ᠮᠠᠨᠳᠤᠬᠠᠢ ᠰᠡᠴᠡᠨ ᠬᠠᠲᠤᠨ
ᠨᠡᠶᠢᠲᠡᠯᠡᠭᠰᠡᠨ ᠴᠠᠭ᠄
2018/12/3
ᠮᠠᠨᠳᠤᠬᠠᠢ ᠰᠡᠴᠡᠨ ᠬᠠᠲᠤᠨ ᠨᠢ ᠮᠣᠩᠭᠤᠯ ᠲᠦᠮᠡᠨ ᠤ ᠬᠠᠮᠤᠭ ᠤᠨ ᠬᠦᠨᠳᠦᠲᠡᠢ ᠬᠠᠲᠤᠨ ᠶᠤᠮ᠃ 14 ᠠᠴᠠ 15 ᠳ᠋ᠤᠭᠠᠷ ᠵᠠᠭᠤᠨ ᠤ ᠶᠡᠭᠡ ᠮᠣᠩᠭᠤᠯ ᠤᠯᠤᠰ ᠤᠨ ᠵᠠᠳᠠᠷᠠᠯ ᠡᠷᠴᠢ ᠠᠪᠴᠤ᠂ ᠠᠯᠳᠠᠨ ᠤᠷᠤᠭ ᠤᠨ ᠨᠣᠶᠠᠷᠬᠠᠯ ᠮᠥᠬᠦᠨ ᠂ ᠲᠥᠷᠥ ᠤᠭᠰᠠᠭ᠎ᠠ ᠵᠠᠯᠭᠠᠮᠵᠢᠯᠠᠬᠤ ᠠᠯᠳᠠᠨ ᠤᠷᠤᠭ ᠤᠨ ᠬᠥᠮᠥᠨ ᠦᠭᠡᠢ᠂ ᠬᠠᠭᠠᠨ ᠰᠠᠭᠤᠳᠠᠯ ᠬᠤᠭᠤᠰᠤᠷᠠᠭᠰᠠᠨ ᠴᠥᠪ ᠤᠨ ᠴᠠᠭ ᠲᠤ᠂ ᠨᠢᠭᠡᠨ ᠮᠣᠩᠭᠤᠯ ᠪᠦᠰᠡᠭᠦᠢ ᠲᠠᠰᠤᠷᠠᠵᠤ ᠪᠠᠶᠢᠭᠰᠠᠨ ᠠᠯᠲᠠᠨ ᠤᠷᠤᠭ ᠤᠨ ᠠᠮᠢ ᠶᠢ ᠬᠠᠯᠠᠭᠤᠨ ᠡᠯᠢᠭᠡ ᠪᠠᠷ ᠢᠶᠠᠨ ᠲᠡᠪᠡᠷᠢᠨ᠂ ᠬᠠᠲᠠᠨ ᠵᠣᠷᠢᠭ᠂ ᠰᠡᠴᠡᠨ ᠤᠬᠠᠭᠠᠨ ᠤ ᠪᠠᠨ ᠬᠦᠴᠦ ᠪᠠᠷ ᠮᠣᠩᠭᠤᠯ ᠲᠥᠷᠥ ᠶᠢ ᠳᠠᠬᠢᠨ ᠰᠡᠷᠭᠦᠭᠡᠵᠦ ᠴᠢᠳᠠᠵᠠᠢ᠃ ᠮᠠᠨᠳᠤᠬᠠᠢ ᠰᠡᠴᠡᠨ ᠬᠠᠲᠤᠨ ᠠᠯᠳᠠᠨ ᠤᠷᠤᠭ ᠤᠨ ᠰᠡᠭᠦᠯᠴᠢ ᠶᠢᠨ ᠬᠦᠦ ᠪᠠᠲᠤᠮᠥ᠋ᠩᠬᠡ ᠶᠢ ᠣᠯᠵᠤ ᠠᠪᠤᠭᠠᠳ᠂ ᠬᠥᠯ ᠢ ᠳᠥᠷᠥᠭᠡᠨ ᠳᠤ ᠭᠠᠷ ᠢ ᠭᠠᠨᠵᠤᠭᠠᠨ ᠳᠤ ᠬᠦᠷᠭᠡᠨ᠂ ᠵᠠᠳᠠᠷᠠᠨ ᠤᠨᠠᠵᠤ ᠪᠠᠶᠢᠭᠰᠠᠨ ᠶᠡᠭᠡ ᠤᠯᠤᠰ ᠢ ᠪᠤᠴᠠᠭᠠᠨ ᠨᠢᠭᠡᠳᠬᠡᠵᠦ᠂ ᠲᠡᠭᠦᠨ ᠳᠤ ᠬᠦᠯᠢᠶᠡᠯᠭᠡᠨ ᠥᠭᠭᠦᠭᠰᠡᠨ ᠶᠤᠮ᠃ ᠮᠠᠨᠳᠤᠬᠠᠢ ᠰᠡᠴᠡᠨ ᠬᠠᠲᠤᠨ ᠨᠢ ᠲᠦᠮᠡᠳ ᠠᠶᠢᠮᠠᠭ ᠤᠨ ᠡᠩᠬᠦᠳ ᠣᠪᠣᠭ ᠤᠨ ᠴᠣᠷᠣᠰᠪᠠᠢ ᠲᠡᠮᠦᠷ ᠬᠡᠮᠡᠬᠦ ᠬᠥᠮᠥᠨ  ᠤ ᠥᠬᠢᠨ ᠪᠣᠯᠵᠤ᠂ 1448 ᠣᠨ ᠤ ᠰᠢᠷ᠎ᠠ ᠯᠤᠤ ᠵᠢᠯ ᠲᠥᠷᠥᠭᠰᠡᠨ ᠪᠠᠶᠢᠨ᠎ᠠ᠃ ᠮᠠᠨᠳᠤᠬᠠᠢ ᠠᠶᠢᠯ ᠤᠨ ᠭᠠᠭᠴᠠ ᠥᠬᠢᠨ ᠪᠠᠶᠢᠭᠰᠠᠨ ᠲᠤᠯᠠ ᠡᠷᠬᠡ ᠲᠠᠩᠬᠢ ᠥᠰᠴᠡᠢ᠃ ᠠᠪᠤ ᠪᠠᠷ ᠢᠶᠠᠨ ᠮᠣᠩᠭᠤᠯ ᠪᠢᠴᠢᠭ ᠵᠢᠭᠠᠯᠭᠠᠵᠤ᠂ ᠤᠩᠰᠢᠵᠤ ᠪᠢᠴᠢᠵᠦ ᠰᠤᠷᠤᠭᠰᠠᠨ ᠤ ᠳᠡᠭᠡᠷ᠎ᠡ ᠮᠣᠷᠢ ᠤᠨᠤᠵᠤ᠂ ᠨᠤᠮᠤ ᠰᠤᠮᠤ ᠬᠠᠷᠪᠤᠵᠤ ᠴᠢᠳᠠᠳᠠᠭ ᠪᠣᠯᠵᠠᠢ᠃ ᠮᠠᠨᠳᠤᠭᠤᠯ ᠬᠠᠭᠠᠨ ᠤᠳᠤᠮ ᠵᠠᠯᠭᠠᠬᠤ ᠦᠷ᠎ᠡ ᠦᠭᠡᠢ ᠲᠤᠯᠠ 40 ᠨᠠᠰᠤ ᠭᠠᠷᠤᠭᠰᠠᠨ ᠬᠤᠶᠢᠨ᠎ᠠ 17 ᠨᠠᠰᠤᠲᠠᠢ ᠮᠠᠨᠳᠤᠬᠠᠢ ᠶᠢ 1465 ᠣᠨ ᠳᠤ ᠪᠠᠭ᠎ᠠ ᠬᠠᠲᠤᠨ ᠢᠶᠠᠨ ᠪᠣᠯᠭᠠᠨ ᠠᠪᠤᠭᠰᠠᠨ ᠠᠵᠠᠢ᠃ ᠮᠠᠨᠳᠤᠬᠠᠢ ᠳᠤᠷ᠎ᠠ ᠦᠭᠡᠢ ᠪᠠᠶᠢᠭᠰᠠᠨ ᠪᠣᠯᠪᠠᠴᠤ ᠶᠣᠰᠣ ᠶᠢ ᠲᠠᠭᠠᠨ ᠬᠠᠲᠤᠨ ᠨᠢ ᠪᠣᠯᠵᠠᠢ᠃ ᠮᠠᠨᠳᠤᠬᠠᠢ ᠭᠤᠸ᠎ᠠ ᠦᠵᠡᠰᠬᠦᠯᠡᠩ ᠲᠡᠭᠦᠰ᠂ ᠲᠥᠷᠥᠯᠬᠢ ᠰᠡᠴᠡᠨ ᠰᠡᠷᠭᠦᠯᠡᠩ ᠪᠠᠶᠢᠭᠰᠠᠨ ᠲᠤᠯᠠ ᠮᠠᠨᠳᠤᠬᠠᠢ ᠰᠡᠴᠡᠨ ᠬᠠᠲᠤᠨ ᠭᠡᠵᠦ ᠬᠥᠮᠥᠰ ᠲᠡᠭᠦᠨ ᠢ ᠬᠦᠨᠳᠦᠳᠬᠡᠨ ᠳᠠᠭᠤᠳᠠᠳᠠᠭ ᠪᠠᠶᠢᠵᠠᠢ᠃ 1467 ᠣᠨ ᠳᠤ ᠮᠠᠨᠳᠤᠭᠤᠯ ᠬᠠᠭᠠᠨ ᠨᠠᠰᠤ ᠪᠠᠷᠠᠵᠤ᠂ ᠮᠠᠨᠳᠤᠬᠠᠢ ᠰᠡᠴᠡᠨ ᠬᠠᠲᠤᠨ ᠪᠡᠯᠪᠡᠰᠦᠷᠡᠨ ᠬᠤᠴᠣᠷᠴᠠᠢ᠃ ᠬᠠᠭᠠᠨ ᠤ ᠰᠠᠭᠤᠷᠢ ᠶᠢ ᠬᠤᠭᠤᠰᠤᠨ ᠤᠳᠠᠭᠠᠨ ᠪᠠᠶᠢᠯᠭᠠᠪᠠᠯ᠂ ᠹᠧᠣᠳᠠᠯ ᠬᠦᠴᠦᠨ ᠨᠦᠭᠦᠳ ᠤᠨ ᠬᠤᠭᠤᠷᠣᠨᠳᠤᠬᠢ ᠳᠠᠶᠢᠨ ᠰᠠᠮᠠᠭᠤᠨ ᠤᠯᠠᠮ ᠰᠢᠷᠦᠭᠦᠰᠴᠦ᠂ ᠵᠥᠷᠢᠴᠡᠯ ᠲᠡᠮᠡᠴᠡᠯ ᠨᠢ ᠬᠤᠷᠴᠠᠳᠴᠤ᠂ ᠮᠣᠩᠭᠤᠯ ᠤᠨ ᠬᠠᠭᠠᠨᠲᠤ ᠲᠥᠷᠥ ᠬᠢᠮᠤᠷᠠᠬᠤ ᠪᠣᠯᠣᠨ᠎ᠠ ᠭᠡᠳᠡᠭ ᠢ ᠮᠠᠨᠳᠤᠬᠠᠢ ᠰᠠᠶᠢᠨ ᠣᠶᠢᠯᠠᠭᠠᠵᠤ ᠪᠠᠶᠢᠪᠠ᠃ ᠲᠡᠶᠢᠮᠦ ᠠᠴᠠ ᠡᠷᠲᠡᠨ ᠤ ᠤᠯᠠᠮᠵᠢᠯᠠᠯ ᠢ ᠪᠠᠷᠢᠮᠲᠠᠯᠠᠨ᠂ ᠰᠢᠨ᠎ᠡ ᠬᠠᠭᠠᠨ ᠢ ᠲᠣᠳᠣᠷᠠᠭᠤᠯᠵᠤ᠂ ᠬᠠᠭᠠᠨ ᠰᠠᠭᠤᠷᠢᠨ ᠳᠤ ᠵᠠᠯᠭᠠᠬᠤ ᠬᠦᠷᠲᠡᠯ᠎ᠡ ᠬᠠᠭᠠᠨ ᠤ ᠬᠠᠲᠤᠨ ᠲᠥᠷᠥ ᠪᠠᠷᠢᠬᠤ ᠶᠣᠰᠣ ᠶᠢ ᠪᠠᠷᠢᠮᠲᠠᠯᠠᠨ ᠮᠠᠨᠳᠤᠬᠠᠢ 19 ᠨᠠᠰᠤᠨ ᠠᠴᠠ ᠪᠠᠨ ᠡᠬᠢᠯᠡᠨ ᠭᠤᠷᠪᠠᠨ ᠵᠢᠯ ᠤᠨ ᠲᠤᠷᠰᠢ ᠶᠡᠭᠡ ᠮᠣᠩᠭᠤᠯ ᠤᠨ ᠬᠠᠭᠠᠨᠲᠤ ᠤᠯᠤᠰ ᠤᠨ ᠲᠥᠷᠥ ᠶᠢ ᠪᠠᠷᠢᠵᠤ ᠪᠠᠶᠢᠪᠠ᠃ ᠡᠨᠡ ᠬᠤᠭᠤᠷᠣᠨᠳᠤ ᠮᠠᠨᠳᠤᠬᠠᠢ ᠰᠡᠴᠡᠨ ᠬᠠᠲᠤᠨ ᠪᠠᠭ᠎ᠠ ᠨᠠᠰᠤᠨ ᠠᠴᠠ  ᠪᠠᠨ ᠡᠴᠢᠭᠡ ᠡᠬᠡ ᠠᠴᠠ ᠪᠠᠨ ᠥᠨᠥᠴᠢᠷᠡᠨ ᠬᠤᠴᠣᠷᠤᠭᠰᠠᠨ ᠪᠠᠲᠤᠮᠥ᠋ᠩᠬᠡ ᠶᠢ ᠣᠯᠵᠤ ᠠᠪᠴᠤ᠂ ᠥᠪᠡᠷ ᠤᠨ ᠪᠡᠶ᠎ᠡ  ᠪᠠᠷ ᠥᠰᠬᠡᠨ ᠬᠥᠮᠥᠵᠢᠭᠦᠯᠵᠦ᠂ ᠭᠠᠷ ᠢ ᠨᠢ ᠭᠠᠨᠵᠤᠭᠠᠨ ᠳᠤ᠂ ᠬᠥᠯ ᠢ ᠨᠢ ᠳᠥᠷᠥᠭᠡᠨ ᠳᠤ ᠬᠦᠷᠭᠡᠵᠦ᠂ ᠬᠠᠭᠠᠨ ᠰᠢᠷᠡᠭᠡᠨ ᠳᠤ ᠰᠠᠭᠤᠯᠭᠠᠭᠰᠠᠨ ᠠᠵᠠᠢ᠃ ᠲᠡᠷᠡ ᠪᠠᠷ ᠲᠥᠷᠥ ᠪᠠᠷᠢᠬᠤ ᠬᠥᠮᠥᠨ ᠨᠢ ᠴᠢᠩᠭᠢᠰ ᠬᠠᠭᠠᠨ ᠤ ᠠᠯᠲᠠᠨ ᠤᠷᠤᠭ ᠤᠨ ᠭᠤᠣᠯ ᠤᠳᠤᠮ᠂ ᠬᠠᠭᠠᠨ ᠰᠠᠭᠤᠷᠢ ᠶᠢ ᠵᠠᠯᠭᠠᠮᠵᠢᠯᠠᠬᠤ ᠡᠷᠬᠡ ᠲᠠᠢ ᠬᠥᠮᠥᠨ᠂ ᠮᠠᠨᠳᠤᠭᠤᠯ ᠬᠠᠭᠠᠨ ᠤ ᠠᠴᠢ᠂ ᠪᠠᠶᠠᠨᠮᠥ᠋ᠩᠬᠡ ᠵᠢᠨᠦᠩ ᠤᠨ ᠥᠨᠥᠴᠢᠨ ᠬᠤᠴᠣᠷᠤᠭᠰᠠᠨ ᠭᠠᠭᠴᠠ ᠨᠤᠭᠤᠨ ᠦᠷ᠎ᠡ ᠪᠠᠲᠤᠮᠥ᠋ᠩᠬᠡ ᠪᠣᠯᠬᠤ ᠶᠣᠰᠣᠲᠠᠢ ᠭᠡᠵᠦ ᠦᠵᠡᠵᠦ ᠪᠠᠶᠢᠭᠰᠠᠨ ᠶᠤᠮ᠃ ᠭᠡᠪᠡᠴᠦ ᠡᠨᠡ ᠬᠦᠦ ᠨᠠᠰᠤᠨ ᠪᠠᠭ᠎ᠠ ᠪᠠᠶᠢᠯ᠎ᠠ᠃ ᠪᠠᠲᠤᠮᠥ᠋ᠩᠬᠡ ᠨᠢ ᠪᠠᠶᠠᠨᠮᠥ᠋ᠩᠬᠡ ᠵᠢᠨᠦᠩ ᠪᠠ ᠰᠢᠬᠢᠷ ᠲᠠᠶᠢᠬᠡᠦ ᠠᠴᠠ ᠲᠥᠷᠥᠭᠰᠡᠨ ᠬᠥᠪᠡᠭᠦᠨ ᠶᠤᠮ᠃ ᠣᠶᠢᠷᠠᠳ ᠮᠣᠩᠭᠤᠯ ᠤᠨ ᠢᠰᠮᠠᠨ ᠲᠠᠶᠢᠱᠢ ᠵᠡᠭᠦᠨ ᠮᠣᠩᠭᠤᠯ ᠢ ᠳᠣᠪᠲᠣᠯᠬᠤ ᠦᠶ᠎ᠡ ᠳᠤ ᠪᠠᠶᠠᠨᠮᠥ᠋ᠩᠬᠡ ᠵᠢᠨᠦᠩ ᠵᠢᠭᠤᠲᠠᠵᠤ᠂ ᠢᠰᠮᠠᠨ ᠲᠠᠶᠢᠱᠢ ᠰᠢᠬᠢᠷ ᠲᠠᠶᠢᠬᠡᠦ ᠶᠢ ᠥᠪᠡᠷ ᠢᠶᠠᠨ ᠠᠪᠴᠤ᠂ ᠬᠥᠪᠡᠭᠦᠨ ᠪᠠᠲᠤᠮᠥ᠋ᠩᠬᠡ ᠶᠢ ᠨᠢ ᠪᠠᠯᠭᠠᠴᠢᠨ ᠤ ᠪᠠᠭᠠᠢ ᠭᠡᠳᠡᠭ ᠬᠥᠮᠥᠨ ᠳᠤ ᠥᠭᠴᠦ ᠥᠰᠬᠡᠬᠦᠯᠵᠡᠢ᠃ ᠪᠠᠶᠠᠨᠮᠥ᠋ᠩᠬᠡ ᠵᠢᠨᠦᠩ ᠳᠠᠶᠢᠨ ᠤ ᠬᠥᠯ ᠠᠴᠠ ᠳᠤᠲᠠᠭᠠᠵᠤ ᠶᠠᠪᠤᠬᠤ ᠳᠠᠭᠠᠨ ᠠᠯᠠᠭᠳᠠᠵᠤ᠂ ᠪᠠᠲᠤᠮᠥ᠋ᠩᠬᠡ ᠡᠴᠢᠭᠡ ᠡᠬᠡ ᠦᠭᠡᠢ ᠥᠨᠥᠴᠢᠨ ᠥᠷᠥᠭᠡᠰᠦᠨ ᠪᠣᠯᠵᠠᠢ᠃ ᠪᠠᠭᠠᠢ ᠥᠨᠥᠴᠢᠨ ᠬᠦᠦ ᠶᠢ ᠦᠷᠡᠴᠢᠯᠡᠵᠦ ᠠᠪᠤᠭᠰᠠᠨ ᠪᠣᠯᠪᠠᠴᠤ᠂ ᠬᠤᠭᠤᠯᠠ ᠤᠮᠳᠠ ᠮᠠᠭᠤᠲᠠᠢ ᠪᠠᠶᠢᠯᠭᠠᠭᠰᠠᠨ ᠠᠴᠠ ᠪᠡᠲᠡᠭᠢ ᠡᠪᠡᠳᠴᠢᠨ ᠳᠤ ᠪᠠᠷᠢᠭᠳᠠᠵᠤ ᠡᠳᠡᠭᠡᠷᠡᠬᠦ ᠦᠭᠡᠢ ᠤᠳᠠᠭᠰᠠᠨ ᠢ ᠲᠠᠩᠭᠤᠳ ᠤᠨ ᠲᠡᠮᠦᠷ ᠬᠠᠳᠠᠭ ᠭᠡᠳᠡᠭ ᠬᠥᠮᠥᠨ ᠣᠯᠵᠤ ᠮᠡᠳᠡᠨ᠂ ᠭᠤᠶᠤᠵᠤ ᠦᠵᠡᠭᠡᠳ ᠪᠦᠲᠦᠭᠡ ᠦᠭᠡᠢ ᠲᠤᠯᠠ ᠪᠠᠭᠠᠢ ᠠᠴᠠ ᠪᠤᠯᠢᠶᠠᠨ ᠠᠪᠴᠤ᠂ ᠥᠪᠡᠷ  ᠤᠨ ᠡᠬᠡᠨᠡᠷ ᠰᠠᠶᠢᠬᠠᠢ ᠪᠠᠷ ᠠᠰᠠᠷᠠᠭᠤᠯᠵᠠᠢ᠃ ᠡᠭᠦᠨ ᠤ ᠳᠠᠷᠠᠭ᠎ᠠ ᠲᠡᠮᠦᠷ ᠬᠠᠳᠠᠭ᠂ ᠪᠠᠲᠤᠮᠥ᠋ᠩᠬᠡ ᠶᠢ ᠮᠠᠨᠳᠤᠬᠠᠢ ᠰᠡᠴᠡᠨ ᠬᠠᠲᠤᠨ ᠳᠤ ᠠᠪᠴᠢᠷᠠᠵᠤ ᠥᠭᠴᠡᠢ᠃ ᠮᠠᠨᠳᠤᠬᠠᠢ ᠰᠡᠴᠡᠨ ᠬᠠᠲᠤᠨ ᠠᠯᠲᠠᠨ ᠤᠷᠤᠭ ᠤᠨ ᠭᠠᠭᠴᠠ ᠬᠦᠦ ᠪᠠᠲᠤᠮᠥ᠋ᠩᠬᠡ ᠶᠢ ᠠᠰᠠᠷᠠᠨ ᠬᠥᠮᠥᠵᠢᠭᠦᠯᠵᠦ᠂ ᠠᠭᠤᠤ ᠰᠠᠭᠤᠳᠠᠯ ᠳᠤ ᠰᠠᠭᠤᠯᠭᠠᠬᠤ ᠪᠣᠳᠣᠯ ᠲᠠᠢ ᠪᠠᠶᠢᠬᠤ ᠦᠶ᠎ᠡ ᠳᠤ᠂ ᠬᠤᠷᠴᠢᠨ ᠠᠶᠢᠮᠠᠭ ᠤᠨ ᠬᠠᠪᠤᠲᠤ ᠬᠠᠰᠠᠷ ᠤᠨ ᠬᠤᠶᠢᠴᠢᠰ ᠦᠨᠡᠨᠪᠣᠯᠣᠳ ᠸᠠᠩ ᠡᠯᠴᠢ ᠢᠯᠡᠭᠡᠵᠦ᠂ ︽ᠭᠠᠯ ᠢ ᠴᠢᠨᠢ ᠴᠢᠬᠢᠵᠦ᠂ ᠨᠤᠲᠤᠭ ᠢ ᠴᠢᠨᠢ ᠵᠢᠭᠠᠵᠤ ᠥᠭᠰᠥ︾ ᠭᠡᠵᠦ ᠬᠡᠯᠡᠭᠦᠯᠪᠡ᠃ ᠭᠡᠪᠡᠴᠦ ᠮᠠᠨᠳᠤᠬᠠᠢ ᠰᠡᠴᠡᠨ ᠬᠠᠲᠤᠨ᠄ ︽ᠬᠠᠭᠠᠨ ᠤ ᠥᠪ ᠢ ᠬᠠᠰᠠᠷ ᠤᠨ ᠦᠷ᠎ᠡ ᠴᠢ ᠢᠳᠡᠨ᠎ᠡ ᠦᠦ︖ ᠬᠠᠰᠠᠷ ᠤᠨ ᠦᠷ᠎ᠡ ᠴᠢᠨᠦ ᠥᠪ ᠢ ᠪᠢᠳᠠ ᠢᠳᠡᠨ᠎ᠡ ᠦᠦ︖ ᠡᠷᠭᠦᠵᠦ ᠦᠯᠦ ᠪᠣᠯᠬᠤ ᠡᠭᠦᠳᠡ ᠲᠠᠢ ᠪᠢᠯᠡ᠃ ᠠᠯᠬᠤᠵᠤ ᠦᠯᠦ ᠭᠠᠷᠬᠤ ᠪᠣᠱᠤᠭ ᠲᠠᠢ ᠪᠢᠯᠡ᠃ ᠬᠠᠭᠠᠨ ᠤ ᠮᠢᠨᠢ ᠦᠷ᠎ᠡ ᠪᠠᠶᠢᠲᠠᠯ᠎ᠠ᠂ ᠬᠠᠰᠠᠷ ᠤᠨ ᠦᠷ᠎ᠡ ᠴᠢᠮ᠎ᠠ ᠲᠠᠢ ᠶᠠᠭᠤ ᠭᠡᠵᠦ ᠭᠡᠷᠯᠡᠬᠦ ᠶᠤᠮ ᠪᠣᠢ︖︾ ᠭᠡᠵᠦ ᠬᠠᠷᠢᠭᠤ ᠪᠠᠷᠢᠪᠠ᠃ 1470 ᠣᠨ ᠳᠤ ᠪᠠᠲᠤᠮᠥ᠋ᠩᠬᠡ ᠶᠢ ᠪᠦᠬᠦ ᠮᠣᠩᠭᠤᠯ ᠤᠨ ᠬᠠᠭᠠᠨ ᠰᠢᠷᠡᠭᠡᠨ ᠳᠤ ᠡᠷᠭᠦᠮᠵᠢᠯᠡᠨ ᠳᠠᠶᠠᠭᠠᠷ ᠤᠯᠤᠰ  ᠢᠶᠠᠨ ᠵᠢᠷᠭᠠᠭᠠᠵᠤ ᠶᠠᠪᠤ ᠬᠡᠮᠡᠨ ᠳᠠᠶᠠᠨ ᠬᠠᠭᠠᠨ ᠴᠣᠯᠠ ᠡᠷᠭᠦᠮᠵᠢᠯᠡᠪᠡ᠃ 22 ᠨᠠᠰᠤᠲᠠᠢ ᠪᠠᠶᠢᠭᠰᠠᠨ ᠮᠠᠨᠳᠤᠬᠠᠢ 7 ᠨᠠᠰᠤᠲᠠᠢ ᠪᠠᠲᠤᠮᠥ᠋ᠩᠬᠡ ᠶᠢ ᠳᠠᠭᠠᠭᠤᠯᠤᠨ᠂ ᠭᠤᠷᠪᠠᠨ ᠳᠠᠪᠬᠤᠷ ᠭᠤᠲᠤᠯ ᠡᠮᠦᠰᠬᠡᠨ᠂ ᠣᠷᠳᠣᠰ ᠲᠠᠬᠢ ᠡᠵᠡᠨ ᠴᠢᠩᠭᠢᠰ ᠤᠨ ᠨᠠᠢᠮᠠᠨ ᠴᠠᠭᠠᠨ ᠭᠡᠷ ᠡᠮᠦᠨ᠎ᠡ ᠣᠴᠢᠭᠠᠳ᠂ ᠰᠤᠤᠲᠤ ᠬᠠᠭᠠᠨ᠂ ᠬᠠᠲᠤᠨ ᠤ ᠰᠦᠯᠳᠡ ᠳᠤ ᠰᠠᠴᠤᠯᠢ ᠡᠷᠭᠦᠨ ᠥᠴᠢᠭ ᠲᠠᠩᠭᠠᠷᠢᠭ ᠡᠷᠭᠦᠵᠡᠢ᠃ ᠪᠠᠲᠤᠮᠥ᠋ᠩᠬᠡ ᠳᠠᠶᠠᠨ ᠬᠠᠭᠠᠨ ᠲᠥᠷᠥ ᠪᠠᠷᠢᠬᠤ ᠴᠢᠳᠠᠪᠤᠷᠢ ᠲᠠᠢ ᠪᠣᠯᠤᠭ᠎ᠠ ᠦᠭᠡᠢ ᠪᠠᠯᠴᠢᠷ ᠪᠠᠶᠢᠭᠰᠠᠨ ᠲᠤᠯᠠ ᠮᠠᠨᠳᠤᠬᠠᠢ ᠰᠡᠴᠡᠨ ᠬᠠᠲᠤᠨ ᠲᠡᠭᠦᠨ ᠤ ᠬᠠᠲᠤᠨ ᠨᠢ ᠪᠣᠯᠵᠤ᠂ ︽ᠡᠷᠬᠡᠲᠦ ᠪᠣᠷᠵᠢᠭᠢᠨ ᠤ ᠤᠨᠲᠠᠷᠠᠵᠤ ᠪᠠᠶᠢᠭᠰᠠᠨ ᠭᠠᠯ ᠢ ᠠᠰᠠᠭᠠᠭᠰᠠᠨ︾ ᠪᠠᠶᠢᠨ᠎ᠠ᠃ 1471 ᠣᠨ ᠤ ᠴᠠᠭᠠᠭᠴᠢᠨ ᠲᠠᠤᠯᠠᠢ ᠵᠢᠯ ᠮᠠᠨᠳᠤᠬᠠᠢ ᠰᠡᠴᠡᠨ ᠬᠠᠲᠤᠨ ᠪᠠᠲᠤᠮᠥ᠋ᠩᠬᠡ ᠶᠢ ᠦᠬᠡᠷ ᠲᠡᠷᠭᠡᠨ ᠳᠤ ᠰᠠᠭᠤᠯᠭᠠᠨ᠂ ᠴᠡᠷᠢᠭᠯᠡᠨ ᠮᠣᠷᠳᠠᠵᠤ᠂ ᠰᠠᠮᠠᠭᠤᠨ ᠦᠢᠮᠡᠭᠡᠨ ᠲᠠᠷᠢᠵᠤ ᠠᠮᠤᠷ ᠵᠠᠶᠠᠭ᠎ᠠ ᠦᠵᠡᠭᠦᠯᠬᠦ ᠦᠭᠡᠢ ᠪᠠᠶᠢᠭᠰᠠᠨ ᠳᠥᠷᠪᠡᠨ ᠣᠶᠢᠷᠠᠳ ᠢ ᠲᠠᠰ ᠪᠦᠷᠢᠳᠦ ᠬᠡᠮᠡᠬᠦ ᠭᠠᠵᠠᠷ ᠲᠣᠰᠴᠤ ᠪᠠᠶᠢᠯᠳᠤᠪᠠ᠃ 1473 ᠣᠨ ᠤ ᠬᠠᠷᠠᠭᠴᠢᠨ ᠮᠣᠭᠠᠢ ᠵᠢᠯ᠂ ᠮᠠᠨᠳᠤᠬᠠᠢ ᠰᠡᠴᠡᠨ ᠬᠠᠲᠤᠨ ᠲᠥᠷᠥ ᠶᠢᠨ ᠬᠡᠷᠡᠭ ᠢ 10 ᠨᠠᠰᠤᠲᠠᠢ ᠪᠠᠲᠤᠮᠥ᠋ᠩᠬᠡ ᠳᠤ ᠰᠢᠯᠵᠢᠭᠦᠯᠦᠨ ᠥᠭᠭᠦᠭᠰᠡᠨ ᠢᠶᠠᠨ ᠵᠠᠷᠯᠠᠭᠰᠠᠨ ᠪᠠᠶᠢᠨ᠎ᠠ᠃ 1490 ᠣᠨ ᠤ ᠴᠠᠭᠠᠨ ᠨᠣᠬᠠᠢ ᠵᠢᠯ ᠳᠥᠷᠪᠡᠨ ᠣᠶᠢᠷᠠᠳ ᠤᠨ ᠲᠥᠷᠥ ᠶᠢ ᠰᠠᠮᠠᠭᠤᠷᠠᠭᠤᠯᠬᠤ ᠦᠢᠯᠡ ᠶᠠᠪᠤᠳᠠᠯ ᠬᠤᠷᠴᠠᠳᠠᠭᠰᠠᠨ ᠲᠤᠯᠠ᠂ ᠮᠠᠨᠳᠤᠬᠠᠢ ᠰᠡᠴᠡᠨ ᠬᠠᠲᠤᠨ ᠬᠥᠯ ᠬᠦᠨᠳᠦ ᠪᠠᠶᠢᠭᠰᠠᠨ ᠪᠣᠯᠪᠠᠴᠤ ᠳᠥᠷᠪᠡᠨ ᠣᠶᠢᠷᠠᠳ ᠢ ᠳᠠᠬᠢᠨ ᠳᠠᠶᠢᠯᠠᠵᠤ ᠨᠢᠭᠡᠮᠦᠰᠦᠨ ᠳᠠᠷᠤᠵᠤ ᠠᠪᠤᠪᠠ᠃ ᠲᠡᠷᠡ ᠬᠦ ᠳᠠᠶᠢᠨ ᠤ ᠲᠠᠯᠠᠪᠤᠷ ᠲᠤ ᠮᠠᠨᠳᠤᠬᠠᠢ ᠬᠠᠲᠤᠨ ᠠᠴᠠ ᠠᠯᠴᠤᠪᠤᠯᠤᠳ᠂ ᠸᠠᠴᠢᠷᠪᠣᠯᠣᠳ ᠬᠤᠶᠠᠷ ᠵᠦᠢᠷᠠᠢ ᠬᠦᠦ ᠲᠥᠷᠥᠵᠡᠢ᠃ ᠮᠠᠨᠳᠤᠬᠠᠢ ᠰᠡᠴᠡᠨ ᠬᠠᠲᠤᠨ ᠮᠣᠩᠭᠤᠯ ᠤᠯᠤᠰ ᠤᠨ ᠲᠡᠦᠬᠡᠨ ᠳᠤ ᠡᠭᠦᠷᠢᠳᠡ ᠳᠤᠷᠠᠰᠤᠭᠳᠠᠬᠤ ᠭᠠᠪᠢᠶ᠎ᠠ ᠲᠠᠢ ᠪᠥᠭᠡᠳ ᠲᠡᠭᠦᠨ ᠤ ᠳᠡᠮ ᠢᠶᠠᠷ ᠪᠠᠲᠤᠮᠥ᠋ᠩᠬᠡ ᠳᠠᠶᠠᠨ ᠬᠠᠭᠠᠨ ᠪᠦᠬᠦ ᠤᠯᠤᠰ ᠢᠶᠠᠨ 40 ᠵᠢᠯ ᠨᠢᠭᠡᠳᠬᠡᠨ ᠵᠠᠬᠢᠷᠴᠤ᠂ ︽ᠵᠢᠷᠭᠤᠭᠠᠨ ᠲᠦᠮᠡᠨ ᠢ ᠡᠮᠬᠢᠯᠡᠨ ᠴᠤᠭᠯᠠᠭᠤᠯᠵᠤ᠂ ᠡᠩᠬᠡᠵᠢᠨ ᠵᠢᠷᠭᠠᠭᠤᠯᠤᠭᠰᠠᠨ︾ ᠪᠢᠯᠡ᠃ ᠲᠡᠷᠡ ᠪᠠᠷ ᠮᠣᠩᠭᠤᠯ  ᠤᠨ ᠠᠯᠳᠠᠷᠲᠤ ᠤᠳᠤᠷᠢᠳᠤᠭᠴᠢ ᠪᠠᠶᠢᠭᠰᠠᠨ᠃ ᠳᠠᠶᠢᠨ ᠤ ᠲᠠᠯᠠᠪᠤᠷ ᠲᠤ ᠪᠠᠭᠠᠲᠤᠷ ᠢ ᠣᠷᠣᠯᠠᠨ ᠶᠡᠭᠡ ᠵᠠᠩᠵᠤᠨ᠂ ᠡᠩᠬᠡ ᠶᠢᠨ ᠴᠠᠭ ᠲᠤ ᠬᠠᠭᠠᠨ ᠢ ᠣᠷᠣᠯᠠᠨ ᠲᠥᠷᠥ ᠶᠢ ᠪᠠᠷᠢᠭᠴᠢ᠂ ᠭᠡᠷ ᠲᠡᠭᠡᠨ 8 ᠬᠡᠦᠬᠡᠳ ᠤᠨ ᠡᠯᠪᠡᠷᠢᠯᠲᠦ ᠡᠬᠡ ᠪᠠᠶᠢᠵᠤ᠂ 19 ᠨᠠᠰᠤᠨ ᠠᠴᠠ ᠪᠠᠨ ᠡᠬᠢᠯᠡᠨ 40 ᠨᠠᠰᠦ ᠬᠦᠷᠲᠡᠯ᠎ᠡ ᠶᠡᠭᠡ ᠮᠣᠩᠭᠤᠯ ᠤᠨ ᠲᠥᠷᠥ ᠶᠢ ᠲᠥᠪᠯᠡᠷᠡᠭᠦᠯᠦᠨ ᠪᠠᠷᠢᠭᠰᠠᠨ ᠭᠠᠶᠢᠬᠠᠮᠰᠢᠭᠲᠤ ᠡᠮᠡᠭᠲᠡᠢ ᠪᠠᠶᠢᠪᠠ᠃ ᠮᠠᠨᠳᠤᠬᠠᠢ ᠰᠡᠴᠡᠨ ᠬᠠᠲᠤᠨ ᠢ 1526 ᠣᠨ ᠤ ᠤᠯᠠᠭᠠᠨ ᠨᠣᠬᠠᠢ ᠵᠢᠯ 78 ᠨᠠᠰᠤᠨ ᠳᠠᠭᠠᠨ ᠲᠠᠭᠠᠯᠠᠯ ᠲᠡᠭᠦᠰᠦᠭᠰᠡᠨ ᠭᠡᠵᠦ ᠦᠵᠡᠳᠡᠭ᠃                   ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号