ᠮᠤᠩᠭᠤᠯᠴᠤᠳ ᠤᠨ ᠶᠠᠰᠤ ᠶᠢ ᠡᠷᠬᠢᠮᠯᠡᠨ ᠳᠡᠭᠡᠳᠦᠯᠡᠳᠡᠭ ᠤᠨ ᠤᠴᠢᠷ
ᠨᠡᠶᠢᠲᠡᠯᠡᠭᠰᠡᠨ ᠴᠠᠭ᠄
2018-12-03
ᠮᠤᠩᠭᠤᠯᠴᠤᠳ ᠠᠯᠢ ᠡᠷᠳᠡᠨ ᠠᠴᠠ ᠠᠪᠤᠭᠠᠳ ᠶᠠᠰᠤ ᠶᠢ ᠮᠠᠰᠢᠳᠠ ᠡᠷᠬᠢᠮᠯᠡᠨ ᠳᠡᠭᠡᠳᠦᠯᠡᠳᠡᠭ᠃ ᠮᠤᠩᠭᠤᠯᠴᠤᠳ ᠤᠨ ᠶᠠᠰᠤ ᠶᠢ ᠡᠷᠬᠢᠮᠯᠡᠨ ᠳᠡᠭᠡᠳᠦᠯᠡᠬᠦ ᠵᠠᠩ ᠦᠢᠯᠠ ᠨᠢ ᠡᠷᠳᠡᠨ ᠠᠴᠠ ᠤᠯᠠᠮᠵᠢᠯᠠᠯ ᠲᠠᠢ ᠮᠦᠷᠳᠡᠭᠡᠨ ᠦᠪᠠᠷᠮᠢᠴᠠ ᠤᠶᠢᠯᠭᠠᠯᠳᠠ ᠲᠠᠢ᠂ ᠦᠷᠦᠭᠡᠯ ᠪᠤᠰᠤᠳ ᠠᠴᠠ ᠢᠯᠭᠠᠭᠳᠠᠬᠤ ᠤᠨᠴᠠᠯᠢᠭ ᠲᠠᠢ ᠪᠠᠶᠢᠳᠠᠭ᠃ ᠮᠤᠩᠭᠤᠯᠴᠤᠳ ︽ᠮᠠᠯ ᠤᠨ ᠪᠠᠶ᠎ᠠ ᠠᠴᠠ ᠭᠡᠭᠡᠭᠳᠡᠭᠦ ᠶᠠᠭᠤᠮ᠎ᠠ ᠭᠡᠵᠦ ᠶᠠᠷᠦ ᠪᠠᠶᠢᠳᠠᠭ ᠦᠭᠡᠢ︾᠂ ︽ᠮᠠᠯ ᠤᠨ ᠪᠦᠬᠦ ᠪᠠᠶ᠎ᠠ ᠨᠢ ᠴᠦᠮ ᠡᠷᠳᠡᠨᠢ ᠶᠤᠮ᠃ ᠮᠠᠯ ᠤᠨ ᠮᠢᠬ᠎ᠠ ᠶᠢ ᠢᠳᠠᠵᠦ ᠠᠷᠠᠰᠦ ᠨᠤᠤᠰᠤ ᠶᠢ ᠨᠢ ᠡᠳ᠋ᠯᠡᠵᠦ ᠵᠠᠷᠤᠵᠦ ᠭᠡᠷᠡᠭᠯᠡᠵᠦ ᠪᠤᠯᠬᠤ ᠪᠠᠷ ᠪᠠᠷᠠᠬᠤ ᠦᠭᠡᠢ᠂ ᠶᠠᠰᠤ ᠶᠢ ᠨᠢ ᠴᠤ ᠪᠠᠰᠠ ᠠᠰᠢᠭᠯᠠᠵᠦ ᠭᠡᠷᠡᠭᠯᠡᠵᠦ ᠡᠳ᠋ᠯᠡᠵᠦ ᠵᠠᠷᠤᠵᠦ ᠪᠤᠯᠳᠠᠭ︾ ᠭᠡᠵᠦ ᠶᠠᠷᠢᠳᠠᠭ᠃ ᠳᠡᠭᠡᠭᠦᠯᠡᠷ ᠮᠤᠩᠭᠤᠯᠴᠤᠳ ᠮᠠᠯ ᠢᠶᠠᠨ ᠳᠦᠬᠦᠬᠡᠷᠴᠤ ᠪᠠᠵᠠᠭᠠᠵᠦ ᠮᠢᠬ᠎ᠠ ᠶᠢ ᠨᠢ ᠢᠳᠡᠴᠢᠭᠡᠭᠡᠳ᠂ ᠶᠠᠰᠤ ᠶᠢ ᠨᠢ ᠶᠠᠷᠦ ᠠᠴᠠ ᠳᠤᠷ᠎ᠠ ᠪᠠᠷ ᠬᠠᠮᠢᠶ᠎ᠠ ᠬᠠᠶᠢᠳᠠᠭ ᠦᠭᠡᠢ ᠬᠠᠶᠠᠵᠦ ᠭᠡᠭᠡᠳᠡᠭ ᠦᠭᠡᠢ ᠪᠦᠭᠡᠳ ᠨᠤᠬᠠᠢ ᠰᠢᠪᠠᠭᠤ ᠴᠤ ᠳᠠᠷᠠ ᠪᠤᠯᠭᠠᠨ ᠦᠭᠳᠡᠭ ᠦᠭᠡᠢ᠃ ᠭᠡᠷᠡᠭᠴᠡᠭᠡ ᠵᠠᠷᠤᠯᠭ᠎ᠠ᠂ ᠦᠢᠯᠠᠳᠦᠯ ᠠᠰᠢᠭᠯᠠᠭ᠎ᠠ ᠶᠢ ᠨᠢ ᠦᠨᠳᠦᠰᠦᠯᠠᠨ ᠭᠡᠰᠡᠭᠯᠡᠵᠦ ᠪᠦᠯᠦᠭᠯᠡᠨ ᠬᠤᠷᠢᠶᠠᠵᠦ ᠬᠠᠳᠠᠭᠠᠯᠠᠳᠠᠭ ᠪᠤᠶᠤ ᠳᠠᠮᠠᠢ ᠭᠡᠷᠡᠭᠴᠡᠭᠡ ᠦᠭᠡᠢ ᠶᠢ ᠨᠢ ᠪᠤᠯᠤᠭᠰᠠᠨ ᠴᠤ ᠤᠨᠴᠠᠯᠢᠭ ᠰᠢᠨᠵᠢ ᠶᠢ ᠨᠢ ᠦᠵᠠᠨ ︽ᠤᠷᠤᠨ︾ ︽ᠪᠠᠶᠢᠷᠢ︾ ᠤᠯᠭᠤᠨ ᠳᠤᠬᠢᠯᠢᠬᠠᠨ ᠰᠢᠢᠳᠪᠤᠷᠢᠯᠡᠳᠡᠭ᠃ ᠭᠡᠭᠡᠷ᠎ᠡ ᠭᠠᠳᠠᠨ᠎ᠠ ᠬᠠᠶᠠᠭᠰᠠᠨ ︵ᠪᠤᠶᠤ ᠬᠠᠶᠠᠭᠳᠠᠭᠰᠠᠨ︶ ᠮᠠᠯ ᠤᠨ ᠶᠠᠰᠦ ᠶᠢ ᠴᠤ ︽ᠭᠡᠷᠡᠭ ᠦᠭᠡᠢ ᠪᠤᠯᠴᠢᠬᠠᠭᠰᠠᠨ ᠶᠠᠭᠤᠮ᠎ᠠ ᠶᠤᠮ︾ ᠭᠡᠮᠡᠨ ᠭᠡ ᠦᠭᠡᠢ ᠳᠤᠷ᠎ᠠ ᠪᠠᠷ ᠢᠶᠠᠨ ᠬᠢᠰᠬᠢᠴᠠᠵᠦ ᠢᠰᠬᠦᠴᠠᠵᠦ ᠭᠡᠮᠭᠡᠴᠠᠵᠦ ᠪᠠᠯᠪᠠᠴᠠᠳᠠᠭ ᠦᠭᠡᠢ᠃ ᠭᠡᠪ ᠵᠦᠢ ᠶᠢ ᠨᠢ ᠬᠠᠷᠠᠨ ᠨᠢᠭᠡ ᠳᠠᠯ᠎ᠠ ᠳᠠᠰᠢ ᠨᠢ ᠭᠠᠷᠭᠠᠨ ᠳᠡᠭᠰᠢᠯᠠᠵᠦ ᠳᠢᠭᠯᠡᠨ ᠳᠠᠯᠪᠢᠳᠠᠭ᠃ ︽ᠮᠠᠯ ᠤᠨ ᠶᠠᠰᠤ ᠶᠢ ᠳᠤᠷ᠎ᠠ ᠪᠠᠷ ᠨᠢ ᠬᠠᠶᠠᠵᠦ ᠭᠡᠭᠡᠭᠦ ᠪᠤᠶᠤ ᠬᠢᠰᠬᠢᠴᠠᠵᠦ ᠢᠰᠬᠦᠴᠠᠵᠦ ᠭᠡᠮᠭᠡᠴᠠᠵᠦ ᠪᠠᠯᠪᠠᠴᠠᠪᠠᠯ᠂ ︽ᠮᠠᠯ ᠤᠨ ᠭᠡᠰᠢᠭ ︵ᠵᠠᠶᠠᠭ᠎ᠠ︶ ᠪᠠᠭᠤᠷᠠᠨ᠎ᠠ᠂ ᠮᠠᠯ ᠦᠰᠬᠦ ᠦᠭᠡᠢ ᠦᠷᠠᠵᠢᠬᠦ ᠦᠭᠡᠢ ᠪᠤᠯᠤᠨ᠎ᠠ︾ ᠭᠡᠵᠦ ᠴᠤ ᠭᠡᠯᠡᠳᠡᠭ᠃ ᠮᠤᠩᠭᠤᠯᠴᠤᠳ ᠶᠠᠰᠦ ᠶᠢ ᠬᠠᠮᠤᠭ ᠤᠨ ᠬᠠᠳᠠᠭᠤ᠂ ᠴᠢᠨᠠᠷᠯᠢᠭ ᠶᠠᠭᠤᠮ᠎ᠠ ᠪᠠᠷ ᠦᠵᠡᠳᠡᠭ᠃ ᠠᠯᠢᠪᠠ ᠶᠠᠭᠤᠮᠠᠨ ᠤ ᠴᠢᠨᠠᠷ᠂ ᠦᠨ᠎ᠠ ᠦᠷᠳᠡᠭ ᠢ ᠶᠠᠰᠤ ᠪᠠᠷ ᠵᠢᠱᠢᠶᠠᠯᠠᠵᠦ ᠦᠨᠠᠯᠠᠳᠡᠭ᠃ ᠬᠦᠮᠦᠨ ᠤ ᠰᠠᠶᠢᠨ ᠮᠠᠭᠤ ︵ᠬᠦᠮᠦᠨ ᠴᠢᠨᠠᠷ︶ ᠶᠢ ᠨᠢ ᠰᠢᠨᠵᠢᠬᠦ ᠳᠤ ︽ᠶᠠᠰᠦ ᠶᠢ ᠨᠢ ᠦᠵᠠᠵᠦ ᠶᠠᠩᠵᠦ ᠶᠢ ᠨᠢ ᠳᠠᠨᠢ︾ ᠭᠡᠳᠡᠭ ᠪᠤᠶᠤ ᠡᠷ᠎ᠡ ᠵᠤᠷᠢᠭ ᠲᠠᠢ᠂ ᠡᠷᠠᠮᠡᠭᠡᠢ ᠳᠤᠷᠪᠢᠯᠢᠭ ᠬᠦᠮᠦᠨ ᠢ ᠪᠤᠯ ︽ᠶᠠᠰᠤ ᠬᠠᠳᠠᠭᠤ ᠬᠦᠮᠦᠨ︾ ᠭᠡᠵᠦ᠂ ᠵᠤᠷᠢᠭ ᠰᠦᠰᠦ ᠦᠭᠡᠢ᠂ ᠬᠦᠮᠦᠨ ᠴᠢᠨᠠᠷ ᠪᠠᠷᠤᠭᠳᠠᠢ ᠬᠦᠮᠦᠨ ᠢ ᠪᠤᠯ ︽ᠶᠠᠰᠦ ᠮᠠᠭᠤᠳᠤ ᠶᠠᠪᠤᠨ ᠬᠠᠳᠠᠨ᠎ᠠ︾ ᠭᠡᠳᠡᠭ᠃ ᠡᠳ᠋ ᠳᠠᠸᠠᠷ᠂ ᠪᠤᠳᠠᠰ ᠤᠨ ᠰᠠᠶᠢᠨ ᠮᠠᠭᠤ ᠶᠢ ᠳᠤᠳᠤᠯᠠᠬᠤ ᠳᠤ ︽ᠶᠠᠰᠦ ᠴᠢᠨᠠᠷ ᠢ ᠨᠢ ᠦᠵᠠ︾ ᠭᠡᠳᠡᠭ ᠪᠦᠭᠡᠳ ᠴᠢᠨᠠᠷ ᠰᠠᠶᠢᠨ᠂ ᠵᠢᠩᠬᠢᠨᠢ ᠵᠦᠢᠯᠠᠰ ᠢ ᠪᠤᠯ ︽ᠶᠠᠰᠤᠯᠢᠭ ᠡᠳ᠋︾ ᠭᠡᠵᠦ᠂ ᠴᠢᠨᠠᠷ ᠮᠠᠭᠤ᠂ ᠬᠠᠭᠤᠷᠮᠠᠭ ᠰᠤᠯᠠᠮᠠᠭ ᠵᠦᠢᠯᠠᠰ ᠢ ᠪᠤᠯ ︽ᠶᠠᠰᠤ ᠮᠠᠭᠤ ︾ ᠭᠡᠭᠦ ᠪᠤᠶᠤ ︽ᠶᠠᠰᠤᠯᠢᠭ ᠪᠤᠰᠤ︾ ᠭᠡᠳᠡᠭ᠃ ᠮᠠᠯ ᠳᠤ ᠬᠦᠢᠴᠠᠳ ᠳᠠᠷᠭᠤ ᠠᠪᠤᠭᠤᠯᠬᠤ ᠶᠢ ᠪᠤᠯ ︽ᠶᠠᠰᠤᠨ ᠳᠠᠷᠭᠤ ᠠᠪᠤᠭᠤᠯᠬᠤ︾ ᠭᠡᠵᠦ᠂ ︽ᠮᠢᠬᠠᠨ ᠤ ᠬᠠᠭᠠᠨ ᠨᠢᠳᠦ᠂ ᠶᠠᠰᠤᠨ ᠤ ᠬᠠᠭᠠᠨ ᠰᠢᠳᠦ︾ ᠭᠡᠮᠡᠨ ᠦᠵᠠᠵᠦ ᠮᠠᠯ ᠤᠨ ᠶᠠᠰᠤ ᠴᠢᠨᠠᠷ᠂ ᠨᠠᠰᠤ ᠵᠢᠯ ᠢ ᠳᠤᠳᠤᠯᠠᠬᠤ ᠳᠤ᠂ ᠰᠢᠳᠦ ᠶᠢ ᠨᠢ ᠳᠠᠳᠠᠨ ᠰᠢᠨᠵᠢᠵᠦ ᠳᠤᠳᠤᠯᠠᠳᠠᠭ᠃ ᠰᠢᠳᠦ  ᠪᠠᠷ ᠨᠢ ᠭᠡᠳᠦᠨ ᠨᠠᠰᠤ ᠲᠠᠢ ᠮᠠᠯ ᠪᠤᠶᠤ ᠬᠢᠷᠢ ᠵᠡᠷᠭᠡ ᠶᠢᠨ ᠴᠢᠨᠠᠷ ᠶᠠᠰᠤ ᠲᠠᠢ ᠮᠠᠯ ᠭᠡᠰᠡᠨ ᠢ ᠨᠢ ᠭᠡᠯᠡᠵᠦ ᠭᠠᠷᠭᠠᠳᠠᠭ᠃ ᠤᠩᠭᠤᠰᠤ ᠨᠤᠤᠰᠤ ᠡᠯᠳᠠᠵᠦ ᠢᠰᠭᠡᠢ ᠬᠢᠬᠦ ᠳᠡᠭᠡᠨ ︽ᠶᠠᠰᠦ ᠠᠴᠠ ᠬᠠᠳᠠᠭᠤ᠂ ᠴᠠᠰᠤᠨ ᠠᠴᠠ ᠴᠠᠭᠠᠨ ᠪᠤᠯᠳᠤᠭᠠᠢ︾ ᠭᠡᠮᠡᠨ ᠢᠷᠦᠭᠡᠵᠦ᠂ ᠶᠠᠮᠠᠷ ᠨᠢᠭᠡᠨ ᠶᠠᠪᠤᠳᠠᠯ ᠤᠴᠢᠷ ᠢ ᠪᠦᠳᠦᠭᠡᠭᠦ ᠳᠤ᠂ ︽ᠶᠠᠰᠦ ᠶᠢ ᠨᠢ ᠪᠠᠷᠢᠵᠦ ᠶᠤᠰᠤ ᠶᠢ ᠨᠢ ᠳᠠᠭᠠᠬᠤ︾᠂ ︽ᠶᠠᠰᠤᠨ ᠳᠤ ᠨᠢ ᠮᠦᠷᠬᠦᠵᠦ ᠶᠤᠰᠤᠨ ᠳᠤ ᠨᠢ ᠶᠤᠤᠯᠠᠬᠤ︾᠂ ︽ᠶᠠᠰᠤᠨ ᠳᠤ ᠵᠠᠪᠰᠠᠷ ᠦᠭᠡᠢ᠂ ᠶᠠᠪᠤᠳᠠᠯ ᠳᠤ ᠶᠠᠭᠠᠷᠠᠯ ᠦᠭᠡᠢ︾᠂ ︽ᠶᠤᠰᠤ ᠶᠢ ᠨᠢ ᠪᠠᠷᠢᠵᠦ᠂ ᠶᠠᠰᠤ ᠶᠢ ᠨᠢ ᠵᠠᠭᠤᠨ᠎ᠠ︾ ᠭᠡᠭᠦ ᠮᠠᠳᠤᠴᠢᠯᠠᠨ ᠵᠦᠢᠷᠯᠠᠵᠦ ᠳᠦᠷᠰᠦᠯᠠᠵᠦ ᠵᠤᠷᠢᠵᠦ ᠵᠢᠳᠬᠦᠵᠦ ᠪᠦᠳᠦᠭᠡᠵᠦ ᠬᠦᠢᠴᠠᠳᠭᠡᠳᠡᠭ᠃ ᠪᠠᠰᠠ ᠡᠴᠢᠭᠡ ᠶᠢᠨ ᠳᠠᠯ᠎ᠠ ᠶᠢᠨ ᠶᠢᠰᠤᠨ ᠦᠶ᠎ᠠ ︵ᠳᠡᠭᠡᠭᠡᠭᠰᠢ ᠶᠢᠰᠤᠨ ᠦᠶ᠎ᠠ︶ ᠶᠢ ᠪᠤᠯ ᠶᠠᠰᠤᠨ ᠳᠦᠷᠦᠯ ᠭᠡᠮᠡᠨ ᠳᠤᠭᠠᠯᠠᠵᠦ᠂ ᠳᠠᠷᠠ ᠦᠶ᠎ᠠ ︵ᠳᠡᠭᠡᠭᠡᠭᠰᠢ ᠶᠢᠰᠦᠨ ᠦᠶ᠎ᠠ︶ ᠦᠩᠭᠡᠷᠡᠭᠦ ᠳᠤ ᠰᠠᠶ᠋ᠢ ︽ᠶᠠᠰᠤ ᠴᠠᠶᠢᠷᠠᠯ᠎ᠠ᠂ ᠦᠶ᠎ᠠ ᠰᠤᠨᠤᠯ᠎ᠠ᠂ ᠦᠶ᠎ᠠ ᠮᠤᠯᠳᠤᠷᠤᠯ᠎ᠠ ︵ᠰᠠᠳᠤᠨ ᠳᠦᠷᠦᠯ ᠤᠨ ᠬᠠᠷᠢᠴᠠᠭ᠎ᠠ ᠭᠡᠯᠬᠢᠶ᠎ᠡ ᠬᠤᠯᠠᠳᠤᠯ᠎ᠠ ᠭᠡᠰᠡᠨ ᠦᠭᠡ︶︾ ᠭᠡᠵᠦ ᠭᠡᠯᠡᠳᠡᠭ᠃ ᠬᠦᠮᠦᠨ ᠤ ᠶᠠᠰᠤ ᠮᠦᠰᠦ ᠲᠠᠢ᠂ ᠬᠦᠮᠦᠨ ᠴᠢᠨᠠᠷ ᠲᠠᠢ᠂ ᠤᠳᠤᠮ ᠤᠭᠰᠠᠭ᠎ᠠ᠂ ᠨᠠᠷ᠎ᠠ ᠳᠦᠷᠦ᠂ ᠨᠠᠶᠢᠭᠡᠮ ᠴᠠᠭ ᠲᠠᠭᠠᠨ ᠤᠰᠤᠯᠳᠤᠯ ᠦᠭᠡᠢ ᠶᠠᠪᠤᠬᠤ ᠶᠢ ︽ᠨᠠᠷ᠎ᠠ ᠪᠠᠨ ᠬᠤᠭᠤᠯᠠᠬᠤ ᠪᠠᠷ ᠶᠠᠰᠤ ᠪᠠᠨ ᠬᠤᠭᠤᠯ︾ ᠭᠡᠰᠡᠨ ᠦᠭᠡ ᠪᠠᠷ ᠵᠤᠷᠢᠭᠵᠢᠭᠤᠯᠤᠨ ᠴᠢᠩᠭᠠᠯᠠᠵᠦ ᠵᠤᠵᠢᠭᠤᠯᠤᠨ ᠡᠷᠠᠰᠢᠭᠦᠯᠳᠡᠭ᠃ ᠶᠠᠰᠤ ᠨᠢ ᠮᠤᠩᠭᠤᠯᠴᠤᠳ ᠤᠨ ᠠᠮᠢᠳᠤᠷᠠᠯ ᠤᠨᠳᠤᠷᠤᠯᠭ᠎ᠠ᠂ ᠨᠠᠭᠦᠳᠡᠯ ᠪᠠᠭᠤᠳᠠᠯ᠂ ᠡᠳ᠋ᠯᠠᠯ ᠭᠡᠷᠡᠭᠰᠡᠯ᠂ ᠵᠠᠰᠠᠯ ᠵᠢᠮᠰᠡᠭ ᠂ ᠰᠤᠶᠤᠯ ᠢᠷᠭᠡᠨᠰᠢᠯ᠂ ᠵᠠᠩ ᠦᠢᠯᠠ ᠵᠡᠷᠭᠡ ᠲᠠᠢ ᠰᠠᠯᠤᠰᠢ ᠦᠭᠡᠢ ᠬᠤᠯᠪᠤᠭ᠎ᠠ ᠲᠠᠢ ᠪᠠᠶᠢᠳᠠᠭ᠃ ᠮᠠᠯ ᠤᠨ ᠢᠶᠠᠨ ᠶᠠᠰᠤᠨ ᠤ ᠠᠴᠢ ᠬᠤᠯᠪᠤᠭᠳᠠᠯ ᠢ ᠬᠦᠢᠴᠠᠳ ᠳᠠᠨᠢᠭᠰᠠᠨ ᠮᠤᠩᠭᠤᠯᠴᠤᠳ ᠮᠢᠨᠢ ᠶᠠᠰᠤ ᠶᠢ ᠶᠠᠷᠦ ᠨᠢ ᠳᠤᠷ᠎ᠠ ᠪᠠᠷ ᠭᠡᠭᠡᠵᠦ ᠬᠠᠶᠠᠳᠠᠭ ᠦᠭᠡᠢ ᠮᠦᠷᠳᠡᠭᠡᠨ ᠶᠠᠰᠤ ᠪᠦᠷᠢ ᠶᠢᠨ ᠤᠨᠴᠠᠯᠢᠭ ᠰᠢᠨᠵᠢ ᠶᠢ ᠬᠠᠷᠠᠨ᠂ ︵ᠶᠠᠰᠤ ᠶᠢ︶ ᠡᠮᠴᠢᠯᠭᠡ ᠰᠤᠪᠢᠯᠭ᠎ᠠ᠂ ᠳᠤᠮ ᠰᠢᠪᠰᠢᠯᠭᠡ᠂ ᠳᠠᠯᠠᠯᠭ᠎ᠠ ᠳᠠᠬᠢᠯᠭ᠎ᠠ᠂ ᠮᠡᠷᠭᠡ ᠳᠦᠯᠭᠡ᠂ ᠵᠠᠩ ᠦᠢᠯᠠ ᠳᠤ ᠪᠤᠯᠤᠨ ᠪᠤᠰᠤᠳ ᠵᠦᠢᠯ ᠳᠤ ᠦᠷᠭᠡᠨ ᠢᠶᠠᠷ ᠭᠡᠷᠡᠭᠯᠡᠳᠡᠭ᠃ ᠶᠠᠰᠤ ᠶᠢ ᠡᠳ᠋ᠯᠡᠯ ᠭᠡᠷᠡᠭᠰᠡᠯ ᠳᠤ ᠭᠡᠷᠡᠭᠯᠡᠳᠡᠭ᠃ ᠬᠤᠨᠢ᠂ ᠢᠮᠠᠭ᠎ᠠ᠂ ᠦᠭᠡᠷ ᠤᠨ ᠡᠪᠡᠷ ᠤᠨ ᠳᠤᠬᠤ ᠪᠤᠶᠤ ᠳᠠᠭᠠᠷᠢᠳᠠᠰᠤ ᠪᠠᠷ ᠮᠤᠷᠢᠨ ᠤ ᠴᠢᠳᠦᠷ᠂ ᠨᠤᠭᠳᠤ᠂ ᠬᠠᠵᠠᠭᠠᠷ᠂ ᠦᠭᠡᠷ ᠤᠨ ᠡᠪᠡᠭᠡᠴᠢ ᠶᠢ ᠡᠯᠬᠦᠬᠦ ᠴᠠᠬᠤ ︵ᠭᠤᠬ᠎ᠠ︶ ᠬᠢᠬᠦ ᠪᠤᠶᠤ ᠦᠭᠡᠷ ᠤᠨ ᠡᠪᠡᠷ ᠢᠶᠠᠷ ᠤᠭᠵᠢ᠂ ᠬᠤᠨᠳᠠᠭ᠎ᠠ ︵ᠡᠪᠡᠷ ᠬᠤᠨᠳᠠᠭ᠎ᠠ︶ ᠬᠢᠳᠡᠭ᠃ ᠮᠠᠯ ᠤᠨ ᠡᠪᠡᠷ ᠳᠤᠯᠤᠭᠠᠢ ᠶᠢᠨ ᠶᠠᠰᠦ᠂ ᠳᠠᠯᠤᠨ ᠤ ᠶᠠᠰᠤ ᠵᠡᠷᠭᠡ ᠶᠢ ᠵᠠᠰᠠᠵᠦ ᠭᠤᠶᠤᠯᠠᠭᠠᠳ ᠭᠤᠶᠤᠯᠠᠯ ᠵᠠᠰᠠᠯ ᠤᠨ ᠵᠦᠢᠯᠠᠰ ᠪᠤᠯᠭᠠᠨ ᠭᠡᠷ ᠲᠡᠭᠡᠨ ᠡᠯᠬᠦᠳᠡᠭ᠃ ᠶᠠᠰᠤ ︵ᠭᠤᠤᠯᠳᠠᠭᠤ ᠡᠪᠡᠷ︶ ᠶᠢ ᠵᠢᠵᠢᠭ ᠵᠢᠵᠢᠭ ᠬᠢᠷᠦᠭᠡᠳᠡᠨ ᠳᠠᠭᠠᠷᠢᠭᠠᠳ ᠴᠢᠳᠦᠷ ᠤᠨ ᠴᠢᠭᠳᠠ ︵ᠳᠡᠭᠡᠭ︶᠂ ᠬᠤᠭᠤᠷ ᠤᠨ ᠳᠡᠪᠡᠭᠡ ᠬᠢᠵᠦ ᠪᠤᠯᠳᠠᠭ ᠪᠦᠭᠡᠳ ᠪᠤᠭᠳᠤᠭᠠᠰᠦ ᠶᠢᠨ ᠵᠠᠯᠭᠠᠨ ᠶᠠᠰᠤ ᠵᠡᠷᠭᠡ ᠨᠠᠷᠢᠨ ᠶᠠᠰᠤ ᠪᠠᠷ ᠰᠢᠳᠦᠨ ᠤ ᠴᠢᠬᠢᠴᠢᠯᠠᠭᠦᠷ ᠬᠢᠵᠦ᠂ ᠡᠷᠡᠤ ᠶᠠᠰᠤ ᠪᠠᠷ ᠮᠠᠭᠠᠵᠢᠭᠤᠷ ᠬᠢᠵᠦ ᠪᠤᠯᠳᠠᠭ᠃ ᠶᠠᠰᠤ ᠶᠢ ᠳᠤᠭᠯᠠᠭᠠᠮ ᠨᠠᠭᠠᠳᠤᠭᠤᠷ ᠲᠤ ᠭᠡᠷᠡᠭᠯᠡᠳᠡᠭ᠃ ᠬᠤᠨᠢ ᠢᠮᠠᠭᠠᠨ ᠤ ᠱᠠᠭ᠎ᠠ ᠶᠢ ᠴᠤᠭᠯᠠᠭᠤᠯᠠᠵᠦ ᠰᠠᠬᠠᠴᠠᠭᠠᠬᠤ ︵ᠤᠨᠳᠤᠭᠤᠴᠠᠭᠠᠬᠤ︶᠂ ᠨᠢᠰᠯᠠᠴᠠᠭᠠᠬᠤ᠂ ᠰᠠᠶ᠋ᠢᠩ ᠤᠷᠬᠢᠬᠤ᠂ ᠬᠠᠵᠠ ︵ᠬᠠᠯᠵᠠ︶ ᠬᠠᠷᠪᠤᠬᠤ᠂ ᠪᠤᠭᠤᠴᠠᠭᠠᠬᠤ ︵ᠪᠤᠭᠤ ᠶᠢᠨ ᠵᠢᠷᠬᠢᠭᠡ ᠳᠠᠯᠪᠢᠬᠤ︶᠂ ᠭᠡᠷ ᠪᠠᠷᠢᠬᠤ᠂ ᠳᠡᠷᠭᠡ ᠨᠠᠶᠢᠷᠠᠬᠤ᠂ ᠪᠠᠷᠢᠯᠴᠠᠭ᠎ᠠ ᠪᠠᠷᠢᠬᠤ ︵ᠳᠤᠭ᠎ᠠ ᠳᠠᠭᠠᠬᠤ︶᠂ ᠮᠤᠷᠢ ᠤᠷᠤᠯᠳᠤᠬᠤ ᠮᠠᠳᠤ ᠨᠠᠭᠠᠳᠤᠮ ᠨᠠᠭᠠᠳᠤᠳᠠᠭ᠃ ᠮᠠᠯ ᠤᠨ ᠰᠠᠭᠡᠷ ︵ᠭᠤᠤᠯ ᠤᠨ ᠦᠨᠳᠦᠷ︶ ᠪᠤᠶᠤ ᠪᠤᠭᠳᠤᠭᠠᠰᠤ᠂ ᠱᠠᠭᠠᠨᠳᠤ ᠴᠦᠮᠦᠭᠡ ᠶᠢ ᠰᠢᠭᠠᠯᠠᠭᠠᠵᠦ ︵ᠨᠢᠳᠤᠷᠭᠠᠳᠤᠭᠤᠯᠠᠵᠦ︶ ᠵᠠᠯᠠᠭᠤ ᠢᠳᠠᠷᠴᠤᠤᠯ ᠤᠨ ᠭᠠᠷ ᠤᠨ ᠬᠦᠴᠦ ᠪᠤᠯᠤᠨ ᠡᠪ ᠳᠠᠮ ᠢ ᠰᠢᠯᠭᠠᠨ ᠦᠵᠠᠳᠡᠭ᠃ ᠪᠠᠰᠠ ᠰᠢᠨ᠎ᠠ ᠭᠦᠷᠭᠡᠨ ᠢᠶᠠᠷ ᠬᠦᠵᠦᠬᠦᠦ ᠮᠤᠰᠬᠢᠭᠤᠯᠠᠵᠦ ᠬᠢᠷᠢ ᠵᠡᠷᠭᠡ ᠴᠢᠳᠠᠯ ᠳᠠᠷ᠎ᠠ ᠲᠠᠢ ᠶᠢ ᠨᠢ ᠰᠢᠯᠭᠠᠨ ᠦᠵᠠᠳᠡᠭ᠃ ᠪᠤᠭ ᠮᠠᠯ ᠤᠨ ᠬᠠᠷᠴᠠᠭ᠎ᠠ ᠶᠠᠰᠤᠨ ᠤ ᠬᠠᠮᠤᠭ ᠡᠴᠤᠰ ᠤᠨ ᠦᠶ᠎ᠠ ᠶᠢ ︵ᠵᠠᠷᠢᠮ ᠭᠠᠵᠠᠷ ᠲᠤ ᠵᠤᠪᠠᠯᠠᠩᠳᠦ ᠨᠢᠷᠤᠭᠤ᠂ ᠠᠰᠠᠭᠤᠬᠤ ᠨᠢᠷᠤᠭᠤ ᠴᠤ ᠭᠡᠳᠡᠭ︶ ᠰᠠᠯᠭᠠᠬᠤ ᠳᠤ᠂ ᠬᠠᠷᠢᠯᠴᠠᠨ ᠦᠭᠡ ᠠᠰᠠᠭᠤᠯᠴᠠᠵᠦ ᠦᠭᠡᠨ ᠤ ᠤᠷᠠᠨ ᠢᠶᠠᠨ ᠠᠳᠠᠯᠢᠳᠬᠠᠨ ᠮᠠᠳᠭᠡᠯᠴᠠᠳᠡᠭ᠃ ᠶᠠᠰᠤ ᠪᠠᠷ ᠶᠠᠰᠤᠨ ᠫᠠᠢ ᠪᠤᠶᠤ ᠪᠤᠰᠤᠳ ᠵᠦᠢᠯ ᠤᠨ ᠳᠤᠭᠯᠠᠭᠠᠮ ᠨᠠᠭᠠᠳᠤᠭᠤᠷ ᠬᠢᠵᠦ ᠨᠠᠭᠠᠳᠴᠤ ᠳᠤᠭᠯᠠᠵᠦ ᠴᠤ ᠪᠤᠯᠳᠠᠭ᠃ ᠶᠠᠰᠤ ᠶᠢ ᠡᠮᠴᠢᠯᠭᠡ ᠰᠤᠪᠢᠯᠠᠭ᠎ᠠ ᠳᠤ ᠭᠡᠷᠡᠭᠯᠡᠳᠡᠭ᠃ ᠳᠠᠮᠢᠷ ᠳᠡᠩᠭᠡᠭᠡ ᠠᠨᠠᠢ ᠬᠦᠮᠦᠨ ᠪᠤᠶᠤ ᠡᠪᠡᠳᠴᠢᠨ ᠬᠠᠭᠤᠴᠢᠨ  ᠲᠠᠢ ᠬᠦᠮᠦᠨ ᠮᠢᠬ᠎ᠠ ᠶᠢ ᠨᠢ ᠰᠠᠶᠢᠳᠦᠷ ᠮᠦᠯᠵᠢᠭᠰᠡᠨ ᠶᠠᠰᠤ ᠶᠢ ᠰᠠᠶᠢᠳᠦᠷ ᠪᠤᠴᠠᠯᠭᠠᠵᠦ ᠱᠦᠯᠦ ᠶᠢ ᠨᠢ ᠤᠤᠭᠤᠪᠠᠯ ᠳᠠᠮᠢᠷ ᠳᠡᠩᠭᠡᠭᠡ ᠤᠷᠤᠬᠤ ᠪᠤᠶᠤ ᠡᠷᠡᠭᠦᠯᠵᠢᠬᠦ ᠳᠤ ᠳᠤᠰᠠᠳᠠᠢ ᠭᠡᠵᠦ ᠶᠠᠰᠤᠨ ᠱᠦᠯᠦ ᠪᠤᠴᠠᠯᠭᠠᠵᠦ ᠤᠤᠭᠤᠯᠭᠠᠳᠠᠭ᠃ ᠰᠢᠳᠦᠯᠠᠵᠦ ᠬᠦᠢᠴᠡᠭᠰᠡᠨ ᠬᠡᠤᠬᠡᠳ ᠤᠨ ᠰᠢᠳᠦ ᠶᠢ ᠰᠠᠭᠤᠯᠭᠠᠨ᠎ᠠ᠂ ᠪᠤᠯᠪᠠᠰᠤᠷᠠᠭᠤᠯᠤᠨ᠎ᠠ᠂ ᠴᠢᠩᠭᠠᠷᠠᠭᠤᠯᠤᠨ᠎ᠠ ᠭᠡᠵᠦ ᠳᠤᠶᠢᠭ ᠪᠤᠶᠤ ᠪᠤᠷᠪᠢ ᠶᠢᠨ ᠶᠠᠰᠤ ᠶᠢ ᠮᠠᠷᠠᠭᠦᠯᠳᠡᠭ᠃ ᠬᠠᠪᠤᠷ ᠤᠨ ᠬᠠᠴᠢᠭ ᠴᠠᠭ ᠲᠤ ᠶᠠᠳᠠᠷᠠᠵᠦ ᠳᠤᠶᠢᠯᠳᠠᠭᠰᠠᠨ ᠮᠠᠯ  ᠳᠤ ᠳᠠᠮᠢᠷ ᠬᠦᠴᠦ ᠶᠢ ᠨᠢ ᠰᠠᠯᠬᠦᠨ᠎ᠠ ᠭᠡᠵᠦ ᠶᠠᠰᠤᠨ ᠱᠦᠯᠦ ᠤᠤᠭᠤᠯᠭᠠᠳᠠᠭ ᠪᠦᠭᠡᠳ ᠶᠠᠰᠤ ᠶᠢ ᠰᠢᠳᠠᠭᠠᠨ ᠦᠨᠦᠷᠯᠡᠭᠦᠯᠳᠡᠭ᠃ ᠵᠠᠷᠢᠮ ᠳᠠᠭᠠᠨ ᠶᠠᠰᠤ ᠶᠢ ᠭᠡᠮᠭᠡᠴᠠᠨ ᠭᠡᠮᠭᠡᠳᠡᠭ ᠢ ᠨᠢ ᠢᠳᠡᠭᠦᠯᠳᠡᠭ᠃ ᠶᠠᠰᠤ ᠶᠢ ᠳᠤᠮ ᠰᠢᠪᠰᠢᠯᠭᠡ ᠳᠤ ᠭᠡᠷᠡᠭᠯᠳᠡᠭ᠃ ᠠᠯᠢᠪᠠ ᠠᠮᠢᠳᠠᠨ ᠤ ᠠᠮᠢᠨ ᠰᠦᠨᠠᠰᠦ ᠨᠢ ᠠᠮᠠᠨ ᠬᠦᠵᠦᠬᠦᠦ ᠳᠡᠭᠡᠨ ᠪᠠᠶᠢᠳᠠᠭ ᠭᠡᠮᠡᠨ ᠦᠵᠠᠵᠦ᠂ ᠠᠮᠠᠨ ᠬᠦᠵᠦᠬᠦᠦ ᠶᠢ ᠴᠢᠨᠠᠵᠦ ᠢᠳᠠᠴᠢᠭᠡᠭᠡᠳ ︵ᠮᠢᠬ᠎ᠠ ᠶᠢ ᠰᠠᠶᠢᠳᠦᠷ ᠮᠦᠯᠵᠢᠴᠢᠭᠡᠭᠡᠳ ︶ ᠦᠭᠡᠭᠦ ᠳᠤᠰᠤ ᠪᠠᠷ ᠴᠢᠮᠠᠨ ᠭᠠᠯ ᠳᠡᠭᠡᠨ ᠡᠷᠬᠦᠨ ᠰᠢᠳᠠᠭᠠᠵᠦ ᠦᠨᠠᠰᠦ ᠶᠢ ᠨᠢ ᠴᠠᠪᠠᠷ ᠰᠠᠶᠢᠬᠠᠨ ᠵᠦᠭ ︵ᠭᠠᠵᠠᠷ︶  ᠲᠤ ᠰᠠᠴᠤᠳᠠᠭ᠃ ᠵᠠᠷᠢᠮ ᠭᠠᠵᠠᠷ ᠲᠤ ︵ᠭᠤᠤᠯᠳᠠᠭᠤ ᠦᠵᠦᠮᠦᠴᠢᠨ ᠳᠤ︶ ᠮᠠᠯ ᠤᠨ ᠦᠶ᠎ᠠ ᠰᠠᠬᠦᠯ ᠢ ᠱᠠᠭᠠᠨᠳᠤ ᠶᠢᠨ ᠬᠠᠮᠳᠦ ᠳᠠᠪᠠᠭ ᠲᠤ ᠬᠢᠭᠡᠳ ᠭᠡᠭᠡᠷ᠎ᠡ ᠬᠤᠨᠤᠭᠤᠯᠤᠭᠰᠠᠨ ᠠᠳᠤᠭᠤ ᠮᠠᠯ ᠢᠶᠠᠨ ᠮᠠᠨᠠᠭᠤᠯᠠᠵᠦ ᠪᠠᠶᠢᠨ᠎ᠠ ᠭᠡᠮᠡᠨ ᠭᠡᠷ ᠤᠨ ᠵᠠᠬᠦᠨ ᠬᠤᠶᠢᠳᠦ ᠪᠦᠰᠠᠯᠠᠬᠦᠷ ᠲᠤ ᠬᠠᠪᠴᠢᠭᠤᠯᠠᠵᠦ ᠳᠠᠯᠪᠢᠳᠠᠭ ︵ᠬᠤᠨᠤᠭᠤᠯᠳᠠᠭ︶᠃ ᠪᠤᠭᠳᠤᠭᠠᠰᠤ ᠶᠢᠨ ᠮᠢᠬ᠎ᠠ ᠶᠢ ᠢᠳᠠᠬᠦ ᠳᠡᠭᠡᠨ ᠵᠠᠯᠭᠠᠨ ᠤ ᠪᠦᠯᠢᠭᠡ᠂ ᠭᠠᠳᠠᠷ ᠬᠠᠯᠢᠰᠦ ᠶᠢ ᠨᠢ ᠦᠯᠡᠳᠡᠭᠡᠵᠦ ᠮᠢᠬ᠎ᠠ ᠶᠢ  ᠨᠢ ᠰᠠᠶᠢᠬᠠᠨ ᠮᠦᠯᠵᠢᠴᠢᠭᠡᠭᠡᠳ ᠭᠤᠷᠪᠢ ᠶᠢᠨ ᠳᠠᠭᠠᠤ ᠬᠢ ᠬᠤᠪᠢᠯ ᠨᠦᠭᠡᠨ ᠳᠤ ᠨᠢ ᠳᠠᠷᠠᠰᠤ ᠬᠠᠪᠴᠢᠭᠤᠯᠠᠵᠦ ︽ᠮᠠᠯ ᠰᠠᠶᠢᠨ ᠬᠠᠷᠠ︾᠂ ︽ᠠᠳᠤᠭᠤ ᠰᠠᠶᠢᠨ ᠮᠠᠨᠠ︾ ᠭᠡᠵᠦ ᠳᠤᠮ ᠪᠤᠯᠭᠠᠨ ᠭᠡᠷ ᠤᠨ ᠪᠠᠷᠠᠭᠤᠨ ᠡᠮᠤᠨᠡᠬᠢ ᠤᠨᠢᠨ  ᠳᠤ ᠬᠠᠪᠴᠢᠭᠤᠯᠠᠵᠦ ᠳᠠᠯᠪᠢᠳᠠᠭ᠃ ᠶᠠᠰᠤ ᠶᠢ ᠳᠠᠯᠠᠯᠭ᠎ᠠ ᠳᠠᠬᠢᠯᠭ᠎ᠠ ᠳᠤ ᠭᠡᠷᠡᠭᠯᠳᠡᠭ᠃ ᠭᠤᠤᠯ ᠨᠢ ᠠᠳᠤᠭᠤ᠂ ᠬᠤᠨᠢ᠂ ᠦᠭᠡᠷ ᠤᠨ ᠳᠤᠯᠤᠭᠠᠢ ᠶᠢᠨ ᠶᠠᠰᠤ ᠪᠤᠶᠤ ᠪᠤᠭ ᠮᠠᠯ ᠤᠨ ᠱᠠᠭᠠᠨᠳᠤ ᠶᠢ ᠰᠢᠳᠦᠵᠦ ᠳᠠᠬᠢᠳᠠᠭ᠃ ᠮᠤᠩᠭᠤᠯᠴᠤᠳ ᠤᠨᠤᠵᠦ ᠪᠠᠶᠢᠭ᠎ᠠ ᠮᠤᠷᠢ ᠨᠢ ᠨᠠᠰᠤ ᠦᠳᠠᠯᠠᠵᠦ ᠦᠬᠦᠪᠠᠯ᠂ ︽ᠰᠠᠶᠢᠨ ᠮᠤᠷᠢ ᠶᠢᠨ ᠵᠠᠶᠠᠭ᠎ᠠ ᠪᠤᠤ ᠳᠠᠰᠤᠷᠠᠭ︾ ᠭᠡᠮᠡᠨ ᠳᠤᠯᠤᠭᠠᠢ ᠶᠢᠨ ᠶᠠᠰᠤ ᠶᠢ ᠨᠢ ᠬᠠᠳᠠᠭ ᠢᠶᠠᠷ ᠤᠷᠢᠶᠠᠵᠦ ᠬᠠᠳᠠᠭᠠᠯᠠᠬᠤ ᠪᠤᠶᠤ ᠬᠤᠮᠤᠯ ᠪᠤᠯᠤᠨ ᠦᠭᠡᠭᠦᠨ ᠴᠢᠯᠠᠭᠤ ᠪᠠᠷ ᠶᠢᠨ ᠴᠢᠮᠠᠵᠦ ︽ᠡᠨᠡ ᠰᠠᠶᠢᠨ ᠮᠤᠷᠢᠨ ᠳᠤ ᠮᠢᠨᠢ ᠦᠯᠵᠠᠢ ᠬᠤᠳᠤᠭ ᠦᠨᠢᠳᠠ ᠤᠷᠤᠰᠢᠬᠤ ᠪᠤᠯᠳᠤᠭᠠᠢ︾ ᠭᠡᠮᠡᠨ ᠢᠷᠦᠭᠡᠨ ᠠᠳᠠᠰᠯᠠᠭᠠᠳ ᠦᠨᠳᠦᠷ ᠠᠭᠤᠯᠠ ᠶᠢᠨ ᠤᠷᠤᠢ ᠳᠤ ᠠᠪᠠᠴᠠᠵᠦ ᠤᠷᠤᠩᠨᠠᠭᠤᠯᠠᠵᠦ ᠳᠠᠯᠪᠢᠳᠠᠭ᠃ ᠮᠤᠩᠭᠤᠯᠴᠤᠳ ᠭᠠᠯ ᠢ ︽ᠠᠷᠢᠭᠤᠨ ᠪᠦᠬᠦᠨ ᠤ ᠳᠡᠭᠡᠵᠢ︾ ᠭᠡᠮᠡᠨ ᠦᠵᠠᠵᠦ ᠵᠢᠯ ᠪᠦᠷᠢ ᠶᠢᠨ ᠬᠦᠭᠡᠭᠡ ᠰᠠᠷ᠎ᠠ ᠶᠢᠨ ᠬᠤᠷᠢᠨ ᠭᠤᠷᠪᠠᠨ ︵ᠪᠤᠶᠤ ᠬᠤᠷᠢᠨ ᠳᠦᠷᠪᠡᠨ︶ ᠳᠤ ᠭᠠᠯ ᠢᠶᠠᠨ ᠮᠢᠬ᠎ᠠ᠂ ᠬᠦᠷᠦᠰᠦ᠂ ᠶᠠᠰᠤ ᠶᠢ ᠨᠢ ᠶᠠᠷᠦ ᠰᠠᠪᠳᠠᠭᠡᠵᠦ ᠭᠡᠮᠳᠡᠭᠡᠭᠰᠡᠨ ᠦᠭᠡᠢ ᠪᠦᠭᠡᠳ ᠬᠢᠳᠤᠭᠠᠨ ᠢᠷ ᠬᠦᠷᠦᠭᠡ ᠦᠭᠡᠢ ᠪᠦᠳᠦᠨ ᠡᠪᠴᠢᠬᠦᠦ ᠪᠠᠷ ᠳᠠᠬᠢᠳᠠᠭ᠃ ᠶᠠᠰᠤ ᠶᠢ ᠮᠡᠷᠭᠡ ᠳᠦᠯᠭᠡ ᠳᠤ ᠭᠡᠷᠡᠭᠯᠡᠳᠡᠭ᠃ ᠮᠠᠯ ᠤᠨ ᠳᠠᠯᠤ ᠪᠤᠶᠤ ᠱᠠᠭᠠᠨᠳᠤ ᠪᠠᠷ ᠮᠡᠷᠭᠡ ᠳᠦᠯᠭᠡ ᠦᠵᠡᠳᠡᠭ᠃ ᠱᠠᠭᠠᠨᠳᠤ ᠠᠴᠠ ᠱᠠᠭ᠎ᠠ ᠶᠢ ᠨᠢ ᠰᠠᠯᠭᠠᠵᠦ ᠠᠪᠤᠭᠠᠳ ᠭᠤᠷᠪᠠ ᠤᠳᠠᠭ᠎ᠠ ᠤᠷᠬᠢᠵᠦ ︽ᠮᠤᠷᠢ︾ ᠳᠤᠰᠬᠠᠵᠦ ᠦᠪᠠᠷ ᠤᠨ ᠪᠠᠶ᠎ᠠ ᠪᠤᠶᠤ ᠭᠡᠨ ᠨᠢᠭᠡᠨ ᠤ ᠪᠠᠨ ᠠᠵᠠ ᠲᠠᠢ ᠭᠡᠶᠢᠮᠤᠷᠢ ᠲᠠᠢ ᠶᠠᠪᠤᠵᠦ ᠪᠠᠶᠢᠬᠤ ᠡᠰᠠᠬᠦ ᠶᠢ ᠰᠢᠨᠵᠢᠳᠡᠭ᠃ ᠱᠠᠭ᠎ᠠ ᠶᠢ ᠭᠤᠷᠪᠠ ᠤᠳᠠᠭ᠎ᠠ ᠤᠷᠬᠢᠭᠠᠳ ︽ᠮᠤᠷᠢ︾ ᠪᠠᠭᠤᠪᠠᠯ ᠡᠨᠡ ᠬᠦᠮᠦᠨ ᠢ ︽ᠶᠡᠭᠡᠳᠡ ᠠᠵᠠ ᠲᠠᠢ ᠬᠡᠶᠢᠮᠤᠷᠢ  ᠲᠠᠢ ᠬᠦᠮᠦᠨ᠂ ᠡᠬᠦᠨ ᠠᠴᠠ ᠬᠤᠶᠢᠰᠢ ᠠᠵᠠ ᠲᠠᠢ ᠭᠡᠶᠢᠮᠤᠷᠢ ᠲᠠᠢ ᠶᠠᠪᠤᠨ᠎ᠠ︾ ᠭᠡᠵᠦ ᠪᠡᠯᠭᠡᠰᠢᠶᠠᠨ ᠳᠠᠭᠠᠰᠢᠶᠠᠳᠠᠭ᠃ ᠤᠯᠠᠩᠬᠢ ᠮᠤᠩᠭᠤᠯ ᠭᠠᠵᠠᠷ ᠬᠤᠨᠢᠨ ᠤ ᠳᠠᠯᠤᠨ ᠶᠠᠰᠤ ᠶᠢ ᠰᠢᠨᠵᠢᠪᠠᠯ ᠡᠵᠡᠨ ᠬᠦᠮᠦᠨ ᠤ ᠭᠡᠶᠢᠮᠤᠷᠢ ᠰᠦᠯᠳᠠ᠂ ᠡᠳ᠋ ᠬᠦᠷᠦᠩᠭᠡ᠂ ᠠᠭᠠᠯᠢ ᠵᠠᠩ᠂ ᠠᠳᠤᠭᠤ ᠮᠠᠯ᠂ ᠠᠯᠢᠪᠠ ᠦᠢᠯᠠ ᠭᠡᠷᠡᠭ ᠢ ᠪᠦᠷᠢᠨ ᠮᠠᠳᠠᠵᠦ ᠪᠤᠯᠤᠨ᠎ᠠ ᠭᠡᠮᠡᠨ ᠳᠠᠯᠤᠨ ᠶᠠᠰᠤ ᠶᠢ ᠮᠠᠷᠭᠡ ᠳᠦᠯᠭᠡ ᠳᠤ ᠤᠯᠠᠨ ᠭᠡᠷᠡᠭᠯᠠᠳᠡᠭ᠃ ᠶᠠᠰᠤ ᠶᠢ ᠵᠠᠩ ᠠᠭᠠᠯᠢ ᠳᠤ ᠭᠡᠷᠡᠭᠯᠠᠳᠡᠭ᠃ ᠰᠢᠨ᠎ᠠ ᠭᠡᠷ ᠪᠠᠷᠢᠬᠤ᠂ ᠨᠠᠰᠦ ᠨᠠᠮᠠᠬᠦ᠂ ᠬᠡᠤᠬᠡᠳ ᠳᠦᠷᠦᠬᠦ᠂ ᠬᠦᠮᠦᠨ ᠨᠠᠰᠤ ᠪᠠᠷᠠᠬᠤ ᠵᠡᠷᠭᠡ ᠳᠤ ᠴᠦᠮ ᠱᠠᠭᠠᠨᠳᠤ ᠴᠦᠮᠦᠭᠡ ᠶᠢᠨ ᠶᠠᠰᠤ ᠶᠢ ᠭᠡᠷᠡᠭᠯᠡᠳᠡᠭ᠃ ᠡᠩᠭᠦᠷᠡᠢ ᠨᠢᠷᠠᠢ ᠬᠡᠤᠬᠡᠳ ᠲᠤ ᠡᠪᠡᠳᠴᠢᠨ ᠡᠮᠭᠡᠭ ᠪᠢᠳᠡᠭᠡᠢ ᠳᠤᠰᠤᠭ ᠭᠡᠮᠡᠨ ᠦᠯᠦᠭᠡᠢ ᠶᠢᠨ ᠪᠠᠷᠠᠭᠤᠨ ᠭᠠᠷ ᠳᠠᠯ᠎ᠠ ᠳᠤ ᠨᠢ ᠱᠠᠭᠠᠨᠳᠤ ᠴᠦᠮᠦᠭᠡ ᠬᠠᠳᠠᠵᠦ ᠤᠶᠠᠳᠠᠭ ᠵᠠᠩᠰᠢᠯ ᠪᠤᠢ ᠪᠦᠭᠡᠳ ᠰᠠᠶ᠋ᠢ ᠭᠠᠷᠴᠤ ᠪᠠᠶᠢᠭ᠎ᠠ ᠬᠡᠤᠬᠡᠳ ᠲᠤ ᠱᠠᠭ᠎ᠠ ᠶᠢ ᠨᠦᠭᠡᠯᠡᠨ ᠤᠭᠤᠰᠤᠷ ᠬᠠᠳᠠᠵᠦ ᠵᠡᠭᠦᠯᠭᠡᠳᠡᠭ ᠵᠠᠩᠰᠢᠯ ᠴᠤ ᠪᠤᠢ᠃ ᠡᠭᠦᠨ ᠠᠴᠠ ᠠᠰᠳᠠᠭᠠᠨ ᠶᠠᠰᠤ ᠶᠢ ᠬᠡᠤᠬᠡᠳ ᠵᠠᠯᠠᠭᠤᠰ ᠢᠶᠠᠷ ᠰᠠᠶᠢᠳᠦᠷ ᠮᠦᠯᠵᠢᠬᠦᠯᠴᠢᠭᠡᠭᠡᠳ ᠭᠡᠮᠭᠡᠴᠠᠵᠦ ᠪᠠᠯᠪᠠᠴᠠᠨ ᠰᠠᠶᠢᠳᠦᠷ ᠴᠢᠨᠠᠭᠠᠳ ᠳᠤᠰᠤ ᠶᠢ ᠨᠢ ᠭᠠᠷᠭᠠᠨ ᠠᠪᠴᠤ ᠳ᠋ᠧᠩ ᠵᠤᠯᠠ ᠪᠠᠷᠢᠬᠤ ᠳᠤ ᠭᠡᠷᠡᠭᠯᠡᠬᠦ ᠪᠤᠶᠤ ᠭᠤᠯᠢᠷ ᠪᠠᠭᠰᠠᠭᠠᠵᠦ ᠪᠤᠤᠪᠤ ᠬᠠᠭᠠᠷᠢᠬᠤ ᠳᠤ ᠭᠡᠷᠡᠭᠯᠠᠳᠡᠭ ᠶᠤᠰᠤ ᠴᠤ ᠪᠤᠢ᠃᠂᠂᠂᠂᠂ ᠶᠠᠰᠤᠨ ᠤ ᠦᠢᠯᠠᠳᠤᠯ ᠭᠡᠷᠡᠭᠴᠡᠭᠡ ᠭᠡᠵᠦ ᠡᠶᠢᠮᠦ ᠯᠠ ᠤᠯᠠᠨ︕ ᠳᠠᠭᠡᠭᠦ ᠳᠡᠭᠡᠨ ᠮᠤᠩᠭᠤᠯᠴᠤᠳ ᠮᠢᠨᠢ ᠮᠠᠯ ᠤᠨ ᠢᠶᠠᠨ ᠶᠠᠰᠤ ᠶᠢ ᠡᠷᠬᠢᠮᠯᠡᠵᠦ ᠳᠠᠭᠡᠳᠦᠯᠠᠵᠦ᠂ ᠡᠳ᠋ᠯᠠᠵᠦ ᠭᠡᠷᠡᠭᠯᠡᠵᠦ᠂ ᠰᠢᠳᠦᠵᠦ ᠳᠠᠬᠢᠵᠦ ᠶᠠᠪᠤᠳᠠᠭ ᠪᠠᠶᠢᠭ᠎ᠠ ᠨᠢ ᠳᠠᠷᠠ ᠪᠢᠯᠠ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号