠃ ᠡᠮᠡᠭᠡᠨ ᠤ ᠦᠷ᠎ᠠ ᠶᠢᠨ ᠭᠠᠭᠴᠠ ᠭᠦᠤ ᠨᠢ ᠡᠵᠢ ᠪᠠᠨ ᠲᠦᠰᠢᠭᠦ ᠭᠦᠮᠤᠨ ᠲᠠᠢ | ᠪᠤᠯᠤᠭᠰᠠᠨ ᠭᠡᠭᠦ ᠠᠶᠠᠨ ᠰᠢᠯᠳᠠᠭ ᠵᠢᠭᠠᠭᠠᠳ᠂ ᠭᠡᠷ ᠭᠦᠷᠤᠩᠭᠡ ᠶᠢ ᠨᠢ ᠬᠤᠳᠠᠯᠳᠤᠵᠤ ᠦᠪᠡᠷ ᠤᠨ ᠭᠦᠷᠤᠩᠭᠡ | ᠪᠤᠯᠭᠠᠵᠤ ᠠᠪᠤᠭᠠᠳ᠂ ᠬᠤᠷᠢ ᠰᠢᠬᠠᠮ ᠵᠢᠯ ᠴᠢᠮᠡᠭᠡ ᠰᠤᠷᠠᠭ ᠦᠭᠡᠢ ᠵᠢᠯᠢᠢᠵᠡᠢ᠃ ᠦᠨᠡᠨ ᠳᠡᠭᠡᠨ ᠡᠪᠤᠭᠡᠨ ᠳᠤ | ᠦᠨᠤ ᠰᠠᠭᠤᠵᠤ ᠪᠠᠶᠢᠭ᠎ᠠ ᠭᠡᠷ ᠤᠨ ᠤᠷᠤᠨᠴᠠᠭ ᠠᠴᠠ ᠨᠢ ᠦᠭᠡᠷ᠎ᠡ ᠭᠦᠷᠤᠩᠭᠡ ᠬᠤᠭᠰᠢᠯ ᠭᠡᠭᠦ ᠪᠠᠷ ᠶᠠᠭᠤᠮ᠎ᠠ | ᠪᠠᠶᠢᠬᠤ ᠦᠭᠡᠢ ᠪᠤᠯᠴᠢᠬᠠᠭᠰᠠᠨ ᠪᠠᠶᠢᠬᠤ ᠳᠤ ᠲᠡᠪᠤᠨ ᠭᠡᠤᠭᠡᠳ ᠨᠢ ᠮᠦᠨ ᠲᠡᠷᠡ ᠭᠡᠷ ᠤᠨ ᠤᠷᠤᠨᠴᠠᠤᠭ ᠤᠷᠤᠭᠤ | ᠴᠢᠨᠤᠯᠠᠭᠠᠳ ᠵᠦᠭᠡᠷ ᠰᠠᠭᠤᠯᠭᠠᠳᠠᠭ ᠦᠭᠡᠢ ᠭᠡᠨ᠎ᠡ᠃ | ᠬᠠᠯᠠᠭᠤᠨ ᠨᠤᠷᠮᠤᠨ ᠳᠤ ᠬᠠᠶᠠᠭᠳᠠᠭᠰᠠᠨ ᠱᠠᠯᠵᠠ ᠪᠤᠯᠵᠤ ᠭᠦᠢᠴᠡᠭᠰᠡᠨ ᠬᠤᠶᠠᠷ ᠭᠦᠭᠰᠢᠨ ᠡᠴᠤᠰ ᠲᠤ ᠤᠷᠤᠭ | ᠰᠠᠯᠬᠤ ᠪᠤᠳᠤᠯᠭ᠎ᠠ ᠪᠠᠨ ᠠᠪᠴᠢᠬᠠᠭᠠᠳ᠂ ᠴᠢᠬᠢ ᠨᠠᠮ ᠰᠠᠨᠠᠭ᠎ᠠ ᠠᠮᠤᠷ ᠬᠤᠶᠠᠷ ᠡᠳᠤᠷ ᠠᠮᠢᠳᠤᠷᠠᠶ᠎ᠠ ᠭᠡᠵᠤ | ᠲᠤᠬᠢᠷᠠᠭᠰᠠᠨ ᠶᠤᠮ ᠪᠠᠶᠢᠨ᠎ᠠ᠃ | — ᠪᠢ ᠦᠭᠦᠴᠢᠭᠡᠪᠡᠯ ᠡᠨᠡ ᠭᠦᠮᠤᠨ ᠶᠠᠭᠠᠬᠢᠨ᠎ᠠ᠂ ᠪᠤᠳᠤᠬᠤ ᠶᠢᠨ ᠠᠷᠭ᠎ᠠ ᠦᠭᠡᠢ ᠶᠤᠮ᠃ ᠡᠨᠡ ᠴᠢᠨᠢ | ᠠᠷᠭ᠎ᠠ ᠦᠭᠡᠢ ᠶᠢᠨ ᠡᠷᠭᠡᠨ ᠳᠤ ᠠᠪᠤᠭᠰᠠᠨ ᠠᠷᠭ᠎ᠠ ᠶᠤᠮ ᠰᠢᠤ ᠭᠡᠭᠦ ᠳᠤ ᠦᠭᠦᠭᠦ ᠠᠴᠠ ᠦᠭᠡᠷ᠎ᠡ ᠶᠢ ᠨᠢ ᠪᠦᠷ | ᠦᠩᠭᠡᠷᠡᠭᠦᠯᠵᠤ ᠢᠷᠡᠭᠰᠡᠨ ᠭᠡᠮᠡᠷ ᠲᠤᠩ ᠴᠠᠭᠠᠨ ᠲᠤᠯᠤᠭᠠᠢ ᠲᠠᠢ ᠡᠪᠤᠭᠡᠨ ᠤ ᠬᠤᠶᠠᠷ ᠨᠢᠳᠤᠨ ᠳᠤᠨᠢ ᠦᠪᠡᠷ ᠤᠨ | ᠡᠷᠭᠡ ᠦᠭᠡᠢ ᠨᠢᠯᠪᠤᠰᠤ ᠡᠷᠬᠢᠯᠳᠤᠵᠤ ᠪᠠᠶᠢᠯ᠎ᠠ᠃ | — ᠪᠢ ᠯᠠ ᠤᠷᠢᠳᠠᠪᠠᠷ ᠦᠭᠦᠪᠡᠯ ᠲᠠᠭᠠᠷᠠᠬᠤ ᠶᠤᠮ ᠭᠡᠳ ᠡᠷᠳᠡᠭᠡᠨ ᠰᠢᠭ ᠦᠭᠦᠵᠤ ᠲᠠᠯᠳᠠ ᠤᠷᠤᠳᠠᠭ ᠦᠭᠡᠢ | ᠦᠪᠡᠷ ᠤᠨ ᠪᠡᠶ᠎ᠡ ᠳᠡᠭᠡᠨ ᠶᠡᠭᠡ ᠯᠠ ᠭᠤᠮᠤᠳᠠᠭᠰᠠᠨ ᠶᠤᠮ ᠰᠢᠭ᠋ ᠶᠠᠷᠢᠵᠤ ᠪᠠᠶᠢᠪᠠᠴᠤ᠂ ᠢᠷᠡᠭᠰᠡᠨ ᠠᠴᠠ ᠬᠤᠶᠢᠰᠢ | ᠬᠠᠷ᠎ᠠ ᠴᠠᠭᠠᠨ ᠲᠠᠭᠤᠨ ᠦᠭᠡᠢ᠂ ᠨᠢᠯᠪᠤᠰᠤ ᠪᠠᠨ ᠲᠠᠰᠤᠷᠠᠯ ᠦᠭᠡᠢ ᠠᠷᠴᠢᠵᠤ ᠰᠠᠭᠤᠭᠰᠠᠨ ᠡᠮᠡᠭᠡᠨ᠄ | — ᠡᠭᠦᠨ ᠢ ᠪᠢ ᠭᠠᠭᠴᠠᠭᠠᠷ ᠢ ᠨᠢ ᠬᠠᠶᠠᠭᠠᠳ ᠪᠠᠰᠠ ᠶᠠᠪᠤᠵᠤ ᠴᠢᠳᠠᠬᠤ ᠦᠭᠡᠢ ᠯᠠ ᠪᠠᠶᠢᠨ᠎ᠠ ᠭᠡᠮᠡᠨ | ᠲᠡᠭᠡᠭᠯᠡᠵᠤ ᠠᠪᠤᠭᠠᠳ᠄ | — ᠡᠨᠡ ᠶᠠᠪᠤᠴᠢᠬᠠᠪᠠᠯ ᠪᠢ ᠴᠦ ᠤᠳᠠᠬᠤ ᠦᠭᠡᠢ ᠶᠤᠮ ᠭᠡᠳ ᠭᠡᠨ ᠳᠤ ᠴᠦ ᠭᠡᠯᠡᠵᠤ ᠪᠤᠯᠳᠠᠭ ᠦᠭᠡᠢ ᠭᠡᠯᠡᠨ | ᠲᠤᠤᠷ᠎ᠠ ᠪᠠᠨ ᠲᠠᠷᠤᠵᠤ ᠪᠠᠶᠢᠭᠰᠠᠨ ᠦᠭᠡ ᠪᠠᠨ ᠭᠡᠯᠡᠵᠤ ᠭᠠᠷᠭᠠᠴᠢᠬᠠᠭᠠᠳ ᠬᠠᠷᠢᠨ ᠰᠠᠨᠠᠭ᠎ᠠ ᠨᠢ ᠠᠭᠤᠵᠢᠷᠠᠭᠰᠠᠨ | ᠰᠢᠭ᠋ ᠪᠤᠯᠵᠤ ᠤᠴᠢᠭᠰᠠᠨ ᠪᠠᠶᠢᠯ᠎ᠠ᠃ | ᠭᠡᠳᠡᠯ᠎ᠡ ᠬᠤᠩ ᠶᠠᠨ ᠤ ᠬᠤᠭᠤᠯᠠᠢ ᠨᠢ ᠵᠠᠩᠬᠢᠷᠠᠵᠤ᠂ ᠪᠦᠭᠦ ᠪᠡᠶ᠎ᠡ ᠨᠢ ᠨᠢᠭᠡ ᠯᠠ ᠡᠪ ᠦᠭᠡᠢ ᠪᠤᠯᠤᠭᠠᠳ | ᠶᠠᠪᠤᠴᠢᠬᠠᠭᠰᠠᠨ ᠪᠠᠶᠢᠯ᠎ᠠ᠃ ᠲᠡᠷᠡ ᠮᠠᠭᠤ ᠶᠤᠷᠤ ᠶᠢᠨ ᠦᠨᠠᠮᠯᠠᠯ ᠢ ᠬᠤᠶᠠᠷ ᠭᠦᠭᠰᠢᠨ ᠳᠤ ᠶᠠᠭᠠᠬᠢᠵᠤ | ᠭᠠᠷᠳᠠᠭᠤᠯᠤᠭᠰᠠᠨ ᠪᠠᠨ ᠴᠦ ᠮᠠᠷᠳᠠᠵᠤ ᠤᠷᠬᠢᠭᠰᠠᠨ ᠪᠠᠶᠢᠪᠠ ᠃ | ᠰᠦᠨᠡᠰᠤ ᠦᠭᠡᠢ ᠶᠤᠮ ᠰᠢᠭ᠋ ᠬᠤᠶᠠᠷ ᠰᠡᠭᠦᠳᠡᠩ ᠪᠡᠷ᠎ᠡ ᠡᠭᠦᠳᠡ ᠠᠯᠬᠤᠬᠤ ᠲᠠᠢ ᠵᠡᠷᠭᠡᠳᠡ ᠬᠤᠩ ᠶᠠᠨ | ᠡᠭᠦᠳᠡ ᠪᠠᠨ ᠲᠠᠷᠤᠵᠤ ᠠᠪᠤᠭᠠᠳ ᠭᠠᠭᠴᠠᠭᠠᠷ ᠡᠭᠡᠷ ᠲᠠᠳᠠᠳᠠᠯ᠎ᠠ ᠪᠠᠨ ᠤᠬᠢᠯᠠᠭᠰᠠᠨ ᠪᠠᠶᠢᠯ᠎ᠠ᠃ ᠭᠤᠴᠢ ᠭᠠᠷᠳᠠᠯ᠎ᠠ | ᠪᠠᠨ ᠬᠤᠩ ᠶᠠᠨ ᠶᠡᠷᠤ ᠢᠩᠬᠢᠵᠤ ᠵᠤᠪᠠᠯᠠᠩ ᠲᠠᠢ ᠤᠬᠢᠯᠠᠵᠤ ᠪᠠᠶᠢᠭᠰᠠᠨ ᠤᠳᠠᠭ᠎ᠠ ᠪᠠᠶᠢᠬᠤ ᠦᠭᠡᠢ ᠶᠤᠮ᠃ |