ᠮᠤᠩᠭᠤᠯᠴᠤᠳ ᠤᠨ ᠭᠠᠯ ᠳᠠᠬᠢᠬᠤ ᠵᠠᠩ ᠦᠢᠯᠡ ᠶᠢᠨ ᠳᠤᠬᠠᠢ
ᠨᠡᠶᠢᠲᠡᠯᠡᠭᠰᠡᠨ ᠴᠠᠭ᠄
2018-12-03
                                                                                       ᠬᠤᠷᠢᠨ ᠭᠤᠷᠪᠠᠨ ︵ᠬᠤᠷᠢᠨ ᠳᠦᠷᠪᠡᠨ︶ ᠤ ᠭᠠᠯ ᠳᠠᠬᠢᠯᠭ᠎ᠠ ᠳᠤ ᠬᠦᠢᠴᠡᠳᠬᠡᠬᠦ ᠵᠠᠩ ᠦᠢᠯᠡ ᠨᠢ ᠠᠷᠪᠢᠨ ᠪᠠᠶᠢᠳᠠᠭ ᠳᠤᠯᠠ ᠬᠦᠮᠦᠰ ᠡᠨᠡᠬᠦ ᠭᠠᠯ ᠳᠠᠬᠢᠯᠭ᠎ᠠ ᠪᠠᠨ ︽ᠶᠡᠭᠡ ᠭᠠᠯ ᠳᠠᠬᠢᠯᠭ᠎ᠠ︾ ᠬᠡᠵᠦ ᠨᠡᠷᠡᠯᠡᠳᠡᠭ᠃ ᠬᠡᠪᠡᠴᠦ ᠨᠤᠳᠤᠭ ᠤᠰᠤᠨ ᠤ ᠦᠷᠬᠡᠨ ᠠᠭᠤᠳᠠᠮ ᠤᠨ ᠬᠠᠷᠠᠭ᠎ᠠ ᠪᠠᠷ ᠵᠠᠷᠢᠮ ᠨᠤᠳᠤᠭ ᠲᠤ ᠪᠠᠰᠠ ︽ᠤᠨ ᠤ ᠭᠠᠯ ᠳᠠᠬᠢᠯᠭ᠎ᠠ︾᠂ ︽ᠡᠪᠦᠯ ᠤᠨ ᠭᠠᠯ ᠳᠠᠬᠢᠯᠭ᠎ᠠ︾ ᠬᠡᠵᠦ ᠴᠦ ᠬᠡᠯᠡᠳᠡᠭ ᠪᠠᠶᠢᠵᠠᠢ᠃          ᠮᠤᠩᠭᠤᠯ ᠵᠠᠩ ᠦᠢᠯᠡ ᠶᠢᠨ ᠳᠤᠯᠭᠤᠷ ᠪᠢᠴᠢᠭ ᠪᠤᠯᠤᠭᠰᠠᠨ — ︽ᠮᠤᠩᠭᠤᠯ ᠵᠠᠩ ᠦᠢᠯᠡ ᠶᠢᠨ ᠨᠡᠪᠳᠡᠷᠬᠡᠢ ᠳᠤᠯᠢ︾ ︵ᠤᠶᠤᠨ ᠤ ᠪᠤᠳᠢ︶᠂ ︵ᠳᠤᠷᠤᠭᠰᠢ ︽ᠳᠤᠯᠢ︾ ᠬᠡᠵᠦ ᠳᠦᠬᠦᠮᠴᠢᠯᠡᠪᠡ︶ ᠳᠤ᠄ ︽ᠬᠦᠮᠦᠨ ᠳᠦᠷᠦᠯᠬᠢᠳᠡᠨ ᠠᠯᠢ ᠡᠷᠳᠡᠨ ᠠᠴᠠ ᠭᠠᠯ ᠢ ᠰᠢᠳᠦᠵᠦ ᠳᠠᠬᠢᠭᠰᠠᠭᠠᠷ ᠢᠷᠡᠵᠠᠢ᠃ ᠮᠤᠩᠭᠤᠯᠴᠤᠳ ᠤᠨ ᠡᠪᠦᠭᠡ ᠳᠡᠬᠡᠳᠦᠰ ᠴᠦ ᠠᠯᠢ ᠤᠵᠤᠭᠤᠷ ᠠᠴᠠ ᠭᠠᠯ ᠢ ᠳᠠᠨᠢᠵᠤ ᠠᠰᠢᠭᠯᠠᠵᠤ ᠪᠢᠰᠢᠷᠡᠨ ᠰᠢᠳᠦᠵᠦ ᠡᠬᠢᠯᠡᠵᠠᠢ᠃ ᠳᠡᠳᠡᠨᠤᠰ ᠭᠤᠷᠪᠠᠨ ᠴᠢᠯᠠᠭᠤ ᠪᠠᠷ ᠳᠤᠯᠭ᠎ᠠ ᠬᠢᠵᠦ᠂ ᠡᠬᠦᠨ ᠢᠶᠠᠨ ︿ᠭᠠᠯ ᠭᠤᠯᠤᠮᠳᠠ﹀ ᠬᠡᠵᠦ ᠨᠡᠷᠡᠶᠢᠳᠴᠦ᠂ ᠭᠠᠯ ᠢ ᠳᠦᠢᠯ  ᠤᠨ ᠡᠷᠬᠢᠮ ᠳᠡᠬᠡᠳᠦ ᠷᠢᠳᠢ ᠰᠢᠳᠢ ᠲᠠᠢ ᠶᠠᠭᠤᠮ᠎ᠠ ᠪᠠᠷ ᠦᠵᠡᠵᠦ᠂ ᠠᠷᠢᠭᠤᠨ ᠴᠢᠨᠠᠷ ᠲᠠᠢ᠂ ᠢᠯᠴᠢ ᠪᠠ ᠬᠡᠷᠡᠯ ᠢ ᠠᠪᠴᠢᠷᠠᠭᠴᠢ ᠰᠠᠬᠢᠭᠤᠰᠤ ᠪᠤᠯᠭᠠᠵᠤ ᠪᠠᠶᠢᠵᠠᠢ︾① ᠬᠡᠵᠦ ᠳᠡᠮᠳᠡᠭᠯᠡᠵᠦ ᠪᠠᠶᠢᠳᠠᠭ ᠪᠢᠯᠡ᠃            ᠮᠤᠩᠭᠤᠯᠴᠤᠳ ᠮᠠᠨᠢ᠂ ᠡᠷᠳᠡ ᠦᠶ᠎ᠡ ᠠᠴᠠ ︽ᠭᠤᠷᠪᠠᠨ ᠴᠢᠯᠠᠭᠤ ᠪᠠᠷ ᠳᠤᠯᠭ᠎ᠠ ᠬᠢᠵᠦ᠂ ᠡᠬᠦᠨ ᠢᠶᠠᠨ ︿ᠭᠠᠯ ᠭᠤᠯᠤᠮᠳᠠ﹀ ᠬᠡᠵᠦ ᠨᠡᠷᠡᠶᠢᠳᠴᠦ︾ ᠡᠬᠦᠨ ᠢᠶᠠᠨ ᠴᠢᠨᠠᠭᠰᠢ ᠯᠠᠪᠰᠢᠷᠠᠭᠤᠯᠤᠨ ᠤᠳᠬ᠎ᠠ ᠰᠢᠯᠵᠢᠬᠦᠯᠵᠦ ︽ᠠᠶᠢᠯ ᠡᠷᠦᠬᠡ ᠶᠢᠨ ᠰᠦᠷ ᠰᠦᠯᠳᠡ︾ ᠪᠠᠷ ᠦᠵᠡᠬᠦ᠂ ︽ᠡᠷᠦᠬᠡ ᠶᠢᠨ ᠡᠵᠡᠨ ᠤ ᠵᠠᠯᠭᠠᠮᠵᠢᠯᠠᠭᠴᠢ ᠪᠠᠨ ︿ᠭᠤᠯᠤᠮᠳᠠ ᠶᠢᠨ ᠡᠵᠡᠨ﹀︾ ② ᠬᠡᠵᠦ ᠦᠵᠡᠬᠦ ᠵᠠᠩᠰᠢᠯ ᠲᠠᠢ ᠪᠤᠯᠤᠭᠰᠠᠨ ᠪᠠᠶᠢᠳᠠᠭ᠃ ᠬᠡᠷᠪᠡ ︽ᠦᠷ᠎ᠡ ᠦᠨᠳᠦᠰᠦ ᠵᠠᠯᠭᠠᠮᠵᠢᠯᠠᠬᠤ ᠬᠡᠥᠬᠡᠳ ᠦᠬᠡᠢ ᠪᠤᠯᠪᠠᠯ ︿ᠭᠠᠯ ᠭᠤᠯᠤᠮᠳᠠ ᠳᠠᠰᠤᠷᠠᠬᠤ ᠶᠤᠮ ᠪᠠᠶᠢᠨ᠎ᠠ﹀︾ ᠬᠡᠵᠦ ᠵᠤᠪᠠᠭ᠋ᠤ ᠪᠤᠯᠤᠭᠰᠠᠨ ᠪᠠᠶᠢᠳᠠᠭ᠃ ᠮᠦᠨ ᠴᠦ ︽ᠳᠤᠯᠭ᠎ᠠ ᠲᠠᠢ ᠭᠠᠯ ᠤᠨ ᠳᠦᠯᠦ ᠨᠢ ᠨᠢᠬᠡ︾᠂ ︽ᠳᠤᠯᠭ᠎ᠠ ᠶᠢᠨ ᠭᠤᠷᠪᠠᠨ ᠴᠢᠯᠠᠭᠤ︾ ᠶᠢᠨ ᠠᠯᠢ  ᠨᠢ ᠴᠦ ᠳᠤᠳᠠᠵᠤ ᠪᠤᠯᠬᠤ ᠦᠬᠡᠢ ᠬᠡᠵᠦ ︽ᠪᠦᠯᠬᠦᠮᠳᠡᠯ ᠨᠢᠭᠳᠠᠷᠠᠯ︾ ︽ᠡᠶ᠎ᠡ ᠵᠤᠬᠢᠴᠠᠯ︾ ᠢ ᠡᠷᠬᠢᠮᠯᠡᠭᠰᠡᠬᠡᠷ ᠢᠷᠡᠭᠰᠡᠨ ᠪᠠᠶᠢᠳᠠᠭ᠃             ᠮᠤᠩᠭᠤᠯᠴᠤᠳ ᠤᠨ ︽ᠭᠠᠯ ᠳᠠᠬᠢᠯᠭ᠎ᠠ︾ ᠶᠢ ︽ᠠᠶᠢᠯ ᠡᠷᠦᠬᠡ ᠶᠢᠨ ᠳᠠᠬᠢᠯᠭ᠎ᠠ︾᠂ ︽ᠠᠯᠪᠠᠨ ᠳᠠᠬᠢᠯᠭ᠎ᠠ ︾᠂ ︽ᠰᠦᠮ᠎ᠡ ᠬᠡᠶᠢᠳ ᠤᠨ ᠳᠠᠬᠢᠯᠭ᠎ᠠ︾ ᠬᠡᠵᠦ ᠭᠤᠷᠪᠠᠨ ᠳᠦᠷᠦᠯ ᠬᠤᠪᠢᠶᠠᠳᠠᠭ ᠠᠵᠢ᠃ ᠡᠨᠡᠬᠦ ᠭᠤᠷᠪᠠᠨ ᠳᠦᠷᠦᠯ ᠵᠦᠢᠯ ᠤᠨ ᠳᠠᠬᠢᠯᠭ᠎ᠠ ᠪᠠᠨ ︽ᠪᠦᠬᠡ ᠮᠦᠷᠬᠦᠯ ᠤᠨ ᠶᠤᠰᠤ ᠪᠠᠷ ᠳᠠᠬᠢᠬᠤ᠂ ᠰᠢᠷ᠎ᠠ ᠶᠢᠨ ᠱᠠᠰᠢᠨ ᠤ ᠰᠤᠷᠭᠠᠯ ᠢᠶᠠᠷ ᠳᠠᠬᠢᠬᠤ︾ ③ ᠬᠤᠶᠠᠷ ᠬᠡᠯᠪᠡᠷᠢ ᠪᠠᠷ ᠬᠢᠵᠦ ᠬᠦᠢᠴᠡᠳᠬᠡᠵᠦ ᠢᠷᠡᠭᠰᠡᠨ ᠪᠠᠶᠢᠵᠠᠢ᠃ ᠡᠨᠡᠬᠦ ᠬᠤᠶᠠᠷ ᠬᠡᠯᠪᠡᠷᠢ ᠪᠠᠷ ᠬᠢᠵᠦ ᠬᠦᠢᠴᠡᠳᠬᠡᠬᠦ ᠴᠠᠭ ᠤᠨ ᠳᠤᠬᠢᠷᠠᠭᠤᠯᠭ᠎ᠠ ᠶᠢᠨ ᠬᠤᠪᠢ ᠳᠤ ︽ᠡᠳᠦᠷ ᠤᠨ ᠳᠠᠬᠢᠯᠭ᠎ᠠ︾᠂ ︽ᠰᠠᠷ᠎ᠠ ᠶᠢᠨ ᠳᠠᠬᠢᠯᠭ᠎ᠠ︾᠂ ︽ᠤᠯᠠᠷᠢᠯ ᠤᠨ ᠳᠠᠬᠢᠯᠭ᠎ᠠ︾᠂ ︽ᠶᠡᠭᠡ ᠭᠠᠯ ᠳᠠᠬᠢᠯᠭ᠎ᠠ︾④ ᠬᠡᠵᠦ ᠬᠤᠪᠢᠶᠠᠨ ᠳᠤᠬᠢᠷᠠᠭᠤᠯᠵᠤ ᠬᠢᠳᠡᠭ ᠪᠠᠶᠢᠵᠠᠢ᠃             ᠨᠤᠳᠤᠭ ᠤᠨ ᠨᠠᠰᠤᠳᠠᠳ ᠤᠨ ᠬᠡᠯᠡᠬᠦ ᠪᠠᠷ᠄ ᠦᠩᠬᠡᠷᠡᠭᠰᠡᠨ ᠳᠤ ᠡᠬᠡᠯ ᠶᠠᠳᠠᠭᠤ ᠠᠷᠠᠳ ᠤᠳ ᠮᠠᠨᠢ᠂ ᠭᠠᠯ ᠭᠤᠯᠤᠮᠳᠠ ᠪᠠᠨ ᠳᠠᠬᠢᠵᠤ ᠰᠦᠰᠦᠭ ᠪᠢᠰᠢᠷᠡᠯ ᠢᠶᠠᠨ ᠬᠦᠢᠴᠡᠳᠬᠡᠬᠦ ᠳᠡᠭᠡᠨ ︽ᠡᠳᠦᠷ ᠤᠨ ᠳᠠᠬᠢᠯᠭ᠎ᠠ︾ ᠪᠤᠯᠤᠨ ︽ᠶᠡᠭᠡ ᠭᠠᠯ ᠳᠠᠬᠢᠯᠭ᠎ᠠ︾ ᠶᠢᠨ ᠬᠡᠯᠪᠡᠷᠢ ᠶᠢ ᠭᠤᠤᠯᠴᠢᠯᠠᠨ ᠬᠡᠷᠡᠭᠯᠡᠵᠦ ᠪᠠᠶᠢᠭᠰᠠᠨ ᠬᠡᠨ᠎ᠡ᠃            ︽ᠡᠳᠦᠷ ᠤᠨ ᠳᠠᠬᠢᠯᠭ᠎ᠠ︾ ᠨᠢ ᠭᠤᠤᠯᠳᠠᠭᠤ᠄ ᠡᠳᠦᠷ ᠳᠤᠳᠤᠮ ᠤᠨ ᠴᠠᠭ ᠤᠨ ᠬᠤᠭᠤᠯᠠ ᠤᠮᠳᠠᠭᠠᠨ ᠤ ︽ᠳᠡᠬᠡᠵᠢ ᠪᠠᠨ ᠭᠠᠯ ᠳᠠᠭᠠᠨ ᠡᠷᠬᠦᠬᠦ᠂ ᠤᠷᠤᠭ ᠬᠤᠷᠢᠮ ᠳᠡᠬᠡᠷ᠎ᠡ ᠭᠠᠯ ᠭᠤᠯᠤᠮᠳᠠ ᠳᠠᠭᠠᠨ ᠮᠦᠷᠬᠦᠬᠦ ᠪᠤᠶᠤ ᠬᠡᠥᠬᠡᠳ ᠦᠷᠡᠴᠢᠯᠡᠬᠦ᠂ ᠬᠡᠥᠬᠡᠳ ᠲᠠᠢ ᠪᠤᠯᠬᠤ᠂ ᠠᠶᠠᠨ ᠵᠢᠩ ᠳᠤ ᠶᠠᠪᠤᠬᠤ᠂ ᠴᠡᠷᠢᠭ ᠳᠠᠶᠢᠨ ᠳᠤ ᠮᠤᠷᠳᠠᠬᠤ᠂ ᠬᠤᠯᠠᠭᠠᠢ ᠳᠡᠬᠡᠷᠡᠮ ᠠᠷᠪᠢᠳᠤᠬᠤ᠂ ᠭᠠᠩ ᠭᠠᠮᠰᠢᠭ ᠪᠤᠯᠬᠤ᠂ ᠡᠪᠡᠳᠴᠢᠨ ᠬᠢᠵᠢᠭ ᠳᠡᠯᠬᠡᠷᠡᠬᠦ᠂ ᠴᠢᠨ᠋ᠸ᠎ᠠ ᠨᠤᠬᠠᠢ ᠳᠤᠭᠰᠢᠷᠠᠬᠤ ᠵᠡᠷᠬᠡ ᠡᠯᠳᠡᠪ ᠤᠴᠢᠷ ᠲᠤ ᠭᠠᠯ ᠭᠤᠯᠤᠮᠳᠠ ᠪᠠᠨ ᠳᠠᠬᠢᠵᠤ ᠠᠪᠤᠷᠠᠯ ᠳᠠᠭᠠᠳᠬᠠᠯ ᠭᠤᠶᠤᠬᠤ ᠵᠠᠩ ᠦᠢᠯᠡ︾⑤ ᠶᠢ ᠬᠦᠢᠴᠡᠳᠬᠡᠳᠡᠭ ᠪᠠᠶᠢᠵᠠᠢ᠃             ︽ᠡᠳᠦᠷ ᠤᠨ ᠳᠠᠬᠢᠯᠭ᠎ᠠ︾ ᠪᠤᠯᠤᠨ ︽ᠶᠡᠭᠡ ᠭᠠᠯ ᠳᠠᠬᠢᠯᠭ᠎ᠠ︾ ᠨᠢ ᠪᠠᠵᠠᠭᠠᠵᠤ ᠪᠡᠯᠡᠳᠬᠡᠬᠦ ᠬᠡᠪᠴᠢᠶ᠎ᠡ ᠨᠢ ᠶᠡᠭᠡ ᠪᠠᠭ᠎ᠠ ᠶᠢᠨ ᠢᠯᠭᠠᠭ᠎ᠠ ᠲᠠᠢ᠂ ᠳᠠᠬᠢᠯᠭ᠎ᠠ ᠮᠦᠷᠬᠦᠯ ᠬᠢᠬᠦ ᠨᠢ ᠳᠦᠬᠦᠮ ᠨᠠᠷᠢᠯᠢᠭ ᠤᠨ ᠵᠦᠷᠢᠶᠡᠨ ᠲᠠᠢ ᠪᠠᠶᠢᠬᠤ ᠳᠡᠳᠦᠢ ᠠᠴᠠ ᠪᠢᠰᠢ᠂ ᠭᠠᠯ ᠪᠤᠷᠬᠠᠨ ᠳᠤ ᠪᠠᠨ ᠰᠦᠰᠦᠭ ᠪᠢᠰᠢᠷᠡᠯ ᠢᠶᠠᠨ ᠢᠯᠡᠳᠬᠡᠬᠦ᠂ ᠡᠪᠦᠭᠡ ᠳᠡᠬᠡᠳᠦᠰ ᠲᠡᠭᠡᠨ ᠬᠠᠶᠢᠷ᠎ᠠ ᠬᠦᠨᠳᠦᠳᠦᠬᠡᠯ ᠢᠶᠠᠨ ᠢᠯᠡᠳᠬᠡᠬᠦ ᠠᠭᠤᠯᠭ᠎ᠠ ᠶᠢᠨ ᠬᠤᠪᠢ ᠳᠤ ᠠᠪ ᠠᠳᠠᠯᠢᠬᠠᠨ ᠪᠠᠶᠢᠳᠠᠭ ᠤᠴᠢᠷ ᠲᠠᠢ ᠬᠡᠳᠡᠭ᠃             ᠮᠤᠩᠭᠤᠯᠴᠤᠳ ᠤᠨ ᠠᠯᠢ ᠤᠵᠠᠭᠤᠷ ᠠᠴᠠ ᠰᠢᠳᠦᠨ ᠳᠠᠬᠢᠵᠤ ᠢᠷᠡᠭᠰᠡᠨ ︽ᠭᠠᠯ ᠤᠨ ᠰᠠᠬᠢᠭᠤᠰᠤ︾ ᠪᠤᠯ ᠳᠠᠷᠤᠢ ᠮᠤᠩᠭᠤᠯ ᠪᠦᠬᠡ ᠨᠠᠷ ᠤᠨ ᠰᠡᠳᠬᠢᠨ ᠪᠢᠰᠢᠯᠭᠠᠭᠰᠠᠨ ︽ᠤᠳᠬᠤᠨ ᠳᠡᠭᠷᠢ︾ ᠪᠤᠯᠤᠨ᠎ᠠ᠃ ᠡᠨᠡ ᠨᠢ ᠳᠠᠷᠤᠢ ᠭᠠᠯ ᠤᠨ ᠰᠤᠳᠤᠷ ᠲᠤ ᠳᠤᠷᠠᠳᠤᠭᠳᠠᠵᠤ ᠪᠠᠶᠢᠳᠠᠭ ︽ᠠᠮᠢ ᠨᠠᠰᠤ᠂ ᠳᠦᠷᠦᠬᠦ ᠡᠰᠨᠢᠬᠦ ᠶᠢᠨ ᠡᠬᠢ ᠡᠬᠦᠰᠦᠯ︾ ᠪᠤᠯᠤᠭᠰᠠᠨ ︽ᠡᠮ᠎ᠡ ᠬᠦᠢᠰᠦᠳᠡᠨ ᠪᠠ ᠡᠬᠡ ᠶᠢᠨ ᠪᠦᠷᠢᠯᠸ᠎ᠠ︾ ᠬᠡᠮᠡᠭᠳᠡᠭᠰᠡᠨ ︽ᠤᠳᠬᠤᠨ ᠭᠠᠯᠢᠬᠠᠨ ᠡᠬᠡ︾⑥ ᠪᠤᠯᠤᠨ᠎ᠠ᠃             ᠮᠤᠩᠭᠤᠯᠴᠤᠳ ᠨᠢ᠂ ᠡᠷᠳᠡ ᠦᠶ᠎ᠡ ᠳᠤ ︽ᠶᠡᠭᠡ ᠭᠠᠯ ᠳᠠᠬᠢᠯᠭ᠎ᠠ︾ ᠬᠢᠬᠦ ᠳᠡᠭᠡᠨ ︽ᠬᠤᠨᠢ ᠪᠠᠷ ᠳᠠᠬᠢᠳᠠᠭ ᠵᠠᠩ ᠦᠢᠯᠡ︾⑦ ᠲᠠᠢ ᠪᠠᠶᠢᠵᠤ᠂ ᠰᠡᠬᠦᠯᠳᠡᠵᠦ ᠢᠷᠡᠬᠡᠳ ︽ᠬᠤᠨᠢᠨ ᠡᠪᠴᠢᠬᠦᠤ ᠪᠠᠷ ᠭᠤᠤᠯ ᠳᠠᠬᠢᠯ ᠳᠠᠪᠠᠭ ᠪᠤᠯᠭᠠᠨ ᠭᠠᠯ ᠳᠠᠬᠢᠳᠠᠭ ᠵᠠᠩᠰᠢᠯ︾⑧ ᠲᠠᠢ ᠪᠤᠯᠤᠭᠰᠠᠨ ᠪᠠᠶᠢᠵᠠᠢ᠃             ᠡᠶᠢᠮᠦᠷᠬᠦᠤ ᠦᠬᠡᠷᠡᠴᠢᠯᠡᠯᠳᠡ ᠭᠠᠷᠤᠭᠰᠠᠨ ᠤ ᠭᠤᠤᠯ ᠰᠢᠯᠳᠠᠭᠠᠨ ᠨᠢ᠂ ᠰᠢᠷ᠎ᠠ ᠶᠢᠨ ᠱᠠᠰᠢᠨ ᠤ ᠮᠤᠩᠭᠤᠯ ᠤᠷᠤᠨ ᠳᠠᠬᠢ ᠬᠦᠭᠵᠢᠯᠳᠡ ᠯᠦᠭᠡ ᠬᠤᠯᠪᠤᠭ᠎ᠠ ᠲᠠᠢ ᠪᠠᠶᠢᠳᠠᠭ ᠠᠵᠢ᠃             ︽ᠪᠦᠬᠦᠯᠢ ᠬᠤᠨᠢ ᠪᠠᠷ ᠭᠠᠯ ᠳᠠᠬᠢᠳᠠᠭ ᠨᠢ ᠪᠦᠬᠡ ᠮᠦᠷᠬᠦᠯ ᠤᠨ ᠵᠠᠩ ᠦᠢᠯᠡ ᠪᠠᠶᠢᠵᠤ᠂ ᠡᠪᠴᠢᠬᠦᠤ ᠪᠠᠷ ᠭᠠᠯ ᠳᠠᠬᠢᠬᠤ ᠨᠢ ᠰᠢᠷ᠎ᠠ ᠶᠢᠨ ᠱᠠᠰᠢᠨ ᠤ ᠨᠤᠮᠯᠠᠯ ᠪᠦᠬᠡ ᠮᠦᠷᠬᠦᠯ ᠤᠨ ᠶᠤᠰᠤᠨ ᠲᠠᠢ ᠬᠤᠳᠬᠤᠯᠳᠤᠭᠰᠠᠨ︾⑨ ᠵᠠᠩ ᠦᠢᠯᠡ ᠬᠡᠵᠦ ᠬᠡᠯᠡᠳᠡᠭ᠃ ᠡᠨᠡᠬᠦ ᠦᠬᠡᠷᠡᠴᠢᠯᠡᠯᠳᠡ ᠨᠢ ᠳᠠᠷᠤᠢ ᠯᠠᠮᠠ ᠨᠠᠷ ᠠᠴᠠ ᠰᠢᠷ᠎ᠠ ᠶᠢᠨ ᠱᠠᠰᠢᠨ ᠤ ᠨᠤᠮᠯᠠᠯ  ᠢ ᠵᠢᠷᠤᠮᠯᠠᠨ‌ᠮᠤᠩᠭᠤᠯᠴᠤᠳ ᠤᠨ ᠭᠠᠯ ᠳᠠᠬᠢᠬᠤ ᠵᠠᠩ ᠦᠢᠯᠡ ᠳᠤ ᠠᠭᠤᠯᠭ᠎ᠠ ᠨᠡᠮᠡᠷᠢᠯᠡᠨ᠂ ᠳᠠᠬᠢᠯᠭ᠎ᠠ ᠮᠦᠷᠬᠦᠯ ᠤᠨ ᠶᠤᠰᠤᠨ ᠢ ᠨᠠᠷᠢᠯᠢᠭᠵᠢᠭᠤᠯᠵᠤ᠂ ᠭᠠᠯ ᠳᠠᠬᠢᠯᠭ᠎ᠠ ᠶᠢᠨ ᠰᠤᠶᠤᠯ ᠢ ᠴᠢᠨᠠᠭᠰᠢᠳᠠ ᠨᠢᠬᠡᠨ ᠠᠯᠬᠤᠮ ᠬᠦᠭᠵᠢᠬᠦᠯᠦᠭᠰᠡᠨ ᠶᠠᠪᠤᠳᠠᠯ ᠬᠡᠵᠦ ︽ᠳᠤᠯᠢ︾ ᠳᠤ ᠳᠡᠮᠳᠡᠭᠯᠡᠵᠦ ᠪᠠᠶᠢᠳᠠᠭ ᠪᠢᠯᠡ᠃ ᠡᠨᠡᠬᠦ ᠦᠬᠡᠷᠡᠴᠢᠯᠡᠯᠳᠡ ᠨᠢ ᠮᠤᠩᠭᠤᠯᠴᠤᠳ ᠤᠨ ᠤᠯᠠᠮᠵᠢᠯᠯᠠᠳᠤ ᠵᠠᠩᠰᠢᠯ ᠶᠤᠰᠤᠨ ᠯᠤᠭ᠎ᠠ ᠶᠡᠬᠡᠯ᠎ᠡ ᠶᠠᠪ ᠴᠠᠪ ᠨᠡᠶᠢᠴᠡᠭᠰᠡᠨ ᠪᠠᠶᠢᠳᠠᠭ ᠨᠢ ᠭᠠᠶᠢᠬᠠᠯᠳᠠᠢ ᠪᠢᠯᠡ᠃             ᠮᠤᠩᠭᠤᠯᠴᠤᠳ ᠤᠨ ᠵᠠᠩᠰᠢᠯ ᠶᠤᠰᠤᠨ ᠳᠤ ᠡᠪᠴᠢᠬᠦᠤ ᠶᠢ ︽ᠬᠠᠮᠤᠭ ᠮᠢᠬᠠᠨ ᠤ ᠳᠡᠪᠢᠰᠬᠡᠷ︾⑩ ᠬᠡᠮᠡᠨ ᠦᠵᠡᠳᠡᠭ ᠨᠢᠬᠡᠨ ᠵᠠᠩᠰᠢᠯ ᠶᠤᠰᠤᠨ ᠪᠠᠶᠢᠳᠠᠭ᠃             ᠮᠤᠩᠭᠤᠯᠴᠤᠳ ᠤᠨ ᠵᠠᠩᠰᠢᠯ ᠶᠤᠰᠤᠨ ᠳᠤ ᠪᠠᠰᠠ ︽ᠭᠠᠯ ᠤᠨ ᠡᠪᠴᠢᠬᠦᠨ ᠤ ᠬᠡᠷᠰᠡᠩ ᠳᠤᠨᠢ ᠠᠷᠠᠰᠦ ᠶᠢ  ᠨᠢ ᠦᠯᠡᠳᠡᠬᠡᠵᠦ︾ ᠪᠠᠶᠢᠳᠠᠭ ᠨᠢ᠂ ︽ᠠᠷᠠᠰᠤ ᠲᠠᠢ ᠬᠤᠨᠢ ᠪᠠᠷ ᠳᠠᠬᠢᠵᠤ ᠪᠠᠶᠢᠬᠤ︾ ᠯᠤᠭ᠎ᠠ ᠠᠳᠠᠯᠢᠬᠠᠨ ︽ᠰᠠᠨᠠᠭ᠎ᠠ︾⑾ ᠬᠡᠮᠡᠨ ᠦᠵᠡᠳᠡᠭ ᠨᠢᠬᠡᠨ ᠵᠠᠩᠰᠢᠯ ᠶᠤᠰᠤᠨ ᠴᠦ ᠪᠠᠶᠢᠳᠠᠭ ᠠᠵᠢ᠃             ᠮᠤᠩᠭᠤᠯᠴᠤᠳ ᠤᠨ ᠵᠠᠩᠰᠢᠯ ᠶᠤᠰᠤᠨ ᠳᠤ ᠪᠠᠰᠠ ︽ᠡᠪᠴᠢᠬᠦᠤ ᠶᠢ ᠬᠠᠳᠤᠨ ᠬᠦᠮᠦᠨ ︵ᠡᠮ᠎ᠡ ᠬᠦᠢᠰᠦᠳᠡᠨ︶ ᠤ ᠵᠤᠭᠤᠭ ᠢᠶᠠᠷ ᠬᠡᠷᠡᠭᠯᠡᠳᠡᠭ ᠵᠠᠩᠰᠢᠯ︾⑿ ᠴᠦ ᠪᠠᠶᠢᠳᠠᠭ ᠪᠠᠶᠢᠵᠠᠢ᠃            ᠡᠶᠢᠮᠦ ᠠᠴᠠ ︽ᠡᠮ᠎ᠡ ᠬᠦᠢᠰᠦᠳᠡᠨ ᠪᠠ ᠡᠬᠡ ᠶᠢᠨ ᠪᠦᠷᠢᠯᠸ᠎ᠠ︾ ᠬᠡᠵᠦ ᠪᠢᠰᠢᠷᠡᠨ ᠰᠢᠳᠦᠵᠦ ᠪᠠᠶᠢᠭ᠎ᠠ ︽ᠭᠠᠯ ᠪᠤᠷᠬᠠᠨ︾ — ︽ᠤᠳᠬᠤᠨ ᠭᠠᠯᠢᠬᠠᠨ ᠡᠬᠡ︾ ᠪᠠᠨ ᠡᠪᠴᠢᠬᠦᠤ ᠪᠠᠷ ᠬᠦᠨᠳᠦᠳᠬᠡᠨ ᠳᠠᠬᠢᠬᠤ ᠨᠢ ᠵᠠᠩᠰᠢᠯ ᠶᠤᠰᠤᠨ ᠳᠤ ᠨᠡᠶᠢᠴᠡᠬᠦ ᠤᠴᠢᠷ ᠪᠤᠯᠬᠤ ᠪᠢᠯᠡ᠃             ᠪᠢᠳᠡᠨᠤᠰ ᠮᠤᠩᠭᠤᠯᠴᠤᠳ ᠤᠨ ᠢᠶᠠᠨ ᠪᠢᠯᠢᠭ ᠤᠨ ᠤᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ ︵ᠬᠤᠷᠢᠨ ᠳᠦᠷᠪᠡᠨ︶ ᠤ ᠭᠠᠯ ᠳᠠᠬᠢᠯᠭ᠎ᠠ ᠶᠢᠨ ᠵᠠᠩ ᠦᠢᠯᠡ ᠶᠢᠨ ᠡᠬᠦᠰᠦᠨ ᠪᠦᠷᠢᠯᠳᠦᠵᠦ ᠬᠦᠭᠵᠢᠵᠦ ᠢᠷᠡᠭᠰᠡᠨ ᠪᠠᠶᠢᠳᠠᠯ ᠢ ᠳᠤᠩᠭᠠᠨ ᠰᠢᠨᠵᠢᠯᠡᠵᠦ ᠦᠵᠡᠪᠡᠯ᠂ ᠡᠨᠡᠬᠦ ᠡᠳᠦᠷ ᠨᠢ ᠮᠤᠩᠭᠤᠯᠴᠤᠳ ᠤᠨ ᠴᠢᠬᠤᠯᠠ ᠨᠢᠬᠡᠨ ᠪᠠᠶᠠᠷ ᠳᠤᠷᠠᠰᠬᠠᠯ ᠤᠨ ᠡᠳᠦᠷ ᠪᠤᠯᠬᠤ ᠮᠦᠷᠳᠡᠬᠡᠨ ᠮᠤᠩᠭᠤᠯ ᠰᠤᠶᠤᠯ ᠤᠨ ᠴᠢᠬᠤᠯᠠ ᠪᠦᠷᠢᠯᠳᠦᠬᠦᠨ ᠬᠡᠰᠡᠭ ᠨᠢ ᠪᠤᠯᠤᠨ᠎ᠠ ᠬᠡᠳᠡᠭ ᠢ ᠳᠤᠳᠤᠷᠬᠠᠢ ᠮᠡᠳᠡᠵᠦ ᠪᠤᠯᠬᠤ ᠪᠢᠯᠡ ᠁   ︽ᠳᠤᠯᠢ︾ ᠳᠤ᠂ ︽ᠶᠡᠭᠡ ᠭᠠᠯ ᠳᠠᠬᠢᠯᠭ᠎ᠠ︾ ᠶᠢᠨ ᠵᠠᠩ ᠦᠢᠯᠡ ᠨᠢ᠂ ᠠᠯᠢ ᠤᠵᠠᠭᠤᠷ ᠠᠴᠠ ᠡᠬᠦᠰᠴᠦ ᠤᠯᠠᠮᠵᠢᠯᠠᠨ ᠢᠷᠡᠭᠰᠡᠨ ᠴᠦ ︽13 ᠳ᠋ᠤᠭᠠᠷ ᠵᠠᠭᠤᠨ ᠤ ᠳᠤᠮᠳᠠᠴᠢ ᠦᠶ᠎ᠡ ᠪᠤᠯᠳᠠᠯ᠎ᠠ ᠭᠠᠯ ᠳᠠᠬᠢᠬᠤ ᠳᠤᠭᠳᠠᠭᠰᠠᠨ ᠰᠠᠷ᠎ᠠ ᠡᠳᠦᠷ ᠪᠠᠶᠢᠭᠰᠠᠨ ᠦᠬᠡᠢ︾᠂ ︽ᠪᠢᠯᠢᠭ ᠤᠨ ᠤᠯᠠᠷᠢᠯ ᠤᠨ ᠡᠪᠦᠯ ᠤᠨ ᠰᠡᠬᠦᠯ ᠰᠠᠷ᠎ᠠ ᠶᠢᠨ ᠬᠤᠷᠢᠳ ᠠᠴᠠ ᠬᠤᠶᠢᠰᠢ ᠭᠠᠯ ᠳᠠᠬᠢᠳᠠᠭ︾᠃ ᠡᠶᠢᠮᠦ ᠠᠴᠠ ︽ᠡᠨᠡ ᠰᠠᠷ᠎ᠠ ᠶᠢᠨ ᠬᠤᠷᠢᠳ ᠢ ᠪᠠᠰᠠ ᠭᠠᠯ ᠤᠨ ᠬᠤᠷᠢᠳ ᠬᠡᠵᠦ ᠬᠡᠯᠡᠳᠡᠭ︾ ⒀ ᠬᠡᠮᠡᠨ ᠳᠡᠮᠳᠡᠭᠯᠡᠵᠦ ᠪᠠᠶᠢᠳᠠᠭ ᠪᠢᠯᠡ᠃             ︽ᠳᠤᠯᠢ︾ ᠳᠤ ᠪᠠᠰᠠ ︽ᠶᠤᠸᠠᠨ ᠤᠯᠤᠰ ᠤᠨ ᠦᠶ᠎ᠡ ᠳᠤ ᠴᠢᠩᠬᠢᠰ ᠤᠨ ᠠᠯᠳᠠᠨ ᠤᠷᠤᠭᠳᠠᠨ ᠢ ︿ᠳᠠᠶᠢᠵᠢ﹀ ᠬᠡᠬᠦ ᠪᠤᠯᠤᠭᠰᠠᠨ ᠳᠤᠯᠠ ᠬᠤᠷᠢᠨ ᠭᠤᠷᠪᠠᠨ ᠪᠠ ᠬᠤᠷᠢᠨ ᠳᠦᠷᠪᠡᠨ ᠳᠤ ᠭᠠᠯ ᠳᠠᠬᠢᠬᠤ ᠶᠤᠰᠤ ᠨᠢ ᠶᠤᠸᠠᠨ ᠤᠯᠤᠰ ᠤᠨ ᠦᠶ᠎ᠡ ᠠᠴᠠ ᠨᠠᠰᠢ ᠪᠤᠢ ᠪᠤᠯᠤᠭᠰᠠᠨ ᠪᠠᠶᠢᠨ᠎ᠠ︾᠂ ︽ᠤᠯᠠᠮᠵᠢᠯᠠᠯ ᠶᠠᠷᠢᠶᠠᠨ ᠳᠤ ᠪᠠᠰᠠ ᠬᠠᠷᠠᠴᠤ ᠠᠶᠢᠯ ᠨᠢ ᠬᠤᠷᠢᠨ ᠭᠤᠷᠪᠠᠨ ᠳᠤ᠂ ᠳᠠᠶᠢᠵᠢ ᠨᠠᠷ ᠬᠤᠷᠢᠨ ᠳᠦᠷᠪᠡᠨ ᠳᠤ ᠭᠠᠯ ᠳᠠᠬᠢᠳᠠᠭ ᠬᠡᠳᠡᠭ︾⒁ ᠬᠡᠮᠡᠨ ᠳᠡᠮᠳᠡᠭᠯᠡᠵᠦ ᠪᠠᠶᠢᠳᠠᠭ ᠰᠠᠨ᠃             ᠡᠨᠡᠬᠦ ᠳᠡᠥᠬᠡ ᠳᠡᠮᠳᠡᠭᠯᠡᠯ ᠢ ᠦᠵᠡᠪᠡᠯ ᠬᠦᠮᠦᠰ ᠲᠤ᠄ ᠬᠤᠪᠢᠯᠠᠢ ᠬᠠᠭᠠᠨ ᠤ ᠦᠶ᠎ᠡ ᠪᠤᠶᠤ ᠳᠡᠬᠦᠨ ᠤ ᠳᠠᠷᠠᠭᠠᠴᠢ ᠶᠢᠨ ᠬᠠᠭᠠᠳ ᠤᠨ ᠦᠶᠡᠰ᠂ ᠶᠠᠭᠠᠬᠢᠭᠠᠳ ᠪᠢᠯᠢᠭ ᠤᠨ ᠤᠯᠠᠷᠢᠯ ᠤᠨ ᠯᠠ ᠰᠠᠷ᠎ᠠ ᠶᠢᠨ ︽ᠬᠤᠷᠢᠨ ᠭᠤᠷᠪᠠᠨ︾᠂ ︽ᠬᠤᠷᠢᠨ ᠳᠦᠷᠪᠡᠨ︾ ᠢ ᠭᠠᠯ ᠳᠠᠬᠢᠬᠤ ᠡᠳᠦᠷ ᠪᠤᠯᠭᠠᠨ ᠰᠤᠩᠭᠤᠨ ᠳᠤᠭᠳᠠᠭᠠᠭᠰᠠᠨ ᠳᠤᠬᠠᠢ ᠳᠤ ᠰᠤᠨᠢᠷᠬᠠᠭᠰᠠᠨ ᠠᠰᠠᠭᠤᠳᠠᠯ ᠢ ᠳᠦᠷᠦᠭᠳᠡᠬᠦᠯᠬᠦ ᠨᠢ ᠯᠠᠪᠳᠠᠢ᠃          ᠡᠨᠡᠬᠦ ᠠᠰᠠᠭᠤᠳᠠᠯ ᠨᠢ ᠪᠠᠷᠤᠭ ᠴᠢᠩᠬᠢᠰ ᠬᠠᠭᠠᠨ ᠨᠢᠬᠡᠨ ᠤᠳᠠᠭᠠᠨ ᠤ ᠳᠠᠶᠢᠨ ᠠᠴᠠ ᠪᠤᠴᠠᠵᠤ ᠢᠷᠡᠬᠡᠳ ︽ᠭᠠᠯ  ᠢᠶᠠᠨ ᠳᠠᠬᠢᠭᠰᠠᠨ︾ ᠳᠤᠬᠠᠢ ᠤᠯᠠᠮᠵᠢᠯᠠᠯ ᠶᠠᠷᠢᠶ᠎ᠠ ᠪᠠᠶᠢᠳᠠᠭ ᠯᠤᠭ᠎ᠠ ᠬᠤᠯᠪᠤᠭ᠎ᠠ ᠲᠠᠢ ᠪᠠᠶᠢᠵᠤ ᠮᠡᠳᠡᠨ᠎ᠡ ᠬᠡᠵᠦ ᠪᠢ ᠪᠤᠳᠤᠬᠤ ᠶᠤᠮ᠃       ᠤᠯᠠᠮᠵᠢᠯᠠᠯ ᠶᠠᠷᠢᠶᠠᠨ ᠳᠤ᠄ ︽ᠴᠢᠩᠬᠢᠰ ᠬᠠᠭᠠᠨ ᠳᠠᠶᠢᠨ ᠳᠤ ᠮᠤᠷᠳᠠᠭᠠᠳ ᠪᠤᠴᠠᠬᠤ ᠦᠶ᠎ᠡ ᠳᠤ ᠤᠷᠢᠳᠠᠢ ᠢᠷᠡᠭᠰᠡᠳ ᠨᠢ ᠬᠤᠷᠢᠨ ᠭᠤᠷᠪᠠᠨ ᠳᠤ ᠭᠠᠯ ᠳᠠᠬᠢᠵᠤ᠂ ᠡᠳᠦᠷ ᠢᠶᠠᠨ ᠠᠳᠡᠬᠦᠷᠡᠬᠡᠳ ᠨᠢᠬᠡ ᠡᠳᠦᠷ ᠬᠤᠴᠤᠷᠴᠤ ᠢᠷᠡᠭᠰᠡᠳ ᠨᠢ ᠬᠤᠷᠢᠨ ᠳᠦᠷᠪᠡᠨ ᠳᠤ ᠭᠠᠯ ᠢᠶᠠᠨ ᠳᠠᠬᠢᠵᠠᠢ︾ ᠬᠡᠳᠡᠭ ⒂ ᠬᠡᠯᠡᠯᠬᠡ ᠪᠠᠶᠢᠳᠠᠭ᠃             ᠡᠶᠢᠮᠦ ᠠᠴᠠ ᠬᠤᠪᠢᠯᠠᠢ ᠬᠠᠭᠠᠨ ᠪᠤᠶᠤ ᠳᠡᠬᠦᠨ ᠤ ᠳᠠᠷᠠᠭᠠᠴᠢ ᠶᠢᠨ ᠬᠠᠭᠠᠳ ᠨᠢ᠂ ᠡᠪᠦᠭᠡ ᠳᠡᠬᠡᠳᠦ ᠴᠢᠩᠬᠢᠰ ᠬᠠᠭᠠᠨ ᠤ ᠪᠠᠨ ᠡᠨᠡᠬᠦ ᠳᠡᠥᠬᠡᠨ ᠶᠠᠪᠤᠳᠠᠯ ᠢ ᠳᠤᠷᠠᠰᠬᠠᠨ ᠳᠡᠮᠳᠡᠭᠯᠡᠵᠦ ᠦᠯᠡᠳᠡᠬᠡᠬᠦ ᠶᠢᠨ ᠳᠦᠯᠦᠬᠡ ᠪᠢᠯᠢᠭ  ᠤᠨ ᠤᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ᠂ ᠬᠤᠷᠢᠨ ᠳᠦᠷᠪᠡᠨ ᠢᠶᠠᠷ ︽ᠶᠡᠭᠡ ᠭᠠᠯ ᠳᠠᠬᠢᠯᠭ᠎ᠠ︾ ᠶᠢᠨ ᠰᠠᠷ᠎ᠠ ᠪᠤᠯᠭᠠᠨ ᠰᠤᠩᠭᠤᠨ ᠳᠤᠭᠳᠠᠭᠠᠭᠰᠠᠨ ᠪᠤᠯᠤᠯᠴᠠᠭ᠎ᠠ ᠶᠡᠭᠡ ᠬᠡᠵᠦ ᠤᠯᠳᠤᠢ ᠪᠢ ᠳᠦᠬᠦᠮᠬᠡᠨ ᠪᠤᠳᠤᠬᠤ ᠶᠤᠮ᠃ ᠡᠨᠡ ᠪᠤᠯ ᠵᠦᠪᠬᠡᠨ ᠳᠠᠭᠠᠮᠠᠭᠯᠠᠯ ᠪᠤᠯᠬᠤ ᠳᠤᠯᠠ ᠡᠷᠬᠢᠮ ᠤᠩᠰᠢᠭᠴᠢᠳ ᠤᠨ ᠢᠶᠠᠨ ᠶᠠᠷᠢᠵᠤ ᠳᠠᠶᠢᠯᠪᠤᠷᠢᠯᠠᠵᠤ ᠦᠭᠬᠦ  ᠳᠤ ᠯᠠ ᠬᠦᠰᠡᠨ ᠨᠠᠶᠢᠳᠠᠰᠤᠭᠠᠢ᠃            ᠵᠡᠬᠦᠯᠳᠡ᠄       ⑴ —⒂ ︽ᠮᠤᠩᠭᠤᠯ ᠵᠠᠩ ᠦᠢᠯᠡ ᠶᠢᠨ ᠨᠡᠪᠳᠡᠷᠬᠡᠢ ᠳᠤᠯᠢ︾ ﹇ᠤᠶᠤᠨ ᠤ ᠪᠤᠳᠢ﹈ ᠂ ︽ᠶᠡᠭᠡ ᠭᠠᠯ ᠳᠠᠬᠢᠯᠭ᠎ᠠ︾ ᠶᠢᠨ ᠪᠦᠯᠦᠭ ᠲᠤ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号