ᠲᠠᠪᠤᠳᠤᠭᠠᠷ ᠪᠠᠶᠢᠷᠢ ᠶᠢᠨ ᠰᠢᠯᠥᠭ
ᠨᠡᠶᠢᠲᠡᠯᠡᠭᠰᠡᠨ ᠴᠠᠭ᠄
2018-12-21
ᠪᠤᠷᠵᠢᠬᠢᠨ ᠰᠥᠮᠪᠤᠷ   ︵ᠵᠤᠤ ᠤᠳᠠ ᠠᠶᠢᠮᠠᠭ ᠤᠨ ᠤᠩᠨᠢᠭᠤᠳ ᠬᠤᠰᠢᠭᠤ︶             ᠴᠡᠴᠡᠭᠴᠢᠨ ᠡᠬᠦᠯᠡᠰ ᠠᠭᠤᠯᠠ ᠶᠢᠨ ᠤᠷᠤᠢ ᠳᠤ ᠨᠡᠬᠦᠬᠦ ᠪᠠ ᠴᠢᠨᠤ ᠠᠯᠴᠢᠭᠤᠷ ᠮᠡᠳᠤ ᠬᠦᠭᠡ ᠲᠡᠭᠷᠢ ᠶᠢ ᠪᠢ ᠮᠠᠷᠳᠠᠵᠤ ᠡᠰᠡ ᠴᠢᠳᠠᠭᠠᠳ ᠦᠯᠦ ᠤᠷᠤᠰᠢᠬᠤ ᠶᠢᠨ ᠤᠪᠠᠳᠢᠰᠳᠤ ᠬᠠᠷᠠᠩᠭᠤᠢ ᠶᠢ ᠴᠦᠳᠡᠨᠵᠠ ᠮᠡᠳᠤ ᠵᠤᠷᠠᠪᠠ ᠲᠡᠨᠳᠡ ᠰᠡᠳᠬᠢᠯ ᠮᠡᠳᠤ ᠬᠤᠭᠤᠰᠤᠨ ᠪᠠᠶᠢᠬᠤ ᠪᠠ ᠬᠠᠶᠢᠷᠠᠯᠠᠵᠤ ᠦᠯᠦ ᠲᠠᠭᠤᠰᠤᠨ᠎ᠠ ᠲᠤᠷᠤᠨ᠎ᠠ ᠵᠦᠭ ᠲᠤ ᠠᠭᠤᠯᠠᠰ ᠮᠠᠨᠳᠤᠬᠤ ᠪᠠ ᠲᠤᠳᠤᠭᠠᠳᠤ ᠰᠡᠳᠬᠢᠯ ᠳᠤ ᠵᠤᠷᠴᠢᠭᠴᠢ ᠠᠶᠠᠨᠴᠢᠨ ᠰᠠᠯᠬᠢᠨ ᠤ ᠦᠩᠭᠡ ᠶᠢ ᠪᠢ ᠮᠠᠷᠳᠠᠵᠤ ᠡᠰᠡ ᠴᠢᠳᠠᠨ᠎ᠠ ᠮᠤᠳᠤᠳ ᠤᠨ ᠨᠠᠪᠴᠢᠰ ᠭᠠᠵᠠᠷᠳᠠᠬᠤ ᠤᠭ ᠠᠴᠠ ᠰᠡᠳᠬᠢᠯ ᠮᠡᠳᠤ ᠭᠤᠨᠢᠭᠳᠠᠢ ᠠᠭᠠᠳ ᠲᠤᠷᠠᠯᠠᠵᠤ ᠦᠯᠦ ᠲᠠᠭᠤᠰᠤᠨ᠎ᠠ ᠬᠤᠵᠢᠮ ᠨᠢᠭᠡᠨ ᠴᠠᠭ ᠲᠤ ᠡᠷᠪᠡᠭᠡᠢ ᠬᠤᠪᠢᠯᠤᠭᠰᠠᠨ ᠨᠠᠪᠴᠢᠰ ᠪᠠ ᠰᠡᠳᠬᠢᠯ ᠤᠨ ᠬᠤᠭᠤᠰᠤᠨ ᠳᠤ ᠪᠢ ᠴᠤ ᠦᠯᠦ ᠢᠳᠡᠭᠡᠨ᠎ᠡ ᠪᠦᠵᠢᠭᠴᠢᠨ ᠡᠪᠡᠰᠤ ᠭᠠᠩᠬᠤᠬᠤ ᠪᠠ ᠪᠢ ᠦᠪᠡᠷ ᠲᠡᠭᠡᠨ ᠦᠯᠢᠭᠡᠷ ᠭᠡᠯᠡᠭᠰᠡᠨ ᠨᠠᠮᠤᠷ ᠤᠨ ᠭᠠᠰᠢᠭᠤᠨ ᠪᠦᠭᠡᠳ ᠢᠰᠬᠦᠯᠡᠩ ᠵᠢᠮᠢᠰ ᠢ ᠴᠢ ᠦᠯᠦ ᠮᠡᠳᠡᠨ᠎ᠡ ᠦᠬᠢᠳ ᠤᠨ ᠭᠡᠵᠢᠭᠡ ᠰᠢᠭ ᠪᠤᠷᠤᠭᠠᠨ ᠲᠤᠮᠳᠠᠭᠤᠷ ᠤᠭ ᠵᠢᠯ ᠤᠳ ᠴᠠᠶᠢᠷᠠᠨ ᠤᠳᠬᠤ ᠪᠠ ᠠᠭᠯᠠᠭ ᠲᠤ ᠨᠢ ᠰᠡᠳᠬᠢᠯ ᠢᠶᠠᠨ ᠨᠢᠭᠤᠭᠰᠠᠨ ᠲᠠᠶᠢᠭ᠎ᠠ ᠠᠴᠠ ᠨᠠᠮᠤᠷ ᠶᠠᠪᠤᠵᠠᠢ ᠮᠤᠳᠤᠳ ᠤᠷᠭᠤᠭᠰᠠᠭᠠᠷ ᠯᠡ ᠪᠠᠶᠢᠬᠤ ᠪᠠ ᠡᠬᠦᠯᠡᠰ ᠤᠨ ᠭᠡᠯᠪᠡᠷᠢ ᠦᠭᠡᠢ ᠳᠤ ᠰᠡᠳᠬᠢᠯ ᠮᠡᠳᠤ ᠲᠠᠰᠤᠭᠰᠠᠨ ᠢ ᠴᠢ ᠦᠯᠦ ᠤᠶᠢᠯᠠᠭᠠᠨ᠎ᠠ ᠰᠠᠯᠬᠢᠨ ᠤ ᠰᠠᠨᠠᠭ᠎ᠠ ᠶᠢ ᠰᠡᠳᠬᠢᠯ ᠤᠨ ᠬᠠᠭᠤᠷᠮᠠᠭ ᠢ ᠬᠠᠷᠠᠩᠭᠤᠢ ᠮᠡᠳᠤ ᠬᠠᠶᠢᠷᠠᠯᠠᠬᠤ ᠳᠤ ᠭᠡᠭᠡᠷ᠎ᠡ ᠲᠠᠯ᠎ᠠ ᠡᠪᠡᠰᠤ ᠮᠡᠳᠤ ᠤᠷᠭᠤᠨ᠎ᠠ ᠭᠡᠵᠢᠶ᠎ᠡ ᠴᠢᠨᠤ ᠠᠯᠴᠢᠭᠤᠷ ᠮᠡᠳᠤ ᠤᠷᠬᠢᠭᠰᠠᠨ ᠴᠡᠴᠡᠭᠴᠢᠨ ᠡᠬᠦᠯᠡᠰ ᠪᠠ ᠬᠦᠭᠡ ᠲᠡᠭᠷᠢ ᠶᠢ ᠪᠢ ᠦᠯᠦ ᠮᠠᠷᠳᠠᠨ᠎ᠠᠢᠷᠡᠯᠲᠡ᠄ ᠠᠯᠠᠱᠠ ᠵᠡᠭᠦᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠᠡ᠊ ·  ᠪᠤᠯᠠᠭ ᠬᠠᠩᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号