ᠫᠠᠷᠵᠢ ᠣᠷᠬᠢᠬᠤ ᠶᠣᠰᠣ
ᠨᠡᠶᠢᠲᠡᠯᠡᠭᠰᠡᠨ ᠴᠠᠭ᠄
2019/10/17
ᠮᠣᠳᠣᠨ ᠠᠶᠠᠭ᠎ᠠ ᠪᠠᠨ ᠵᠡᠭᠦᠨ ᠭᠠᠷ ᠤᠨ ᠢᠶᠠᠨ ᠠᠯᠠᠭᠠᠨ ᠳᠡᠭᠡᠷ᠎ᠡ ᠲᠡᠯᠪᠢᠵᠣ᠂ ᠵᠢᠷᠭᠤᠭᠠᠨ ᠦᠷᠢᠯ ᠢᠶᠠᠨ ᠪᠦᠭᠦᠳᠡ  ᠶᠢ ᠪᠠᠷᠠᠭᠤᠨ ᠭᠠᠷ ᠢᠶᠠᠷ ᠠᠪᠴᠣ ᠨᠦᠭᠦᠭᠡ ᠮᠣᠳᠣᠨ ᠠᠶᠠᠭᠠᠨ ᠲᠣᠳᠣᠷ᠎ᠠ ᠣᠷᠬᠢᠳᠠᠭ᠃ ᠡᠭᠦᠨ ᠢ ᠲᠡᠷᠣᠢ ︽ᠫᠠᠷᠵᠢ ᠴᠣᠬᠢᠬᠤ︾ ᠪᠣᠶᠣ ︽ᠫᠠᠷᠵᠢ ᠣᠷᠬᠢᠬᠤ︾ ᠭᠡᠵᠣ ᠬᠡᠯᠡᠳᠡᠭ᠃ ︽ᠮᠣᠷᠢ ᠱᠠᠩᠨᠠᠬᠤ︾ ᠪᠣᠯᠣᠨ ︽ᠮᠣᠷᠢ ᠴᠣᠬᠢᠬᠤ︾  ᠠᠴᠠ ᠪᠣᠰᠣᠳ ᠦᠶ᠎ᠡ ᠳᠤ ᠨᠢᠭᠡ ᠬᠦᠮᠦᠨ ᠨᠢᠭᠡ ᠯᠠ ᠣᠳᠠᠭ᠎ᠠ ᠣᠷᠬᠢᠭᠠᠳ ᠲᠠᠷᠡᠭᠠᠬᠢ ᠬᠦᠮᠦᠨ ᠳᠡᠭᠡᠨ ᠣᠷᠬᠢᠭᠤᠯᠣᠨ᠎ᠠ᠃ ᠫᠠᠷᠵᠢ ᠣᠷᠬᠢᠬᠤ ᠳᠤ ᠶᠡᠬᠡᠪᠴᠢᠯᠡᠨ ᠭᠤᠷᠪᠠᠨ ᠵᠣᠶᠢᠯ ᠤᠨ ᠠᠷᠭ᠎ᠠ ᠪᠠᠶᠢᠳᠠᠭ᠃ ᠭᠦᠮᠦᠷᠢᠨ ᠴᠣᠬᠢᠬᠤ᠄ ᠵᠢᠷᠭᠤᠭᠠᠨ ᠦᠷᠢᠯ ᠢ ᠪᠠᠷᠠᠭᠤᠨ ᠭᠠᠷ ᠤᠨ ᠠᠯᠠᠭᠠᠨ ᠬᠤᠩᠬᠤᠷ ᠲᠤ ᠪᠦᠭᠡᠮ ᠢᠶᠠᠷ ᠲᠡᠯᠪᠢᠵᠣ ᠪᠠᠶᠢᠭᠠᠳ ᠭᠠᠷ ᠢᠶᠠᠨ ᠳᠡᠭᠡᠷ᠎ᠡ ᠡᠷᠭᠦᠨ ᠣᠭᠵᠣᠮ ᠭᠦᠮᠦᠷᠢᠵᠣ ᠵᠢᠷᠭᠤᠭᠠᠨ ᠦᠷᠢᠯ ᠢᠶᠠᠨ ᠠᠶᠠᠭᠠᠨ ᠲᠣᠳᠣᠷ᠎ᠠ ᠲᠣᠷᠬᠢᠭᠤᠯᠣᠨ ᠦᠰᠦᠷᠬᠡᠭᠦ ᠪᠠᠷ ᠬᠦᠴᠦᠳᠡᠶᠢᠭᠡᠨ ᠣᠷᠬᠢᠮᠠᠭᠴᠠ ᠠᠶᠠᠭᠠᠨ ᠤ ᠠᠮᠠᠰᠠᠷ ᠢ ᠠᠯᠠᠭ᠎ᠠ ᠪᠠᠷ ᠢᠶᠠᠨ ᠪᠢᠳᠡᠭᠦᠯᠡᠨ᠎ᠡ᠃ ᠵᠦᠮᠪᠦᠷᠳᠡᠨ ᠣᠷᠬᠢᠬᠤ᠄ ᠵᠢᠷᠭᠤᠭᠠᠨ ᠦᠷᠢᠯ ᠢ ᠪᠠᠷᠠᠭᠤᠨ ᠭᠠᠷ ᠤᠨ ᠲᠠᠪᠣᠨ ᠬᠤᠷᠣᠭᠤᠨ ᠤ ᠦᠵᠦᠭᠦᠷ ᠲᠣᠳᠣᠷ᠎ᠠ  ᠪᠠᠨ ᠪᠦᠭᠡᠮᠨᠡᠷᠡᠭᠦᠯᠦᠨ ᠪᠠᠷᠢᠵᠣ ᠠᠶᠠᠭᠠᠨ ᠲᠣᠳᠣᠷ᠎ᠠ ᠪᠠᠨ ᠠᠶᠠᠷᠬᠠᠨ ᠣᠷᠬᠢᠨ᠎ᠠ᠃ ᠬᠡᠪᠯᠡᠨ ᠣᠷᠬᠢᠬᠤ᠄ ᠵᠢᠷᠭᠤᠭᠠᠨ ᠦᠷᠢᠯ ᠢ ᠪᠠᠷᠠᠭᠤᠨ ᠭᠠᠷ ᠤᠨ ᠠᠯᠠᠭᠠᠨ ᠬᠤᠩᠬᠤᠷ ᠲᠤ ᠲᠡᠯᠭᠡᠰᠭᠡᠨ ᠲᠡᠯᠪᠢᠵᠣ᠂ ᠪᠠᠭᠤᠯᠭᠠᠬᠤ ᠶᠣᠰᠣᠲᠠᠢ ᠲᠤᠭ᠎ᠠ ᠶᠢ ᠲᠣᠬᠢᠷᠠᠭᠤᠯᠣᠰᠬᠢᠨ ︵ᠲᠡᠭᠡᠭᠰᠢ ᠲᠣᠷᠣᠭᠰᠢ ᠬᠠᠨᠳᠣᠵᠣ ᠪᠠᠭᠤᠬᠤ ᠶᠢ ᠲᠠᠭᠠᠷᠠᠭᠤᠯᠣᠨ︶ ᠮᠣᠳᠣᠨ ᠠᠶᠠᠭ᠎ᠠ ᠪᠠᠨ ᠳᠡᠭᠡᠷ᠎ᠡ ᠠᠴᠠ ᠨᠢ ︵ᠪᠠᠷᠠᠭᠤᠨ ᠭᠠᠷ ᠤᠨ ᠠᠯᠠᠭᠠᠨ ᠳᠡᠭᠡᠷ᠎ᠡ︶ ᠬᠦᠮᠦᠷᠢᠵᠣ ᠪᠠᠶᠢᠭᠠᠳ ᠠᠶᠠᠭ᠎ᠠ ᠲᠠᠢ ᠪᠠᠨ ᠬᠠᠮᠲᠦ ᠠᠯᠭᠤᠷᠬᠠᠨ ᠢᠶᠠᠷ ᠣᠷᠪᠠᠭᠤᠯᠣᠨ ᠣᠷᠬᠢᠨ᠎ᠠ᠃ ᠫᠠᠷᠵᠢ ᠨᠠᠭᠠᠳᠬᠤ ᠬᠦᠮᠦᠰ᠂ ᠦᠪᠡᠷ ᠦᠪᠡᠷ ᠤᠨ ᠲᠣᠷᠠᠰᠢᠯ ᠬᠢᠬᠡᠳ ᠬᠤᠪᠢ ᠣᠯᠬᠤ ᠬᠡᠷᠡᠭᠴᠡᠭᠡ ᠪᠠᠨ ᠦᠨᠳᠦᠰᠦᠯᠡᠵᠣ ᠲᠡᠭᠡᠷᠡᠬᠢ ᠭᠡᠳᠦᠨ ᠠᠷᠭ᠎ᠠ ᠶᠢᠨ ᠠᠯᠢ ᠨᠢᠭᠡᠨ ᠢ ᠰᠣᠩᠭᠤᠨ ᠭᠡᠷᠡᠭᠯᠡᠵᠣ ᠪᠦᠷ ᠪᠣᠯᠳᠠᠭ᠃ ᠫᠠᠷᠵᠢ ᠣᠷᠬᠢᠬᠤ ᠶᠣᠰᠣᠨ ᠳᠤ᠂ ᠨᠢᠭᠡ ᠳᠤ᠂ ᠦᠷᠢᠯ ᠨᠢᠭᠡᠨᠳᠡ ᠠᠶᠠᠭᠠᠨ ᠳᠤ ᠪᠠᠭᠤᠭᠰᠠᠨ ᠤ ᠲᠠᠷᠠᠭ᠎ᠠ ᠠᠶᠠᠭ᠎ᠠ ᠶᠢ ᠬᠦᠳᠡᠯᠭᠡᠨ ᠰᠠᠵᠢᠵᠣ ᠪᠣᠯᠬᠤ ᠦᠭᠡᠢ᠃ ᠬᠤᠶᠠᠷ ᠲᠤ᠂ ᠦᠷᠢᠯ ᠢ ᠶᠠᠭᠠᠬᠢᠵᠣ ᠣᠷᠬᠢᠭᠰᠡᠨ ᠴᠣ᠋ ᠠᠶᠠᠭᠠᠨ ᠤ ᠭᠠᠳᠠᠨ᠎ᠠ ᠣᠨᠠᠭᠠᠵᠣ ᠪᠣᠯᠬᠤ ᠦᠭᠡᠢ᠃ ᠭᠤᠷᠪᠠ ᠳᠤ᠂ ᠨᠢᠭᠡᠨ ᠣᠳᠠᠭ᠎ᠠ ᠶᠢᠨ ᠮᠦᠷᠦᠶᠢᠴᠡᠭᠡᠨ ᠳᠤ ᠨᠢᠭᠡ ᠬᠦᠮᠦᠨ ᠭᠤᠷᠪᠠᠨ ᠣᠳᠠᠭ᠎ᠠ ᠠᠴᠠ ᠢᠯᠡᠭᠦᠣ ᠬᠡᠪᠯᠡᠨ ᠣᠷᠬᠢᠵᠣ ᠪᠣᠯᠬᠤ ᠦᠭᠡᠢ ᠬᠡᠮᠡᠬᠦ ᠲᠦᠷᠢᠮ ᠲᠠᠢ ᠲᠣᠯᠠ ᠲᠡᠭᠦᠨ ᠤ ᠨᠢᠭᠡ ᠶᠢ ᠵᠦᠷᠢᠴᠡᠪᠡᠯ ᠪᠠᠭᠤᠯᠭᠠᠭᠰᠠᠨ ᠲᠤᠭ᠎ᠠ ᠬᠦᠴᠦᠨ ᠦᠭᠡᠢ ᠪᠣᠯᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号