ᠮᠠᠯ ᠮᠠᠨᠠᠬᠤ ᠶᠣᠰᠤᠨ
ᠨᠡᠶᠢᠲᠡᠯᠡᠭᠰᠡᠨ ᠴᠠᠭ᠄
2018-12-03
      ᠮᠠᠨ  ᠤ ᠮᠠᠯᠴᠢᠨ ᠮᠣᠩᠭᠤᠯᠴᠤᠳ ᠣᠨ  ᠤ ᠬᠦᠷᠳᠦ  ᠶᠢ ᠡᠯᠡᠭᠡᠨ᠂ ᠤᠯᠠᠷᠢᠯ  ᠤᠨ ᠥᠩᠭᠡ  ᠶᠢ ᠳᠠᠭᠠᠵᠤ᠂ ᠠᠭᠤᠯᠠ ᠬᠥᠪᠴᠢ᠂ ᠲᠠᠯ᠎ᠠ ᠬᠠᠩᠭᠠᠢ  ᠶᠢᠨ ᠤᠰᠤᠨ  ᠤ ᠲᠣᠩᠭᠠᠯᠠᠭ᠂ ᠡᠪᠡᠰᠦᠨ  ᠤ ᠰᠤᠷᠭᠤᠭ  ᠲᠤ ᠲᠠᠪᠤᠨ ᠬᠤᠰᠢᠭᠤ ᠮᠠᠯ  ᠢᠶᠠᠨ ᠲᠠᠷᠭᠤ ᠲᠡᠭᠰᠢ ᠠᠷᠠᠴᠢᠯᠠᠵᠤ ᠳᠣᠳᠤᠮᠳᠠᠵᠤ ᠶᠠᠪᠤᠬᠤ  ᠳᠠᠭᠠᠨ ᠬᠦᠷᠢᠶ᠎ᠡ ᠴᠠᠷ᠎ᠠ ᠥᠷᠭᠡᠨ᠂ ᠭᠠᠵᠠᠷ ᠣᠷᠤᠨ᠂ ᠦᠨᠳᠦᠰᠦᠲᠡᠨ  ᠤ ᠬᠡᠪ ᠨᠠᠮᠪᠠ ᠪᠦᠬᠦᠢ ᠨᠡᠭᠦᠳᠡᠯ ᠠᠮᠢᠳᠤᠷᠠᠯ  ᠤᠨ ᠵᠠᠩ ᠤᠶᠢᠯᠠ  ᠶᠢ ᠤᠬᠠᠭᠠᠨᠲᠤ ᠪᠤᠭᠤᠷᠤᠯᠴᠤᠳ ᠮᠢᠨᠢ ᠤᠷ᠎ᠠ ᠤᠬᠠᠭᠠᠨ  ᠢᠶᠠᠨ ᠴᠢᠯᠡᠭᠡᠵᠦ ᠰᠤᠪᠢᠨ ᠡᠭᠦᠳᠴᠦ ᠤᠯᠠᠮᠵᠢᠯᠠᠭᠰᠠᠭᠠᠷ ᠢᠷᠡᠭᠰᠰᠡᠨ ᠢᠷᠠᠭᠤ ᠲᠡᠤᠬᠡ ᠲᠠᠢ ᠶᠤᠮ᠃       ᠠᠳᠡ ᠪᠢ ᠳᠡᠭᠡᠳᠦ ᠮᠣᠩᠭᠤᠯ  ᠤᠨ ᠮᠠᠯ ᠮᠠᠨᠠᠬᠤ ᠶᠤᠰᠤ  ᠶᠢ ᠰᠤᠷᠪᠤᠯᠵᠢᠯᠠᠨ ᠲᠡᠮᠳᠡᠭᠯᠡᠵᠦ᠂ ᠨᠠᠶᠢᠲᠠ ᠮᠣᠩᠭᠤᠯ  ᠤᠨ ᠵᠠᠩ ᠤᠶᠢᠯᠠ  ᠶᠢᠨ ᠲᠤᠬᠠᠢ ᠰᠤᠳᠤᠯᠬᠤ ᠮᠡᠷᠭᠡᠳ  ᠤᠨ ᠭᠡᠭᠡᠨ ᠮᠡᠯᠮᠡᠢ  ᠳᠤ ᠡᠷᠭᠦᠨ ᠪᠠᠷᠢᠰᠤᠭᠠᠢ᠃       ᠳᠡᠭᠡᠳᠦ ᠮᠣᠩᠭᠤᠯ  ᠤᠨ ᠮᠠᠯ ᠮᠠᠨᠠᠬᠤ ᠶᠣᠰᠤ ᠭᠡᠭᠴᠢ ᠪᠣᠯ ᠬᠤᠨᠢᠴᠢᠨ ᠰᠦᠨᠢᠵᠢᠨ ᠮᠠᠯ  ᠤᠨ ᠬᠤᠲᠠᠨ ᠳᠡᠷᠭᠡᠳᠡ ᠪᠣᠶᠤ ᠬᠥᠳᠡᠭᠡ ᠬᠡᠭᠡᠷ᠎ᠡ ᠦᠬᠡᠷ ᠠᠳᠤᠭᠤ ᠰᠠᠬᠢᠵᠤ ᠮᠠᠨᠠᠨ᠂ ᠬᠤᠨᠤᠵᠤ ᠬᠡᠪᠲᠡᠬᠦ ᠶᠣᠰᠤ ᠤᠶᠢᠯᠠ ᠪᠢᠰᠢ ᠬᠠᠷᠢᠨ ᠮᠠᠯᠴᠢᠳ ᠶᠠᠮᠠᠷ ᠨᠢᠭᠡᠨ ᠰᠢᠯᠲᠠᠭᠠᠨ  ᠢᠶᠠᠷ ᠮᠠᠯ ᠰᠦᠷᠦᠭ  ᠠᠴᠠ  ᠪᠠᠨ ᠨᠢᠭᠡ ᠬᠤᠶᠠᠷ ᠪᠤᠶᠤ ᠨᠢᠵᠡᠭᠡᠳ ᠭᠡᠭᠡᠵᠦ ᠣᠷᠬᠢᠭᠠᠳ᠂ ᠡᠳᠦᠷᠵᠢᠨ ᠡᠷᠢᠵᠦ ᠰᠤᠷᠠᠭᠯᠠᠭᠠᠳ ᠣᠯᠵᠤ ᠴᠢᠳᠠᠭᠰᠠᠨ ᠦᠭᠡᠢ ᠪᠤᠯ ᠭᠡᠷ  ᠲᠡᠭᠡᠨ ᠪᠤᠴᠠᠵᠤ ᠢᠷᠡᠭᠡᠳ ᠵᠤᠯᠠ ᠬᠦᠵᠢ ᠠᠰᠠᠭᠠᠨ ᠪᠤᠷᠬᠠᠨ ᠰᠠᠬᠢᠭᠤᠯᠰᠤᠨ ᠣᠩᠭᠤᠨ ᠰᠢᠳᠦᠭᠡᠨ  ᠳᠡᠭᠡᠨ ᠵᠠᠯᠪᠠᠷᠢᠨ ᠨᠠᠶᠢᠲᠠᠵᠤ᠂ ᠭᠡᠭᠡᠵᠦ ᠠᠯᠳᠠᠭᠰᠠᠨ ᠮᠠᠯ ᠰᠦᠷᠦᠭ  ᠤᠨ ᠠᠮᠤᠷ ᠲᠦᠪᠰᠢᠨ  ᠢ ᠪᠠᠳᠤᠯᠠᠬᠤ ᠲᠠᠭᠠᠳᠬᠠᠯ  ᠤᠨ ᠤᠶᠢᠯᠠ ᠶᠣᠰᠤ ᠭᠦ᠋ᠶᠢᠴᠡᠳᠭᠡᠬᠦ  ᠶᠢ ᠬᠡᠯᠡᠵᠦ ᠪᠠᠶᠢᠬᠤ ᠶᠤᠮ᠃       ᠳᠡᠭᠡᠪᠡᠯ ᠮᠠᠯ ᠮᠠᠨᠠᠬᠤ ᠶᠤᠰᠤ ᠨᠢ ᠦᠨᠳᠦᠰᠦᠨ  ᠳᠡᠭᠡᠨ ᠡᠶᠢᠮᠦ ᠬᠡᠳᠦᠨ ᠳᠡᠰ ᠳᠠᠷᠠᠭ᠎ᠠ ᠤᠶᠢᠯᠠ ᠶᠠᠪᠤᠳᠠᠯ  ᠲᠠᠢ ᠪᠠᠶᠢᠳᠠᠭ ᠪᠠᠶᠢᠨ᠎ᠠ᠃       ᠶᠠᠭᠤᠨ  ᠤ ᠡᠮᠦᠨ᠎ᠡ ᠭᠡᠷ  ᠲᠡᠭᠡᠨ ᠬᠠᠷᠢᠵᠤ ᠢᠷᠡᠭᠰᠡᠨ  ᠤ ᠬᠤᠶᠢᠨ᠎ᠠ ᠨᠦᠳᠦᠭᠦᠷ ︵ᠤᠭᠤᠷ︶  ᠤᠨ ᠴᠢᠯᠠᠭᠤ  ᠪᠠᠨ ᠴᠢᠷᠤᠨ ︵ᠵᠠᠪᠠᠯ ᠴᠢᠷᠤᠨ᠎ᠠ︶ ᠲᠤᠯᠭ᠎ᠠ  ᠪᠠᠨ ᠵᠦᠪ ᠭᠤᠷᠪᠠ ᠲᠣᠭᠤᠷᠢᠭᠤᠯᠤᠭᠠᠳ ᠳᠠᠬᠢᠨ ᠨᠦᠳᠦᠭᠦᠷ  ᠤᠨ ᠴᠢᠯᠠᠭᠤ  ᠪᠠᠨ ᠲᠤᠯᠭ᠎ᠠ ᠤᠷᠤᠭᠤ  ᠪᠠᠨ ᠰᠢᠷᠭᠤᠭᠤᠯᠵᠤ ᠲᠠᠯᠪᠢᠨ᠎ᠠ᠃ ᠡᠨᠡ ᠪᠣᠯ ᠨᠦᠳᠦᠭᠦᠷ  ᠤᠨ ᠴᠢᠯᠠᠭᠤ  ᠪᠠᠷ ᠥᠪᠡᠷ ᠪᠡᠶ᠎ᠡ  ᠪᠠᠨ ᠲᠥᠯᠥᠭᠡᠯᠡᠭᠦᠯᠵᠦ ᠥᠪᠡᠷ ᠪᠡᠶ᠎ᠡ ᠨᠢ ᠡᠷᠢᠯ  ᠳᠤ ᠶᠠᠪᠤᠭᠠᠳ ᠰᠤᠷᠠᠭ ᠦᠭᠡᠢ ᠲᠤᠯᠠ ᠭᠠᠯ ᠭᠤᠯᠤᠮᠲᠠ  ᠶᠢᠨ ᠰᠢᠳᠦᠭᠡᠨ  ᠳᠡᠭᠡᠨ ᠭᠡᠭᠡᠭᠰᠡᠨ ᠮᠠᠯ  ᠤᠨ ᠠᠮᠤᠷ ᠮᠡᠨᠳᠦ  ᠶᠢ ᠳᠠᠭᠠᠳᠬᠠᠵᠤ ᠪᠠᠶᠢᠭ᠎ᠠ ᠰᠠᠨᠠᠭ᠎ᠠ ᠶᠤᠮ᠃       ᠳᠠᠷᠠᠭᠠᠯᠠᠪᠠᠯ ᠭᠠᠯ  ᠤᠨ ᠬᠠᠶᠢᠴᠢ ︵ᠬᠢᠮᠰᠠ︶  ᠶᠢᠨ ᠠᠮᠠ  ᠶᠢ ᠨᠣᠤᠰᠤ  ᠪᠠᠷ ᠣᠷᠢᠶᠠᠵᠤ᠂ ᠤᠨᠢᠨ  ᠳᠤ ᠬᠠᠪᠴᠢᠭᠤᠯᠬᠤ ᠪᠣᠶᠤ ᠬᠠᠨ᠎ᠠ  ᠶᠢᠨ ᠲᠣᠯᠤᠭᠠᠢ  ᠳᠤ ᠡᠯᠭᠦᠨ᠎ᠡ᠃ ᠡᠨᠡ ᠨᠢ ᠬᠡᠯᠡᠯᠭᠡᠨ ᠦᠭᠡᠢ ᠭᠡᠭᠡᠷ᠎ᠡ  ᠶᠢᠨ ᠠᠷᠢᠶᠠᠲᠠᠨ ᠠᠮᠢᠳᠠᠨ  ᠤ ᠠᠮᠠ ᠬᠤᠩᠰᠢᠶᠠᠷ  ᠢ ᠬᠠᠯᠠᠭᠤᠨ ᠬᠤᠰᠢᠭᠤᠳᠤ ᠮᠠᠯ  ᠤᠨ ᠰᠠᠬᠢᠭᠤᠯᠰᠤᠨ ᠪᠣᠭᠤᠵᠤ ᠪᠠᠷᠢᠵᠤ ᠪᠠᠶᠢᠬᠤ ᠤᠴᠢᠷ ᠲᠠᠢ ᠶᠤᠮ᠃       ᠬᠠᠮᠤᠭ ᠰᠡᠭᠦᠯ  ᠳᠤ ᠭᠡᠭᠡᠵᠦ ᠠᠯᠳᠠᠭᠰᠠᠨ ᠮᠠᠯ  ᠤᠨ ᠲᠤᠭ᠎ᠠ  ᠪᠠᠷ ᠪᠣᠶᠤ ᠪᠠᠷᠤᠭᠴᠠᠭᠠᠯᠠᠨ ᠪᠠᠶᠢᠵᠤ᠂ ᠬᠤᠨᠢᠨ  ᠤ ᠬᠤᠷᠭᠤᠯ ᠲᠡᠭᠦᠵᠦ ᠠᠪᠴᠢᠷᠠᠨ ᠪᠤᠷᠬᠠᠨ  ᠤ ᠭᠦᠩᠭᠠᠷᠪᠠ  ᠶᠢᠨ ᠡᠮᠦᠨ᠎ᠡ ᠠᠶᠠᠭ᠎ᠠ  ᠪᠠᠷ ᠪᠢᠳᠡᠭᠦᠯᠦᠨ ᠳᠠᠷᠤᠵᠤ ᠲᠠᠯᠪᠢᠨ᠎ᠠ᠃ ᠲᠠᠷᠤᠢ ᠪᠤᠷᠬᠠᠨ  ᠤ ᠥᠷᠦᠰᠢᠶᠡᠯ ᠡᠨᠡᠷᠢᠯ  ᠢᠶᠠᠷ ᠳᠡᠳᠡᠭᠡᠷ ᠬᠥᠳᠡᠭᠡ ᠭᠡᠭᠡᠷ᠎ᠡ ᠶᠠᠪᠤᠭ᠎ᠠ ᠮᠠᠯ ᠨᠢ ᠭᠡᠮᠳᠦᠯ ᠰᠤᠶᠢᠳᠤᠯ ᠦᠭᠡᠢ  ᠪᠠᠷ ᠤᠷᠭᠤᠬᠤ ᠨᠠᠷᠠ ᠲᠠᠢ ᠤᠴᠠᠷᠠᠨ᠂ ᠤᠤᠯ  ᠤᠨ ᠡᠵᠡᠨ ᠰᠦᠷᠦᠭ  ᠲᠡᠭᠡᠨ ᠪᠦᠳᠦᠨ ᠪᠦᠯᠢᠶᠡᠨ ᠪᠤᠴᠠᠵᠤ ᠢᠷᠡᠬᠦ  ᠶᠢ ᠳᠠᠭᠠᠳᠬᠠᠨ ᠬᠠᠮᠠᠭᠠᠯᠠᠭᠤᠯᠵᠤ ᠪᠠᠶᠢᠬᠤ ᠤᠬᠠᠭᠠᠨ ᠲᠠᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号