ᠨᠠᠮᠤᠷ᠂ ᠨᠠᠮᠤᠷ ᠲᠠᠭᠠᠨ ᠢᠷᠡᠨ᠎ᠡ
ᠨᠡᠶᠢᠲᠡᠯᠡᠭᠰᠡᠨ ᠴᠠᠭ᠄
2019-01-04
 ᠰᠢᠪᠰᠢᠭᠤᠳ ᠨᠠᠷᠡᠨ           ᠨᠠᠮᠤᠷ᠂ ᠨᠠᠮᠤᠷ ᠲᠠᠭᠠᠨ ᠢᠷᠡᠨ᠎ᠡ                           ᠲᠤᠯ ᠲᠡᠭᠷᠢ ᠴᠡᠩᠬᠡᠷᠯᠡᠨ ᠬᠢᠯᠠᠯᠵᠠᠭᠠᠳ ᠬᠠᠷᠠᠭᠠᠨ ᠤ ᠦᠵᠦᠬᠦᠷ ᠠᠴᠠ ᠨᠠᠮᠤᠷ ᠨᠠᠮ᠎ᠠ ᠳᠤ ᠢᠷᠡᠨ᠎ᠡᠲᠤᠩᠭᠠᠯᠠᠭ ᠴᠠᠭᠠᠨ ᠡᠬᠦᠯᠡᠰ ᠲᠡᠭᠷᠢ ᠲᠦᠬᠦᠷᠡᠩ ᠬᠦᠪᠦᠯᠵᠡᠭᠡᠳ ᠨᠢᠰᠬᠦ ᠪᠠᠷ᠎ᠠ ᠪᠠᠷ ᠨᠢ ᠨᠠᠮᠤᠷ ᠨᠤᠳᠤᠭ ᠲᠤ ᠢᠷᠡᠨ᠎ᠡᠲᠤᠤᠯᠢ ᠶᠢᠨ ᠰᠠᠯᠬᠢ ᠠᠭᠤᠯᠡᠰ ᠬᠡᠳᠦᠯᠤᠨ ᠦᠬᠡᠳᠡᠯᠡᠵᠦ ᠠᠶᠢᠰᠦᠢ ᠴᠤᠤᠷᠢᠶ᠎ᠠ ᠪᠠᠷ ᠨᠠᠮᠤᠷ ᠡᠬᠦᠳᠡᠨ ᠳᠤ ᠢᠷᠡᠨ᠎ᠡᠲᠤᠭᠤᠶᠢᠬᠠᠨ ᠤᠷᠭᠤᠵᠤ ᠪᠠᠶᠢᠭᠰᠠᠨ ᠡᠪᠡᠰᠦ ᠴᠡᠴᠡᠭ ᠲᠤᠯᠤᠭᠠᠢ ᠬᠠᠶᠠᠯᠠᠨ ᠬᠠᠯᠢᠭᠤᠷᠠᠵᠤ ᠨᠠᠮᠤᠷ ᠦᠨᠳᠦᠰᠦᠨ ᠳᠤ ᠢᠷᠡᠨ᠎ᠡᠲᠤᠰᠤᠨ ᠲᠠᠷᠭᠤ ᠲᠠᠢ ᠨᠠᠮᠤᠷ ᠲᠡᠯᠡᠬᠡᠢ ᠶᠢᠨ ᠡᠪᠦᠷ ᠲᠦᠬᠦᠷᠭᠡᠵᠦ ᠤᠷᠴᠢᠯᠡᠩ ᠬᠦᠮᠦᠷᠬᠡ ᠲᠦᠬᠦᠷᠡᠩ ᠪᠤᠯᠤᠨ᠎ᠠᠲᠤᠶᠠᠭ᠎ᠠ ᠲᠠᠳᠠᠭᠰᠠᠨ ᠲᠡᠨᠵᠢ ᠠᠴᠠ ᠲᠠᠪᠤᠨ ᠬᠤᠰᠢᠭᠤ ᠴᠦᠷᠬᠡᠯᠡᠵᠦ ᠨᠠᠮᠤᠷᠵᠢᠶᠠᠨ ᠤ ᠡᠩᠬᠡᠷ ᠲᠠᠨᠠᠭᠠᠷ ᠰᠦᠷᠯᠢᠭ ᠪᠤᠯᠤᠨ᠎ᠠᠲᠠᠭᠤᠤ ᠰᠢᠯᠦᠭ ᠮᠡᠳᠦ ᠰᠡᠳᠬᠢᠯ  ᠬᠡᠬᠡᠯᠵᠡᠬᠡᠳ ᠬᠤᠯᠠ ᠶᠢᠨ ᠮᠦᠷᠦᠭᠡᠳᠦᠯ ᠳᠤ ᠴᠠᠯᠬᠢᠵᠦ ᠨᠠᠮᠤᠷ ᠰᠡᠳᠬᠢᠯ ᠳᠤ ᠢᠷᠡᠨ᠎ᠡ ᠨᠠᠪᠴᠢᠰ ᠡᠯᠢᠬᠡᠨ ᠠᠴᠠ ᠪᠠᠨ ᠤᠯᠠᠶᠢᠵᠦ ᠨᠠᠷᠠ ᠰᠠᠷᠠ ᠬᠤᠶᠠᠷ ᠭᠡᠷᠡᠯ ᠶᠦᠭᠡᠨ ᠶᠡᠬᠦᠯᠡᠵᠦ ᠨᠠᠮᠤᠷ ᠪᠤᠯᠤᠨ᠎ᠠ ᠨᠠᠢᠮᠠᠨ ᠵᠦᠭ ᠠᠴᠠ ᠵᠢᠪᠡᠷ ᠬᠠᠯᠬᠢᠵᠦ ᠭᠤᠯᠢᠶ᠎ᠠ ᠶᠢᠨ ᠲᠠᠭᠤᠨ ᠰᠠᠯᠬᠢ ᠵᠠᠭᠤᠵᠤ ᠲᠤᠯᠤᠭᠠᠳ ᠨᠠᠮᠤᠷᠵᠢᠨ᠎ᠠᠨᠠᠭᠤᠷ ᠪᠦᠷᠢᠳᠦ ᠪᠠᠷ ᠵᠡᠭᠡᠰᠤ ᠬᠤᠯᠤᠰᠤ ᠤᠳᠤᠯ ᠵᠠᠯᠠᠭ᠎ᠠ ᠪᠠᠨ ᠲᠦᠯᠬᠢᠵᠦ ᠤᠷᠭᠤᠵᠤ ᠬᠦᠢᠴᠡᠭᠰᠡᠨ ᠠᠩᠬᠢᠷ ᠪᠤᠯᠤᠨ᠎ᠠ ᠨᠤᠮᠢᠨ ᠬᠦᠬᠡ ᠲᠦᠬᠦᠯ ᠵᠠᠬ᠎ᠠ ᠠᠴᠠ ᠪᠠᠨ ᠰᠢᠷᠭᠠᠯᠳᠤᠭᠠᠳ ᠦᠵᠡᠰᠬᠦᠯᠡᠩ ᠪᠦᠬᠦᠨ ᠤ ᠦᠨᠢᠷ ᠪᠤᠯᠤᠨ᠎ᠠ ᠨᠤᠭᠤᠨ ᠬᠦᠪᠡᠬᠦᠳ‌ᠦᠰᠴᠦ ᠬᠤᠯᠠ ᠶᠢᠨ ᠠᠶᠠᠨ ᠳᠤ ᠮᠤᠷᠳᠠᠭᠠᠳ ᠬᠤᠷᠭᠤᠳᠠᠭᠰᠠᠨ ᠪᠠᠷ᠎ᠠ ᠪᠠᠷ ᠨᠢ ᠪᠠᠭᠤᠴᠠ ᠡᠵᠡᠬᠦᠶᠢᠷᠡᠨ᠎ᠡ ᠨᠤᠴᠤᠵᠤ ᠲᠡᠯᠭᠡᠷᠡᠭᠰᠡᠨ ᠵᠠᠯᠠᠭᠤ ᠨᠠᠰᠤ ᠨᠠᠮᠤᠷ ᠲᠠᠭᠠᠵᠤ ᠶᠠᠪᠤᠭᠠᠳ ᠬᠤᠯᠠᠳᠬᠤ ᠲᠤᠳᠤᠮ ᠬᠠᠶᠢᠷ᠎ᠠ ᠪᠤᠯᠤᠨ᠎ᠠ ᠨᠤᠶᠠᠨ ᠴᠡᠩᠬᠡᠷ ᠨᠠᠮᠤᠷ᠂ ᠨᠠᠮᠤᠷ ᠵᠦᠭ ᠢᠶᠠᠨ ᠵᠢᠩᠬᠢᠨᠡᠵᠦ ᠵᠦᠭ ᠪᠦᠬᠦᠨ ᠤᠶᠢᠳᠬᠠᠷ ᠪᠤᠯᠤᠨ᠎ᠠ ᠵᠠᠭᠤᠨ ᠵᠠᠭᠤᠨ ᠢ ᠲᠤᠭᠤᠴᠠᠵᠤ ᠨᠠᠮᠤᠷ ᠨᠢ ᠨᠠᠮᠤᠷ ᠲᠠᠭᠠᠨ ᠢᠷᠡᠨ᠎ᠡ ᠵᠢᠪᠡᠷ ᠵᠠᠩᠬᠢᠷᠡᠨ‌‍ᠰᠡᠶᠢᠭᠡᠵᠦ ᠡᠪᠡᠰᠦᠨ ᠰᠦᠯ ᠦᠷᠯᠦᠭᠡ ᠶᠢ ᠡᠪᠬᠡᠵᠦ ᠦᠷᠡᠯᠡᠵᠦ ᠢᠷᠡᠨ᠎ᠡ ᠵᠢᠰᠢᠬᠦᠦ ᠲᠤᠰᠤᠭᠰᠠᠨ ᠨᠠᠷᠠ ᠬᠠᠯᠬᠢᠭᠰᠠᠨ ᠢᠯᠴᠢ ᠲᠦᠬᠡᠬᠡᠵᠦ ᠦᠷ᠎ᠡ ᠲᠠᠷᠢᠶ᠎ᠠ ᠦᠵᠦᠬᠦᠷ ᠠᠴᠠ ᠪᠠᠨ ᠪᠤᠯᠪᠠᠰᠤᠷᠠᠵᠤ ᠢᠷᠡᠨ᠎ᠡ ᠵᠢᠷᠭᠠᠯ ᠪᠠᠳᠠᠷᠠᠭᠰᠠᠨ ᠵᠤᠨ ᠵᠦᠭ ᠪᠦᠬᠦᠨ ᠠᠴᠠ ᠬᠠᠷᠢᠵᠦ ᠨᠠᠮᠤᠷ ᠨᠠᠪᠴᠢᠰ ᠤᠨ ᠦᠩᠬᠡ ᠪᠠᠷ ᠮᠦᠷᠦᠬᠡᠳᠦᠯ ᠪᠤᠯᠤᠨ᠎ᠠ ᠵᠢᠷᠬᠢᠯᠳᠦᠭᠰᠡᠨ ᠲᠡᠭᠳᠡᠭᠡᠬᠡᠢ ᠦᠳᠦ ᠨᠢ ᠬᠠᠳᠠᠭᠤᠷᠠᠵᠤ ᠰᠢᠪᠠᠭᠤᠳ ᠤᠨ ᠨᠡᠬᠦᠳᠡᠯ ᠡᠬᠢᠯᠡᠭᠡᠳ ᠵᠢᠯᠭ᠎ᠠ ᠶᠡᠭᠡ ᠤᠭᠳᠠᠷᠭᠤᠢ ᠶᠢᠨ ᠬᠦᠨ ᠬᠦᠭ  ᠤᠶᠠᠷᠠᠯ ᠲᠦᠬᠦᠷᠡᠩ ᠨᠢᠯᠪᠤᠰᠤᠨ ᠪᠤᠯᠤᠨ᠎ᠠ ᠵᠢᠩᠬᠢᠨᠡᠭᠰᠡᠨ ᠬᠦᠬᠡ ᠴᠤᠤᠷᠢᠶᠠᠨ ᠳᠤᠨᠢ ᠬᠠᠶᠢᠷ᠎ᠠ ᠤᠷᠭᠤᠵᠤ ᠬᠦᠭᠵᠢᠮ ᠪᠤᠯᠤᠨ᠎ᠠ ᠡᠮᠡᠭᠡ ᠮᠢᠨᠢ ᠡᠯᠦᠨᠴᠡ ᠪᠤᠯᠬᠤ ᠭᠡᠵᠦ ᠨᠠᠮᠤᠷ ᠲᠤᠭᠠᠯᠠᠵᠤ ᠪᠤᠷᠬᠠᠨ ᠪᠤᠯᠤᠨ᠎ᠠ ᠡᠩᠬᠦᠷᠠᠢ ᠦᠷ᠎ᠡ ᠮᠢᠨᠢ ᠡᠷ᠎ᠡ ᠪᠤᠯᠬᠤ ᠭᠡᠵᠦ ᠨᠠᠮᠤᠷ ᠢ ᠮᠦᠷᠦᠭᠡᠳᠴᠦ ᠤᠮᠤᠭᠯᠠᠩ ᠪᠤᠯᠤᠨ᠎ᠠ ᠢᠰᠢᠭᠡᠨ ᠬᠤᠩᠭᠤᠷ ᠬᠡᠤᠬᠡᠨᠴᠤᠳ ᠴᠡᠴᠡᠨ ᠪᠤᠯᠬᠤ ᠭᠡᠵᠦ ᠨᠠᠮᠤᠷ ᠵᠦᠭ ᠵᠢᠳᠬᠦᠵᠦ ᠬᠠᠳᠤᠨ ᠪᠤᠯᠤᠨ᠎ᠠ ᠢᠳᠡᠷ ᠬᠠᠩᠭᠠᠯ ᠵᠠᠯᠠᠭᠤᠰ ᠡᠷᠳᠡᠮ ᠲᠡᠬᠦᠰ ᠪᠤᠯᠬᠤ ᠬᠡᠵᠦ ᠨᠠᠮᠤᠷ ᠨᠠᠮᠤᠷ ᠢᠶᠠᠷ ᠪᠤᠯᠪᠠᠰᠤᠷᠠᠵᠤ ᠬᠠᠰᠢᠷ ᠪᠤᠯᠤᠨ᠎ᠠ ᠡᠷᠬᠡ ᠤᠷᠴᠢᠯᠠᠩ ᠤᠶᠠᠬᠠᠨ ᠪᠤᠯᠬᠤ ᠭᠡᠵᠦ ᠨᠠᠮᠤᠷ ᠵᠦᠭ ᠡᠷᠬᠢᠵᠦ ᠤᠷᠴᠢᠵᠦ ᠲᠡᠯᠭᠡᠷᠡᠩᠬᠦᠢ ᠪᠤᠯᠤᠨ᠎ᠠ ᠡᠭᠡᠯᠬᠡᠨ ᠪᠤᠷᠤ ᠴᠢᠯᠠᠭᠤᠳ ᠠᠭᠤᠯᠠ ᠪᠤᠯᠬᠤ ᠭᠡᠵᠦ ᠦᠨᠢ ᠡᠷᠳᠡᠨ ᠢ ᠲᠡᠮᠳᠡᠭᠯᠡᠵᠦ ᠨᠠᠮᠤᠷ ᠤᠨ ᠲᠠᠭᠤᠤ ᠲᠠᠢ ᠲᠤᠤᠯᠢᠰ ᠪᠤᠯᠤᠨ᠎ᠠ ᠡᠬᠡ ᠲᠡᠯᠡᠬᠡᠢ ᠦᠨᠢᠷ ᠪᠤᠯᠬᠤ ᠬᠡᠵᠦ ᠡᠬᠢᠯᠡᠵᠦ ᠪᠠᠰᠠ ᠡᠬᠢᠯᠡᠵᠦ ᠨᠠᠮᠤᠷ ᠰᠢᠭ᠋ ᠢᠶᠠᠨ ᠦᠨᠢᠳᠡ ᠶᠢᠨ ᠪᠤᠯᠤᠨ᠎ᠠ ᠨᠠᠮᠤᠷ ᠨᠠᠮᠤᠷ ᠲᠠᠭᠠᠨ ᠪᠤᠴᠠᠵᠤ ᠭᠠᠯᠠᠭᠤᠳ‌ᠨᠡᠬᠦᠳᠡᠯ ᠳᠡᠭᠡᠨ ᠵᠡᠯᠡᠯᠡᠵᠦ ᠭᠠᠭᠴᠠᠭᠠᠷᠳᠠᠯ ᠰᠡᠳᠬᠢᠯ ᠳᠤ ᠦᠯᠡᠳᠡᠨ᠎ᠡ ᠨᠠᠷᠠ ᠭᠡᠷᠡᠯ ᠲᠤᠳᠤᠷ᠎ᠠ ᠪᠠᠨ ᠪᠤᠴᠠᠵᠤ ᠡᠳᠦᠷ ᠪᠤᠭᠤᠨᠢᠰᠣᠨ ᠤᠶᠢᠳᠬᠠᠷ ᠦᠨᠳᠦᠷᠯᠡᠵᠦ ᠪᠢ ᠡᠮᠡᠭᠡ ᠪᠤᠯᠤᠨ᠎ᠠ ᠨᠠᠶᠢᠭᠤᠯ ᠰᠠᠶᠢᠭᠤᠯ ᠡᠪᠡᠰᠦ ᠴᠡᠴᠡᠭ ᠦᠷᠡᠯᠡᠵᠦ ᠲᠦᠯᠵᠢᠵᠦ ᠡᠬᠡ ᠭᠠᠵᠠᠷ ᠦᠭᠬᠢᠶᠡᠵᠢ ᠪᠤᠯᠤᠨ᠎ᠠ ᠨᠠᠶᠢᠷ ᠬᠠᠶᠢᠷ᠎ᠠ ᠵᠦᠭ ᠪᠦᠬᠦᠨ ᠠᠴᠠ ᠢᠷᠡᠵᠦ ᠪᠤᠴᠠᠵᠤ ᠢᠯᠡ ᠲᠠᠯᠳᠠ ᠶᠢᠨ ᠨᠢᠭᠤᠴᠠ ᠪᠤᠯᠤᠨ᠎ᠠ ᠨᠢᠬᠦᠯ ᠪᠤᠶᠠᠨ ᠭᠠᠵᠠᠷ ᠪᠦᠬᠦᠨ ᠠᠴᠠ ᠯᠠᠪᠰᠠᠵᠤ ᠰᠠᠶᠢᠨ ᠮᠠᠭᠤᠳᠣ ᠶᠢᠷᠳᠢᠨᠴᠦ ᠰᠠᠪᠠ ᠲᠦᠬᠦᠷᠡᠩ ᠪᠤᠯᠤᠨ᠎ᠠ ᠨᠠᠷᠮᠠᠢ ᠲᠡᠬᠦᠰ ᠠᠮᠢᠳᠤᠷᠠᠯ ᠵᠤᠪᠠᠵᠤ ᠵᠦᠳᠡᠵᠦ ᠪᠠᠰᠠ ᠵᠢᠷᠭᠠᠵᠤ ᠨᠠᠮᠤᠷ ᠠᠴᠠ ᠨᠠᠮᠤᠷ ᠤᠷᠤᠭᠤ ᠮᠦᠩᠭᠡ ᠪᠤᠯᠤᠨ᠎ᠠ ᠨᠠᠮᠠᠢᠢ ᠪᠦᠦᠪᠠᠶᠢᠯᠠᠭᠰᠠᠨ ᠲᠡᠯᠡᠬᠡᠢ ᠬᠠᠶᠢᠷ᠎ᠠ ᠠᠴᠠ ᠬᠠᠶᠢᠷ᠎ᠠ ᠪᠤᠯᠵᠤ ᠢᠷᠠᠭᠤ ᠨᠠᠶᠢᠷᠠᠭ ᠠᠩᠬᠢᠯᠤᠮ᠎ᠠ ᠪᠤᠯᠤᠨ᠎ᠠ ᠤᠰᠤ ᠤᠰᠤᠨ ᠢᠶᠠᠨ ᠦᠬᠡᠶᠢᠯᠡᠵᠦ ᠠᠭᠤᠯᠠ ᠶᠢᠨ ᠪᠤᠳᠠᠩ ᠡᠭᠰᠢᠵᠦ ᠦᠷᠯᠦᠬᠡ ᠰᠢᠬᠦᠳᠡᠷᠢ ᠪᠤᠯᠤᠨ᠎ᠠ ᠤᠷᠢᠨ ᠨᠠᠮᠤᠷ ᠠᠶᠠᠰ ᠠᠶᠠᠰ ᠢᠶᠠᠷ ᠱᠤᠤᠬᠢᠵᠦ ᠤᠴᠠᠷᠠᠯ ᠪᠤᠯᠵᠤᠭ᠎ᠠ ᠤᠶᠠᠩᠭ᠎ᠠ ᠪᠤᠯᠤᠨ᠎ᠠ ᠦᠪᠡᠷ ᠦᠪᠡᠷ ᠢ ᠪᠠᠨ ᠦᠬᠡᠶᠢᠯᠡᠵᠦ ᠤᠷᠴᠢᠯᠠᠩ ᠤᠨ ᠬᠦᠮᠦᠨ ᠮᠦᠷᠦᠬᠡᠳᠦᠯ ᠳᠡᠭᠡᠨ ᠲᠤᠭᠳᠤᠯᠵᠤ ᠭᠡᠷᠡᠯ ᠪᠤᠯᠤᠨ᠎ᠠ ᠦᠵᠦᠬᠦᠷ ᠦᠵᠦᠬᠦᠷ ᠲᠡᠭᠡᠨ ᠲᠡᠮᠡᠤᠯᠵᠦ ᠨᠠᠷᠠ ᠰᠠᠷᠠ ᠡᠷᠬᠢᠵᠦ ᠨᠠᠮᠤᠷᠵᠢᠶᠠᠨ ᠳᠤ ᠤᠷᠴᠢᠯᠠᠩ ᠪᠤᠯᠤᠨ᠎ᠠ ᠦᠯᠢᠬᠡᠷ ᠦᠯᠢᠭᠡᠷ ᠲᠡᠭᠡᠨ ᠠᠭᠤᠰᠴᠤ ᠦᠪᠴᠢ ᠰᠢᠷᠭᠠᠯ ᠲᠡᠯᠡᠭᠡᠢ ᠡᠪᠦᠯ ᠤᠨ ᠰᠦᠨᠢ ᠮᠡᠳᠦ ᠪᠤᠭᠤᠷᠤᠯ ᠪᠤᠯᠤᠨ᠎ᠠ ᠡᠬᠡᠰᠢᠭ ᠡᠭᠡᠰᠢᠭ ᠲᠡᠭᠡᠨ ᠬᠦᠭᠯᠡᠵᠦ ᠤᠶᠠᠷᠠᠯ ᠬᠤᠩᠭᠤᠷᠯᠠᠵᠤ ᠮᠢᠨᠦ ᠰᠢᠯᠦᠭ ᠲᠠᠶᠢᠳᠬᠤᠷᠠᠯ ᠪᠤᠯᠤᠨ᠎ᠠ ᠦᠩᠬᠡ ᠦᠩᠭᠡ ᠪᠠᠷ ᠲᠤᠤᠯᠢᠶᠠᠷᠡᠨ ᠦᠦᠷ ᠰᠦᠨᠢ ᠶᠢ ᠬᠡᠯᠬᠢᠵᠦ ᠡᠳᠦᠷ ᠰᠠᠷ᠎ᠠ ᠬᠤᠶᠠᠷ ᠵᠢᠷᠤᠬᠠᠢ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号